ᠡᠮᠡᠭᠲᠠᠢ ᠵᠣᠴᠢᠨ ᠳᠠᠭᠠᠷᠢᠯᠲᠠ ᠳᠤ ᠤᠴᠠᠷᠠᠨ ᠠᠵᠢᠯ ᠲᠥᠷᠦᠯ ᠤᠨ ᠬᠦᠷᠦᠯᠴᠡᠬᠦ ᠦᠭᠡᠢ ᠲᠠᠯ᠎ᠠ ᠶᠢ ᠢᠯᠡᠷᠡᠭᠦᠯᠵᠦ ᠬᠠᠤᠯᠢ ᠡᠴᠡ ᠪᠠᠭᠤᠳᠠᠯ ᠨᠢ《 ᠠᠮᠤᠷ ᠢ ᠬᠠᠮᠠᠭᠠᠯᠠᠬᠤ ᠡᠭᠦᠷᠭᠡ ᠲᠠᠢ》 ᠭᠡᠵᠦ ᠳᠤᠭᠲᠠᠭᠠᠪᠠ
2016.04.07 ᠲᠣᠰ ᠥᠷᠲᠡᠭᠡᠨ ᠦ ᠨᠠᠢᠷᠠᠭᠤᠯᠤᠭᠴᠢ

4 ᠰᠠᠷ᠎ᠠ ᠶᠢᠨ 5  ᠤ ᠡᠳᠦᠷ ᠂ ᠨᠢᠬᠡ ᠡᠮᠡᠭᠲᠡᠶ ᠶᠢᠨ ᠪᠢᠴᠢᠯ  ᠪᠦᠷᠭᠡ  ᠳᠡᠭᠡᠷ᠎ᠡ  ᠪᠡᠨ ᠢᠯᠡᠷᠬᠡᠢᠯᠡᠬᠦ ᠳᠤ ᠪᠡᠨ ᠲᠡᠷᠡ ᠰᠢᠶᠸ ᠴᠧᠩ ᠢᠶᠡᠷ ᠳᠠᠮᠵᠢᠨ ᠿᠦ ᠵᠢᠶᠠ ᠤᠨ ᠳᠣᠣᠷᠠᠬᠢ ᠪᠡᠭᠡᠵᠢᠩ ᠦᠨ  ᠸᠠᠩ ᠵᠢᠩ798 ᠾᠸ ᠡᠢ ᠪᠠᠭᠤᠳᠠᠯ ᠢ ᠵᠠᠬᠢᠶᠠᠯᠠᠵᠤ᠂ 3  ᠤ ᠣᠷᠣᠶ ᠪᠠᠭᠤᠳᠠᠯ ᠳᠤ ᠲᠠᠨᠢᠯ ᠪᠤᠰᠤ ᠡᠷᠡᠭᠲᠡᠶ ᠶᠢᠨ ᠭᠡᠲᠡᠨ ᠳᠠᠭᠠᠬᠤ᠂ ᠠᠯᠪᠠ ᠪᠠᠷ ᠴᠢᠷᠴᠦ ᠴᠢᠩᠭᠠᠭᠠᠬᠤ ᠂ ᠬᠦᠵᠦᠭᠦᠦ ᠶᠢ ᠨᠢ ᠪᠠᠵᠠᠬᠤ ᠵᠡᠷᠭᠡ ᠦᠢᠯᠡ ᠠᠵᠢᠯᠯᠠᠭ᠎ᠠ ᠳᠤ ᠤᠴᠠᠷᠠᠵᠤ ᠂ ᠪᠦᠬᠦ ᠶᠠᠪᠤᠴᠠ ᠨᠢ 6 ᠮᠢᠨᠦ᠋ᠲ  ᠦᠷᠭᠦᠯᠵᠢᠯᠡᠪᠡ᠃ ᠵᠥᠪᠬᠡᠨ ᠨᠢᠭᠡ ᠯᠡ ᠰᠥᠨᠢ ᠶᠢᠨ ᠬᠣᠭᠤᠷᠤᠨᠳᠤ ᠂ ︱ ᠡᠮᠡᠭᠲᠡᠶ ᠵᠣᠴᠢᠨ ᠾᠸ ᠢ ᠪᠠᠭᠤᠳᠠᠯ ᠳᠤ  ᠤᠤᠯᠭᠠᠯ ᠳᠤ ᠤᠴᠠᠷᠠᠭᠰᠠᠨ ᠂ ︱ ᠡᠨᠡ ᠬᠦ ᠶᠠᠷᠢᠯᠴᠠᠭ᠎ᠠ ᠨᠢ ᠪᠢᠴᠢᠯ ‍  ᠪᠦᠷᠭᠡ   ᠨᠠᠶᠢᠵᠠ ᠶᠢᠨ ᠲᠣᠭᠤᠷᠢᠭ ᠢ ᠪᠦᠷᠬᠦᠭᠰᠡᠨ  ᠪᠠᠢᠯ᠎ᠠ᠃

ᠡᠨᠡ ᠬᠦ ᠬᠡᠷᠡᠭ ᠨᠢ  ᠶᠠᠷᠢᠶ᠎ᠠ ᠬᠡᠯᠡᠯᠴᠡᠭᠡᠨ ᠡᠭᠦᠰᠭᠡᠨ ᠂ ᠬᠠᠮᠤᠭ ᠤᠨ ᠴᠢᠬᠤᠯᠠ ᠨᠢᠭᠡ ᠵᠦᠢᠯ ᠭᠡᠪᠡᠯ ᠂ ᠬᠡᠷᠡᠭ ᠭᠠᠷᠤᠭᠰᠠᠨ ᠭᠠᠵᠠᠷ ᠨᠢ ᠨᠡᠷᠡᠲᠦ  ᠬᠣᠯᠪᠤᠭᠠᠲᠤ ᠪᠠᠭᠤᠳᠠᠯ  ᠪᠠᠢᠪᠠ᠃ ᠡᠳᠦᠷ ᠲᠤᠲᠤᠮ ᠤᠨ ᠠᠮᠢᠳᠤᠷᠠᠯ ᠳᠤᠮᠳᠠ ᠂ ᠮᠠᠰᠢ ᠤᠯᠠᠨ ᠬᠥᠮᠦᠰ ᠠᠯᠪᠠᠨ ᠠᠵᠢᠯ ᠢᠶᠠᠷ ᠭᠠᠳᠠᠭᠰᠢ ᠭᠠᠷᠬᠤ ᠂  ᠵᠤᠭᠠᠴᠠᠵᠤ ᠲᠣᠭᠤᠷᠢᠬᠤ  ᠳᠤ ᠡᠶᠢᠮᠦ ᠳᠦᠷᠦᠯ ᠳᠡᠮᠳᠡᠭ ᠤᠨ  ᠬᠣᠯᠪᠤᠭᠠᠲᠤ ᠪᠠᠭᠤᠳᠠᠯ  ᠳᠤ ᠰᠠᠭᠤᠳᠠᠭ᠃ ᠡᠶᠢᠮᠦ ᠣᠯᠠᠨ ᠨᠡᠶᠢᠲᠡ ᠶᠢᠨ ᠲᠠᠯᠠᠪᠤᠷ ᠂ ᠳᠦᠷᠰᠦ ᠰᠢᠩᠭᠡᠬᠦ ᠬᠢᠨᠠᠨ  ᠡᠵᠡᠮᠳᠡᠭᠦᠷ ᠳᠣᠣᠷ᠎ᠠ ᠢᠯᠡ ᠪᠡᠷ ᠤᠤᠯᠭᠠᠯᠠᠨ᠂ ᠲᠡᠷᠡᠴᠢᠯᠡᠨ ᠲᠡᠳᠦᠢᠴᠢᠨᠡᠨ ᠤᠷᠲᠤ ᠬᠤᠭᠤᠴᠠᠭᠠᠨ ᠳᠤ ᠂ ᠪᠠᠭᠤᠳᠠᠯ ᠤᠨ ᠬᠠᠮᠢᠶ᠎ᠠ ᠪᠦᠬᠦᠢ ᠬᠥᠮᠦᠨ ᠭᠠᠷᠴᠤ  ᠢᠷᠡᠨ᠎ᠡ ᠬᠣᠷᠢᠭᠯᠠᠨ  ᠵᠣᠭᠰᠤᠭᠠᠭᠰᠠᠨ ᠦᠭᠡᠢ  ᠪᠠᠢᠵᠤ᠂ ᠮᠠᠰᠢ ᠣᠯᠠᠨ ᠰᠦᠯᠵᠢᠶᠡᠨ ᠦ ᠨᠠᠶᠢᠵᠠ ᠨᠠᠷ  ᠤᠨ《 ᠨᠠᠷᠢᠯᠢᠭ ᠲᠤᠩᠭᠠᠨ ᠠᠶᠤᠩᠭ᠋ᠤᠷᠢ  ᠲᠦᠷᠥᠭᠳᠡᠬᠦ》ᠨᠢ ᠵᠠᠶᠢᠯᠠᠰᠢ ᠦᠭᠡᠢ ᠶᠤᠮ ᠃

 ᠪᠠᠭᠤᠳᠠᠯ ᠤᠨ ᠵᠣᠴᠢᠳ ᠬᠥᠮᠦᠨ ᠦ ᠪᠡᠶ᠎ᠡ ᠶᠢᠨ ᠠᠮᠤᠷ ᠲᠦᠪᠰᠢᠨ  ᠨᠢ  ᠬᠠᠯᠳᠠᠯᠭ᠎ᠠ ᠳᠤ ᠤᠴᠠᠷᠠᠬᠤ ᠦᠶ᠎ᠡ ᠳᠤ ᠂ ᠪᠠᠭᠤᠳᠠᠯ ᠤᠨ  ᠠᠵᠢᠯᠲᠠᠨ ᠭᠠᠷᠴᠤ ᠢᠷᠡᠨ᠎ᠡ ᠬᠣᠷᠢᠭᠯᠠᠬᠤ ᠴᠢᠬᠤᠯᠠ ᠦᠭᠡᠢ ᠤᠤ︖ ᠪᠠᠭᠤᠳᠠᠯ ᠤᠨ ᠬᠢᠨᠢ ᠬᠠᠷᠢᠭᠤᠴᠠᠯᠭ᠎ᠠ ᠡᠭᠦᠷᠭᠡᠯᠡᠬᠦ ᠦᠭᠡᠢ ᠤᠤ︖

《 ᠬᠡᠷᠡᠭᠯᠡᠭᠴᠢᠳ ᠦᠨ ᠡᠷᠬᠡ ᠠᠰᠢᠭ ᠢ ᠬᠠᠮᠠᠭᠠᠯᠠᠬᠤ ᠬᠠᠤᠯᠢ 》  ᠶᠢᠨ ᠠᠷᠪᠠᠨ ᠨᠠᠶᠮᠠᠳᠤᠭᠠᠷ ᠵᠦᠢᠯ ᠦᠨ ᠲᠣᠭᠲᠠᠭᠠᠯ ᠢ ᠦᠨᠳᠦᠰᠦᠯᠡᠪᠡᠯ ᠂ ᠡᠵᠡᠩᠨᠡᠭᠴᠢ ᠬᠠᠩᠭᠠᠭᠰᠠᠨ ᠲᠠᠸᠠᠷ ᠪᠤᠶᠤ ᠦᠢᠯᠡᠴᠢᠯᠡᠭᠡ ᠨᠢ ᠬᠥᠮᠦᠨ ᠦ ᠪᠡᠶ᠎ᠡ ᠮᠠᠬᠠᠪᠣᠳ ᠂ ᠡᠳ᠋ ᠬᠥᠷᠥᠩᠭᠡ  ᠶᠢᠨ ᠠᠶᠤᠯᠭᠦᠶ ᠶᠢ ᠬᠠᠮᠠᠭᠠᠯᠠᠬᠤ ᠶᠢ ᠱᠠᠭᠠᠷᠳᠠᠭᠰᠠᠨ ᠪᠠᠢᠳᠠᠭ ᠃          

ᠵᠣᠴᠢᠳ ᠤᠨ ᠪᠠᠭᠤᠳᠠᠯ ᠂ ᠬᠤᠳᠠᠯᠳᠤᠭᠠᠨ ᠤ ᠲᠠᠯᠠᠪᠤᠷ ᠂ ᠬᠣᠭᠣᠯᠠᠨ ᠬᠡᠷ ᠂ ᠪᠠᠩᠬᠢ ᠂ ᠨᠢᠰᠬᠡᠯ ᠦᠨ ᠪᠠᠭᠤᠳᠠᠯ ᠂ ᠲᠡᠷᠭᠡᠨ ᠦᠷᠳᠡᠭᠡ ᠂ ᠭᠠᠷᠠᠮ ᠂ ᠺᠢᠨᠣ᠋ ᠵᠦᠴᠦᠭᠡ ᠶᠢᠨ ᠲᠢᠶᠠᠲ᠋ᠷ ᠵᠡᠷᠭᠡ ᠡᠵᠡᠩᠨᠡᠯᠲᠡ ᠶᠢᠨ ᠲᠠᠯᠠᠪᠤᠷ ᠤᠨ ᠡᠵᠡᠩᠨᠡᠭᠴᠢᠳ ᠨᠢ ᠬᠡᠷᠡᠭᠯᠡᠭᠴᠢᠳ  ᠦᠨ ᠠᠮᠤᠷ ᠲᠦᠪᠰᠢᠨ ᠢ ᠪᠠᠲᠤᠯᠠᠬᠤ ᠡᠭᠦᠷᠭᠡ  ᠲᠠᠢ᠃

《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠬᠡ ᠳᠦ ᠬᠠᠯᠳᠠᠭᠰᠠᠨ ᠬᠠᠷᠢᠭᠤᠴᠠᠯᠭ᠎ᠠ ᠶᠢᠨ ᠬᠠᠤᠯᠢ 》  ᠶᠢᠨ ᠭᠤᠴᠢᠨ ᠳᠣᠯᠣᠳᠤᠭᠠᠷ ᠵᠦᠢᠯ ᠳᠦ ᠂ ᠵᠣᠴᠢᠳ ᠤᠨ ᠪᠠᠭᠤᠳᠠᠯ ᠵᠡᠷᠭᠡ ᠣᠯᠠᠨ ᠨᠡᠶᠢᠲᠡ ᠶᠢᠨ ᠲᠠᠯᠠᠪᠤᠷ ᠤᠨ ᠬᠠᠮᠢᠶᠠᠷᠤᠭᠴᠢ ᠪᠤᠶᠤ ᠣᠯᠠᠨ ᠲᠦᠮᠡᠨᠴᠢ ᠴᠢᠨᠠᠷᠲᠠᠶ ᠠᠵᠢᠯᠯᠠᠭ᠎ᠠ ᠶᠢᠨ ᠵᠣᠬᠢᠶᠠᠨ ᠪᠠᠶᠢᠭᠤᠯᠤᠭᠴᠢ ᠨᠢ ᠠᠮᠤᠷ ᠲᠦᠪᠰᠢᠨ ᠢ ᠪᠠᠲᠤᠯᠠᠬᠤ ᠡᠭᠦᠷᠭᠡ ᠪᠡᠨ ᠦᠯᠦ ᠭᠦᠢᠴᠡᠳᠬᠡᠭᠰᠡᠨ ᠡᠴᠡ ᠪᠤᠯᠵᠤ ᠂ ᠪᠤᠰᠤᠳ ᠬᠥᠮᠦᠨ ᠳᠦ ᠬᠣᠬᠢᠷᠠᠯ ᠤᠴᠠᠷᠠᠭᠤᠯᠤᠭᠰᠠᠨ ᠪᠠᠶᠢᠪᠠᠯ ᠂ ᠡᠷᠬᠡ ᠳᠦ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠶ ᠃ ᠭᠤᠷᠪᠠᠳᠠᠬᠢ ᠬᠥᠮᠦᠨ ᠦ ᠠᠵᠢᠯᠯᠠᠭ᠎ᠠ ᠠᠴᠠ ᠪᠣᠯᠵᠦ ᠪᠤᠰᠤᠳ ᠲᠤ ᠬᠣᠬᠢᠷᠠᠯ ᠤᠴᠠᠷᠠᠭᠤᠯᠤᠭᠰᠠᠨ ᠪᠠᠶᠢᠪᠠᠯ ᠂ ᠭᠤᠷᠪᠠᠳᠠᠬᠢ ᠬᠥᠮᠦᠨ ᠨᠢ ᠡᠷᠬᠡ ᠳᠦ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠨ᠎ᠡ ᠃ ᠬᠠᠮᠢᠶᠠᠷᠤᠭᠴᠢ ᠪᠤᠶᠤ ᠵᠣᠬᠢᠶᠠᠨ ᠪᠠᠶᠢᠭᠤᠯᠤᠭᠴᠢ ᠨᠢ ᠠᠮᠤᠷ ᠲᠦᠪᠰᠢᠨ ᠢ ᠪᠠᠲᠤᠯᠠᠬᠤ ᠡᠭᠦᠷᠭᠡ ᠪᠡᠨ ᠭᠦᠢᠴᠡᠳᠬᠡᠭᠰᠡᠨ ᠦᠭᠡᠢ ᠪᠠᠶᠢᠪᠠᠯ ᠂ ᠵᠣᠬᠢᠴᠠᠩᠭᠤᠶ ᠨᠥᠬᠥᠪᠥᠷᠢ ᠶᠢᠨ ᠬᠠᠷᠢᠭᠤᠴᠠᠯᠭ᠎ᠠ ᠡᠭᠦᠷᠭᠡᠯᠡᠨ᠎ᠡ ᠃

ᠬᠠᠤᠯᠢ ᠴᠠᠭᠠᠵᠠ ᠶᠢᠨ ᠦᠢᠯᠡᠳᠦᠯᠭᠡ ᠶᠢᠨ ᠳᠤᠮᠳᠠ ᠂ ᠡᠶᠢᠮᠦ ᠵᠢᠱᠢᠶ᠎ᠡ ᠶᠡᠬᠡ ᠤᠯᠠᠨ  ᠪᠠᠢᠳᠠᠭ ᠃

    2010 ᠣᠨ ᠳᠤ ᠂ ᠵᠧᠵᠢᠶᠠᠩ ᠮᠤᠵᠢ ᠶᠢᠨ ᠬᠠᠩᠵᠧᠦ ᠬᠤᠳ᠋ᠠ ᠶᠢᠨ ᠬᠢᠨ ᠨᠢᠭᠡᠨ ᠪᠠᠭᠤᠳᠠᠯ ᠤᠨ ᠶᠡᠬᠡ ᠲᠢᠩᠬᠢᠮ ᠳᠦ ᠨᠢᠭᠡ ᠵᠣᠴᠢᠨ ᠵᠤᠳᠤᠭᠳᠠᠨ ᠦᠬᠦᠪᠡ ᠃  ᠲᠤᠬᠠᠢ  ᠶᠢᠨ ᠲᠠᠮᠠᠪᠤᠷ ᠲᠤ ᠨᠢ ᠪᠠᠭᠤᠳᠠᠯ ᠤᠨ ᠠᠮᠤᠷ ᠢ ᠬᠠᠮᠠᠭᠠᠯᠠᠬᠤ  ᠠᠵᠢᠯᠲᠠᠨ ᠦᠭᠡᠢ ᠪᠠᠢᠵᠤ᠂ ᠰᠢᠭᠦᠬᠦ ᠬᠣᠷᠢᠶᠠᠨ ᠡᠴᠡ ᠠᠮᠤᠷ ᠲᠦᠪᠰᠢᠨ ᠢ ᠪᠠᠲᠤᠯᠠᠬᠤ ᠡᠭᠦᠷᠭᠡ ᠶᠢ ᠭᠦᠢᠴᠡᠳᠬᠡᠬᠦ ᠦᠶᠡᠰ ᠵᠣᠬᠢᠬᠤ ᠳᠤᠲᠠᠭᠳᠠᠯ ᠣᠷᠣᠰᠢᠵᠤ ᠪᠠᠢᠨ᠎ᠠ ᠭᠡᠵᠦ ᠦᠵᠡᠵᠦ᠂ ᠵᠣᠬᠢᠴᠠᠩᠭᠤᠶ ᠲᠥᠯᠥᠪᠦᠷᠢ ᠶᠢᠨ ᠬᠠᠷᠢᠭᠤᠴᠠᠯᠭ᠎ᠠ ᠡᠭᠦᠷᠭᠡᠯᠡᠵᠦ᠂ ᠪᠠᠭᠤᠳᠠᠯ  ᠡᠴᠡ 20 % ᠶᠢᠨ ᠲᠥᠯᠥᠪᠦᠷᠢ ᠡᠭᠦᠷᠭᠡᠯᠡᠬᠦ ᠪᠡᠷ ᠰᠢᠭᠦᠨ ᠲᠠᠰᠤᠯᠠᠪᠠ ᠃

2012 ᠣᠨ ᠳᠤ ᠂ ᠱᠠᠨᠰᠢ ᠮᠤᠵᠢ ᠶᠢᠨ ᠢᠦᠶ ᠯᠢᠨ ᠬᠣᠲᠠ  ᠶᠢᠨ ᠨᠢᠭᠡ ᠡᠮᠡᠭᠲᠡᠶ  ᠪᠠᠭᠤᠳᠠᠯ ᠤᠨ ᠥᠷᠥᠭᠡ ᠳᠣᠲᠣᠷ᠎ᠠ ᠬᠥᠮᠦᠨ ᠨᠥᠵᠢᠳᠯᠡᠭᠳᠡᠭᠰᠡᠨ ᠦ  ᠠᠯᠠᠭᠳᠠᠪᠠ᠃ ᠪᠠᠭᠤᠳᠠᠯ ᠤᠨ ᠭᠠᠵᠠᠷ ᠨᠢ ᠡᠷᠬᠡ ᠳᠤ ᠬᠠᠯᠳᠠᠭᠰᠠᠨ ᠬᠥᠮᠦᠨ ᠦ ᠪᠡᠶ᠎ᠡ ᠬᠡᠮ ᠦᠨ ᠮᠡᠳᠡᠭᠡ ᠵᠠᠩᠭᠢ  ᠢ ᠨᠢ ᠳᠠᠩᠰᠤᠯᠠᠭᠰᠠᠨ ᠦᠭᠡᠢ ᠪᠥᠭᠡᠳ ᠶᠠᠮᠠᠷᠴᠤ ᠠᠮᠤᠷ ᠢ ᠬᠠᠮᠠᠭᠠᠯᠠᠬᠤ ᠠᠷᠭ᠎ᠠ ᠬᠡᠮᠵᠢᠶ᠎ᠡ ᠠᠪᠴᠤ ᠶᠠᠯᠠᠲᠤ ᠠᠵᠢᠯᠯᠠᠭ᠎ᠠ ᠡᠭᠦᠰᠬᠦ ᠶᠢ ᠬᠣᠷᠢᠭᠯᠠᠨ ᠵᠣᠭᠰᠤᠭᠠᠭᠰᠠᠨ ᠦᠭᠡᠢ ᠪᠠᠢᠪᠠ᠂ ᠰᠢᠭᠦᠬᠦ ᠬᠣᠷᠢᠶᠠᠨ ᠠᠴᠠ ᠪᠠᠭᠤᠳᠠᠯ ᠢ20 % ᠵᠢᠨ ᠲᠥᠯᠥᠪᠦᠷᠢ ᠶᠢᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠶ  ᠭᠡᠵᠦ ᠰᠢᠭᠦᠨ ᠲᠠᠰᠤᠯᠠᠪᠠ᠃

ᠬᠠᠤᠯᠢ ᠴᠠᠭᠠᠵᠠ ᠶᠢᠨ ᠲᠣᠭᠲᠠᠭᠠᠯ ᠢ ᠦᠨᠳᠦᠰᠦᠯᠡᠪᠡᠯ ᠂ ᠾᠸ ᠢ ᠪᠠᠭᠤᠳᠠᠯ  ᠨᠢ ᠣᠯᠠᠨ ᠨᠡᠶᠢᠲᠡ ᠶᠢᠨ ᠲᠠᠯᠠᠪᠤᠷ ᠤᠨ ᠬᠠᠮᠢᠶᠠᠷᠤᠭᠴᠢ ᠪᠣᠯᠤᠭᠰᠠᠨ ᠤ ᠬᠤᠪᠢ ᠳᠤ ᠂ ᠠᠮᠤᠷ ᠲᠦᠪᠰᠢᠨ ᠦ ᠪᠠᠲᠤᠯᠠᠭ᠎ᠠ ᠬᠠᠩᠭᠠᠬᠤ ᠡᠭᠦᠷᠭᠡ ᠲᠡᠶ  ᠨᠢ ᠲᠣᠳᠤᠷᠬᠠᠢ ᠪᠠᠢᠨ᠎ᠠ᠃ ᠭᠡᠲᠡᠯ᠎ᠡ ᠶᠠᠭᠤᠨ ᠳᠤ ᠬᠡᠷᠡᠭ ᠲᠦ ᠬᠣᠯᠪᠣᠭᠳᠠᠭᠰᠠᠨ ᠡᠷᠡᠭᠲᠡᠶ  ᠪᠠᠭᠤᠳᠠᠯ ᠳᠤ ᠣᠷᠣᠵᠤ  ᠴᠢᠳᠠᠭᠰᠠᠨ ᠪᠤᠢ︖ ᠶᠠᠭᠠᠬᠢᠭᠠᠳ ᠬᠡᠷᠡᠭ ᠭᠠᠷᠬᠤ ᠦᠶᠡᠰ ᠪᠠᠭᠤᠳᠠᠯ ᠤᠨ ᠠᠮᠤᠷ ᠢ ᠬᠠᠮᠠᠭᠠᠯᠠᠬᠤ ᠠᠵᠢᠯᠲᠠᠨ ᠬᠣᠷᠢᠭᠯᠠᠨ ᠵᠣᠭᠰᠣᠭᠠᠬᠤ ᠦᠭᠡᠢ ᠪᠤᠢ ︖ ᠡᠨᠡ ᠤᠳᠠᠭᠠᠨ ᠤ ᠬᠡᠷᠡᠭ ᠂ ᠪᠠᠭᠤᠳᠠᠯ ᠤᠨ ᠠᠵᠢᠯ ᠲᠦᠷᠦᠯ ᠦᠨ ᠬᠠᠮᠢᠶᠠᠷᠤᠯᠲᠠ ᠶᠢᠨ  ᠰᠤᠯᠠ ᠵᠠᠳᠠᠭᠠᠢ ᠦᠵᠡᠭᠳᠡᠯ ᠳᠠᠬᠢᠨᠲᠠ ᠢᠯᠡᠷᠡᠭᠦᠯᠦᠭᠰᠡᠨ ᠪᠠᠶᠢᠨ᠎ᠠ ᠃ ᠬᠡᠳᠦᠶᠢᠪᠡᠷ ᠬᠠᠤᠯᠢ ᠴᠠᠭᠠᠵᠠ ᠳᠤ ᠪᠠᠭᠤᠳᠠᠯ ᠨᠢ 《 ᠠᠮᠤᠷ ᠢ ᠬᠠᠮᠠᠭᠠᠯᠠᠬᠤ ᠡᠭᠦᠷᠭᠡ ᠲᠡᠶ 》 ᠭᠡᠵᠦ ᠳᠤᠭᠲᠠᠭᠠᠭᠰᠠᠨ ᠪᠤᠯᠪᠠᠴᠦ ᠂  ᠤᠯᠠᠨ ᠠᠷᠪᠢᠨ ᠪᠠᠭᠤᠳᠠᠯ  ᠨᠢ ᠬᠠᠷᠢᠨ ᠡᠭᠦᠨ  ᠳᠤ《 ᠵᠡᠭᠦᠨ ᠨᠢᠳᠦ ᠪᠡᠨ ᠨᠡᠭᠡᠭᠡᠵᠦ  ᠪᠠᠷᠠᠭᠤᠨ ᠨᠢᠳᠦ ᠪᠡᠨ  ᠠᠨᠢᠳᠠᠭ 》 ᠃ ᠠᠮᠤᠷ ᠢ ᠬᠠᠮᠠᠭᠠᠯᠠᠬᠤ  ᠲᠤᠭᠳᠠᠭᠠᠯ  ᠨᠢ ᠲᠣᠳᠣᠷᠬᠠᠶ ᠦᠭᠡᠢ ᠂ ᠳᠦᠷᠰᠦ ᠰᠢᠩᠭᠡᠬᠦ ᠡᠵᠡᠮᠳᠡᠭᠦᠷ ᠨᠢ ᠡᠪᠳᠡᠷᠡᠵᠦ ᠂ ᠠᠵᠢᠯᠲᠠᠨ ᠤ ᠬᠠᠮᠢᠶᠠᠷᠤᠯᠲᠠ ᠨᠢ ᠰᠤᠯᠠ ᠪᠠᠭᠤᠷᠠᠶ ᠵᠡᠷᠭᠡ ᠠᠰᠠᠭᠤᠳᠠᠯ ᠭᠠᠵᠠᠷ ᠪᠣᠯᠭᠠᠨ ᠳᠤ ᠬᠠᠷᠠᠭᠳᠠᠳᠠᠭ ᠃ 《 ᠠᠮᠤᠷ ᠲᠦᠪᠰᠢᠨ 》 ᠪᠣᠯᠤᠨ 《 ᠡᠷᠡᠭᠦᠯ ᠬᠠᠮᠠᠭᠠᠯᠠᠯ 》 ᠨᠢ ᠪᠠᠭᠤᠳᠠᠯ ᠤᠨ ᠲᠡᠷᠢᠭᠦᠨ ᠴᠢᠬᠤᠯᠠ ᠡᠭᠦᠷᠭᠡ ᠮᠥᠨ ᠂ ᠵᠣᠴᠢᠨ ᠤ ᠠᠮᠤᠷ ᠲᠦᠪᠰᠢᠨ ᠢ ᠪᠠᠲᠤᠯᠠᠵᠤ ᠳᠡᠶᠢᠯᠬᠦ ᠦᠭᠡᠢ ᠪᠠᠢᠭᠠᠳ᠂ ᠪᠠᠰᠠ ᠬᠡᠷᠬᠢᠨ ᠦᠢᠯᠡᠴᠢᠯᠡᠭᠡ ᠪᠠ ᠬᠠᠮᠢᠶᠠᠷᠤᠯᠲᠠ  ᠶᠢ ᠶᠠᠷᠢᠬᠤ ᠪᠤᠢ︖ ᠬᠡᠷᠡᠭ ᠦᠨ ᠳᠠᠷᠠᠭ᠎ᠠ ᠂ ᠿᠦ ᠵᠢᠶᠠ ᠪᠠᠭᠤᠳᠠᠯ ᠤᠨ  ᠪᠥᠯᠦᠭᠯᠡᠯ ᠤᠨ ᠬᠠᠷᠢᠭᠤ ᠥᠭᠴᠦ ᠬᠡᠯᠡᠬᠦ ᠳᠡᠭᠡᠨ ᠂  ᠡᠨᠡᠬᠦ ᠬᠡᠷᠡᠭ ᠤᠨ ᠡᠭᠦᠰᠦᠭᠰᠡᠨ ᠨᠢ ᠲᠤᠩ ᠬᠠᠷᠠᠮᠰᠠᠯᠲᠠᠶ ᠂ ᠪᠠᠭᠤᠳᠠᠯ ᠤᠨ ᠲᠠᠯ᠎ᠠ ᠡᠴᠡ ᠲᠤᠬᠠᠶ ᠶᠢᠨ ᠭᠠᠵᠠᠷ ᠤᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ  ᠶᠢᠨ ᠪᠠᠢᠴᠠᠭᠠᠯᠲᠠ ᠳᠤ ᠢᠳᠡᠪᠬᠢᠲᠡᠶ  ᠬᠠᠮᠵᠢᠯᠴᠠᠨ᠎ᠠ ᠭᠡᠯ᠎ᠡ᠃ ᠭᠡᠲᠡᠯ᠎ᠡ ᠰᠦᠯᠵᠢᠶᠡᠨ ᠠᠨᠳᠠ  ᠤᠳ ᠡᠨᠡ ᠬᠦ ᠬᠠᠷᠢᠭᠤ  ᠳᠤ ᠲᠡᠢᠮᠦ ᠯᠡ ᠰᠡᠳᠬᠢᠯ ᠬᠠᠩᠬᠤ ᠦᠭᠡᠢ ᠪᠠᠢᠯ᠎ᠠ᠃ ᠡᠭᠦᠨ ᠦ ᠰᠢᠯᠲᠠᠭᠠᠨ ᠨᠢ ᠲᠤᠩ ᠳᠥᠭᠥᠮᠬᠡᠨ ᠂ ᠠᠮᠤᠷ ᠢ ᠬᠠᠮᠠᠭᠠᠯᠠᠬᠤ ᠠᠷᠭ᠎ᠠ ᠬᠡᠮᠵᠢᠶ᠎ᠡ ᠶᠢ ᠬᠡᠷᠬᠢᠨ  ᠴᠢᠩᠭ᠋ᠠᠳᠬᠠᠬᠤ᠂ ᠡᠶᠢᠮᠦᠷᠬᠦ ᠬᠡᠷᠡᠭ ᠢ ᠠᠷᠭᠠᠴᠠᠬᠤ ᠵᠢᠷᠤᠮ ᠢ ᠲᠣᠳᠤᠷᠬᠠᠢ ᠪᠣᠯᠭᠠᠵᠤ ᠂ ᠵᠣᠴᠢᠨ ᠤ ᠠᠮᠤᠷ ᠲᠦᠪᠰᠢᠨ ᠢ ᠪᠠᠲᠤᠯᠠᠬᠤ ᠂ ᠡᠳᠡᠭᠡᠷ ᠪᠣᠯ ᠰᠠᠶ᠋ᠢ ᠪᠠᠭᠤᠳᠠᠯ ᠤᠨ  ᠠᠩᠬᠠᠷᠬᠤ ᠴᠢᠬᠤᠯᠠᠲᠠᠢ ᠭᠣᠣᠯᠳᠠᠯᠭ᠎ᠠ  ᠪᠠᠢᠵᠤ᠂  ᠬᠠᠷᠢᠨ ᠬᠥᠩᠭᠡᠨ ᠬᠠᠭᠤᠳᠠᠮᠬᠠᠢ《  ᠲᠤᠩ ᠬᠠᠷᠠᠮᠰᠠᠯᠲᠠᠶ 》 ᠭᠡᠳᠡᠭ ᠨᠢ ᠦᠭᠡ ᠪᠢᠰᠢ ᠪᠠᠢᠯ᠎ᠠ ᠃

ᠢᠷᠡᠯᠲᠡ ᠄ ᠰᠢᠨ ᠯᠠᠩ ᠰᠢᠭᠦᠬᠦ ᠬᠣᠷᠢᠶ᠎ᠠ ᠰᠤᠪᠠᠭ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )