2014 ᠤᠨ ᠤ7 ᠰᠠᠷ᠎ᠠ ᠶᠢᠨ10 ᠤ ᠡᠳᠦᠷ ᠂ ᠪᠡᠭᠡᠵᠢᠩ ᠦᠨ ᠡᠭᠦᠯᠡᠷᠬᠡᠭ ᠂ ᠲᠥᠪ ᠲᠧᠯᠸᠢᠰ ᠦᠨ ᠨᠡᠷᠡᠲᠦ ᠬᠥᠲᠥᠯᠥᠭᠴᠢ ᠷᠦᠢ ᠴᠧᠩ ᠭᠠᠩ ᠭᠡᠰᠡᠨ ᠲᠡᠮᠳᠡᠭ ᠲᠡᠶ ᠪᠢᠴᠢᠯ ᠪᠦᠷᠭᠡ ᠲᠤᠰ ᠡᠳᠦᠷ ᠣᠷᠤᠢ ᠶᠢᠨ20 ᠴᠠᠭ30ᠮᠢᠨᠤᠲ ᠳᠤ ᠵᠣᠭᠰᠤᠪᠠ᠃ ᠥᠨᠦᠳᠦᠷ ᠪᠠᠷᠤᠭ ᠡᠳᠦᠷ ᠪᠦᠷᠢ ᠪᠢᠴᠢᠯ ᠪᠦᠷᠭᠡ ᠳᠡᠭᠡᠷ᠎ᠡ ᠮᠡᠳᠡᠭᠡᠯᠡᠯ ᠨᠡᠢᠲᠡᠯᠡᠳᠡᠭ ᠵᠤᠷᠰᠢᠯ ᠲᠠᠢ ᠷᠦᠢ ᠴᠧᠩ ᠭᠠᠩ ᠠᠵᠢᠯ ᠤᠨ ᠢᠶᠡᠨ ᠠᠭᠤᠯᠭ᠎ᠠ ᠲᠠᠢ ᠬᠣᠯᠪᠣᠭᠳᠠᠯ ᠪᠦᠬᠦᠢ ᠪᠢᠴᠢᠯ ᠪᠦᠷᠭᠡ 《 ᠵᠢᠨᠠᠨ ᠬᠣᠲᠠ ᠶᠢᠨ ᠭᠤᠷᠪᠠᠨ ᠵᠢᠯ ᠭᠠᠷᠤᠶ ᠬᠡᠷᠡᠭᠵᠢᠭᠦᠯᠦᠭᠰᠡᠨ ᠲᠠᠸᠠᠷ ᠤᠨ ᠭᠡᠷ ᠪᠠᠶᠢᠰᠢᠩ ᠢ ᠬᠤᠳᠠᠯᠳᠤᠨ ᠠᠪᠬᠤ ᠶᠢ ᠬᠢᠵᠠᠭᠠᠷᠯᠠᠬᠤ ᠲᠥᠷᠥ ᠶᠢᠨ ᠪᠣᠳᠣᠯᠭ᠎ᠠ ᠶᠢ ᠠᠯᠪᠠᠨ ᠶᠣᠰᠣᠭᠠᠷ ᠬᠦᠴᠦᠨ ᠦᠭᠡᠶ ᠪᠣᠯᠭᠠᠪᠠ ᠂ ᠪᠠᠭᠠᠬᠠᠨ ᠪᠠᠢᠭᠠᠳ ᠰᠢᠭᠤᠳ ᠨᠡᠪᠲᠡᠷᠡᠭᠦᠯᠭᠡ ᠳᠤ ᠵᠤᠯᠭᠠᠶ᠎ᠠ᠂ ᠨᠠᠶᠢᠵᠢ ᠨᠠᠷ ᠡ ︕ 》
ᠳᠠᠷᠠᠭ᠎ᠠ ᠡᠳᠦᠷ ᠨᠢ ᠂ ᠨᠡᠷᠡᠲᠦ ᠬᠥᠲᠥᠯᠥᠭᠴᠢ ᠷᠦᠢ ᠴᠧᠩ ᠭᠠᠩ ᠭᠡᠨᠡᠳᠲᠡ 《 ᠰᠤᠷᠠᠭ ᠦᠭᠡᠢ》 ᠪᠣᠯᠪᠠ᠃ 2014 ᠣᠨ ᠤ ᠵᠤᠨ ᠂ ᠷᠦᠢ ᠴᠧᠩ ᠭᠠᠩ ᠡᠴᠡ ᠪᠤᠰᠤᠳ᠂ ᠲᠥᠪ ᠦᠨ ᠲᠧᠯᠸᠢᠰ ᠬᠣᠷᠢᠶᠠᠨ ᠤ ᠴᠥᠭᠡᠨ ᠪᠤᠰᠤ ᠬᠥᠲᠥᠯᠥᠭᠴᠢ ᠪᠣᠯᠤᠨ ᠠᠵᠢᠯᠲᠠᠳ ᠴᠥᠮ 《 ᠰᠤᠷᠠᠭ ᠦᠭᠡᠢ》 ᠪᠣᠯᠤᠭᠰᠠᠨ ᠪᠠᠢᠨ᠎ᠠ ᠃
ᠡᠳᠡᠭᠡᠷ ᠲᠥᠪ ᠲᠧᠯᠸᠢᠰ ᠦᠨ ᠠᠵᠢᠯᠲᠠᠨ ᠪᠠᠷᠠᠭ᠎ᠠ ᠲᠠᠰᠤᠷᠠᠭᠰᠠᠨ ᠤ ᠬᠣᠶᠠᠷ ᠵᠢᠯ ᠰᠢᠬᠠᠮ ᠤᠨ ᠳᠠᠷᠠᠭ᠎ᠠ ᠂ 《 ᠳᠤᠮᠳᠠᠳᠤ ᠶᠢᠨ ᠡᠵᠡᠩᠨᠡᠯᠲᠡ ᠶᠢᠨ ᠰᠣᠨᠢᠨ 》 ᠤ ᠰᠤᠷᠪᠤᠯᠵᠢᠯᠠᠭᠴᠢ ᠶᠢᠨ ᠣᠶᠢᠯᠠᠭᠠᠵᠤ ᠮᠡᠳᠡᠭᠰᠡᠨ ᠢᠶᠡᠷ ᠂ ᠲᠥᠪ ᠲᠧᠯᠸᠢᠰ ᠦᠨ ᠢᠯᠵᠠᠷᠠᠮᠠᠯ ᠪᠠᠢᠳᠠᠯ ᠤᠳᠠᠯ ᠦᠭᠡᠢ ᠰᠢᠭᠦᠬᠦ ᠬᠣᠷᠢᠶᠠᠨ ᠤ ᠰᠢᠭᠦᠨ ᠰᠢᠶᠳᠪᠦᠷᠢᠯᠡᠬᠦ ᠶᠠᠪᠤᠴᠠ ᠳᠤ ᠣᠷᠤᠬᠤ ᠪᠣᠯᠤᠨ᠎ᠠ᠃ ᠣᠶᠢᠷ᠎ᠠ ᠳᠤ ᠂ 《 ᠳᠤᠮᠳᠠᠳᠤ ᠶᠢᠨ ᠡᠵᠡᠩᠨᠡᠯᠲᠡ ᠶᠢᠨ ᠰᠣᠨᠢᠨ 》 ᠤ ᠰᠤᠷᠪᠤᠯᠵᠢᠯᠠᠭᠴᠢ ᠭᠢᠷᠢᠨ ᠮᠤᠵᠢ ᠶᠢᠨ ᠰᠢᠭᠦᠬᠦ ᠬᠣᠷᠢᠶᠠᠨ ᠤ ᠰᠢᠰᠲ᠋ᠧᠮ ᠦᠨ ᠨᠢᠭᠡᠨ ᠭᠣᠣᠯ ᠬᠥᠮᠦᠨ ᠡᠴᠡ ᠣᠶᠢᠯᠠᠭᠠᠵᠤ ᠮᠡᠳᠡᠭᠰᠡᠨ ᠨᠢ ᠂ 34 ᠵᠦᠢᠯ ᠤᠨ ᠬᠡᠷᠡᠭ ᠡᠴᠡ29 ᠬᠡᠷᠡᠭ ᠢ ᠨᠢ ᠨᠢᠭᠡᠨᠲᠡ ᠰᠢᠯᠵᠢᠭᠦᠯᠦᠨ ᠢᠷᠡᠵᠦ᠂ ᠤᠳᠠᠯ ᠦᠭᠡᠢ ᠰᠢᠭᠦᠬᠦ ᠶᠠᠪᠤᠴᠠ ᠳᠤ ᠣᠷᠤᠨ᠎ᠠ ᠭᠡᠯᠡ ᠃
ᠲᠡᠷᠡᠬᠦ ᠠᠭᠠᠭᠢᠮ᠎ᠠ ᠬᠠᠯᠠᠭᠤᠨ ᠵᠤᠨ ᠤ ᠡᠳᠦᠷ ᠂ ᠬᠡᠷᠡᠭ ᠢ ᠪᠠᠶᠢᠴᠠᠭᠠᠬᠤ ᠬᠣᠯᠪᠣᠭᠳᠠᠯ ᠪᠦᠬᠦᠢ ᠰᠠᠯᠠᠭ᠎ᠠ ᠮᠥᠴᠢᠷ ᠮᠠᠰᠢ ᠶᠠᠭᠠᠷᠠᠤ ᠪᠠᠢᠯ᠎ᠠ᠃ 《 ᠳᠤᠮᠳᠠᠳᠤ ᠶᠢᠨ ᠡᠵᠡᠩᠨᠡᠯᠲᠡ》 ᠶᠢᠨ ᠰᠣᠨᠢᠨ ᠤ ᠰᠤᠷᠪᠤᠯᠵᠢᠯᠠᠭᠴᠢ ᠬᠡᠷᠡᠭ ᠦᠨ ᠪᠠᠶᠢᠳᠠᠯ ᠲᠠᠢ ᠤᠢᠷᠡᠲᠤᠭᠰᠠᠨ ᠬᠣᠯᠪᠣᠭᠳᠠᠯ ᠪᠦᠬᠦᠢ ᠬᠥᠮᠦᠰ ᠡᠴᠡ ᠣᠶᠢᠯᠠᠭᠠᠵᠤ ᠮᠡᠳᠡᠭᠰᠡᠨ ᠨᠢ ᠂ ᠲᠥᠪ ᠲᠧᠯᠸᠢᠰ ᠦᠨ ᠠᠵᠢᠯᠳᠠᠨ ᠤ ᠣᠨᠴᠠᠭᠠᠶ ᠴᠢᠨᠠᠷ ᠡᠴᠡ ᠪᠣᠯᠵᠤ᠂ ᠪᠠᠰᠠ ᠣᠯᠠᠨ ᠠᠷᠪᠢᠨ ᠺᠢᠨᠣ᠋ ᠲᠧᠯᠸᠢᠰ ᠦᠨ ᠣᠳᠣᠨ ᠲᠠᠢ ᠬᠤᠯᠪᠤᠭᠳᠠᠵᠤ ᠂ ᠬᠡᠷᠡᠭ ᠰᠢᠶᠳᠪᠦᠷᠢᠯᠡᠬᠦ ᠪᠠᠶᠢᠭᠤᠯᠭ᠎ᠠ ᠨᠢ ᠪᠡᠭᠡᠵᠢᠩ ᠳᠦ ᠲᠠᠨᠭᠨᠠᠨ ᠰᠢᠳᠬᠡᠬᠦ ᠬᠤᠭᠤᠴᠠᠭᠠᠨ ᠳᠤ ᠺᠢᠨᠣ᠋ ᠲᠧᠯᠸᠢᠰ ᠦᠨ ᠣᠳᠣᠨ ᠳᠤ ᠲᠠᠰᠤᠷᠠᠯᠳᠠ ᠦᠭᠡᠢ ᠮᠡᠳᠡᠭᠳᠠᠯ ᠬᠦᠷᠭᠡᠨ ᠳᠠᠭᠤᠳᠠᠵᠤ ᠪᠠᠢᠴᠠᠭᠠᠯᠲᠠ ᠳᠤ ᠬᠠᠮᠵᠢᠯᠴᠠᠭᠤᠯᠪᠠ᠃
ᠬᠡᠷᠡᠭ ᠲᠦ ᠬᠣᠯᠪᠣᠭᠳᠠᠭᠰᠠᠨ ᠨᠢ ᠭᠦᠢᠬᠡᠨ ᠣᠳᠤᠳ ᠬᠠᠮᠵᠢᠯᠴᠠᠨ ᠪᠠᠶᠢᠴᠠᠭᠠᠯᠲᠠ ᠬᠢᠭᠰᠡᠨ ᠦ ᠳᠠᠷᠠᠭ᠎ᠠ ᠪᠤᠴᠠᠵᠤ ᠂ ᠷᠦᠢ ᠴᠧᠩ ᠭᠠᠩ ᠂ ᠭᠦᠸᠸ ᠵᠧᠨ ᠰᠢ ᠵᠡᠷᠭᠡ ᠬᠥᠮᠦᠰ ᠬᠠᠷᠢᠨ ᠪᠤᠴᠠᠬᠤ ᠳᠤ ᠪᠡᠷᠬᠡᠲᠡᠶ ᠪᠠᠢᠯ᠎ᠠ᠃
2013 ᠣᠨ ᠤ 12 ᠰᠠᠷ᠎ᠠ ᠶᠢᠨ 20 ᠤ ᠡᠳᠦᠷ ᠂ ᠲᠥᠪ ᠦᠨ ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠪᠣᠯᠤᠨ ᠬᠢᠨᠠᠨ ᠪᠠᠶᠢᠴᠠᠭᠠᠬᠤ ᠶᠠᠮᠤᠨ ᠤ ᠰᠦᠯᠵᠢᠶᠡᠨ ᠦ ᠮᠡᠳᠡᠭᠡ ᠶᠢ ᠦᠨᠳᠦᠰᠦᠯᠡᠪᠡᠯ ᠂ ᠲᠥᠪ ᠦᠨ ᠭᠠᠵᠢᠭᠤ ᠨᠣᠮᠯᠠᠯ ᠤᠨ ᠠᠰᠠᠭᠤᠳᠠᠯ ᠢ ᠰᠡᠷᠭᠡᠶᠢᠯᠡᠬᠦ ᠪᠠ ᠰᠢᠶᠳᠪᠦᠷᠢᠯᠡᠬᠦ ᠤᠳᠤᠷᠢᠳᠬᠤ ᠳᠤᠭᠤᠶᠢᠯᠠᠩ ᠤᠨ ᠳᠡᠳ᠋ ᠳᠠᠷᠤᠭ᠎ᠠ ᠂ ᠠᠯᠪᠠᠨ ᠭᠡᠷ ᠦᠨ ᠡᠷᠬᠢᠯᠡᠭᠴᠢ ᠂ ᠳᠣᠲᠣᠭᠠᠳᠤ ᠶᠢ ᠬᠠᠮᠠᠭᠠᠯᠠᠬᠤ ᠶᠠᠮᠤᠨ ᠤ ᠨᠠᠮ ᠤᠨ ᠬᠣᠷᠢᠶᠠᠨ ᠤ ᠳᠡᠳ᠋ ᠱᠦᠵᠢ ᠂ ᠳᠡᠳ᠋ ᠰᠠᠶᠢᠳ ᠯᠢ ᠳ᠋ᠦᠩ ᠱᠸᠩ ᠬᠠᠤᠯᠢ ᠴᠠᠭᠠᠵᠠ ᠰᠠᠬᠢᠯᠭ᠎ᠠ ᠪᠠᠲᠤ ᠶᠢ ᠬᠦᠨᠳᠦ ᠨᠣᠴᠢᠲᠠᠶ ᠵᠥᠷᠢᠴᠡᠵᠦ ᠂ ᠵᠣᠬᠢᠶᠠᠨ ᠪᠠᠶᠢᠭᠤᠯᠤᠯᠲᠠ ᠶᠢᠨ ᠪᠠᠶᠢᠴᠠᠭᠠᠯᠲᠠ ᠶᠢ ᠬᠦᠯᠢᠶᠡᠵᠦ ᠪᠠᠶᠢᠨ᠎ᠠ ᠃ 1978 ᠤᠨ ᠡᠴᠡ2000ᠤᠨ ᠬᠦᠷᠲᠡᠯ᠎ᠡ ᠂ ᠯᠢ ᠳ᠋ᠦᠩ ᠱᠧᠩ ᠡᠩ ᠦᠨ ᠨᠢᠭᠡ ᠰᠤᠷᠪᠤᠯᠵᠢᠯᠠᠨ ᠨᠠᠶᠢᠷᠠᠭᠤᠯᠬᠤ ᠠᠵᠢᠯᠲᠠᠨ ᠡᠴᠡ ᠲᠥᠪ ᠦᠨ ᠲᠧᠯᠸᠢᠰ ᠬᠣᠷᠢᠶᠠᠨ ᠤ ᠳᠡᠳ᠋ ᠬᠤᠷᠢᠶᠠᠨ ᠳᠠᠷᠤᠭ᠎ᠠ ᠶᠢᠨ ᠲᠤᠰᠢᠶᠠᠯ ᠤᠨ ᠬᠡᠮᠵᠢᠶᠡᠨ ᠳᠦ ᠬᠦᠷᠪᠡ ᠃ ᠲᠥᠪ ᠲᠧᠯᠸᠢᠰ ᠲᠤ ᠠᠵᠢᠯᠯᠠᠭᠰᠠᠨ ᠬᠤᠭᠤᠴᠠᠭᠠᠨ ᠳᠤ ᠂ ᠯᠢ ᠳ᠋ᠦᠩ ᠱᠧᠩ ᠮᠠᠰᠢ ᠤᠯᠠᠨ ᠲᠥᠪ ᠲᠧᠯᠸᠢᠰ ᠦᠨ ᠱᠠᠪᠢ ᠲᠠᠢ ᠪᠣᠯᠪᠠ ᠃
ᠯᠢ ᠳ᠋ᠦᠩ ᠱᠧᠩ ᠬᠠᠤᠯᠢ ᠶᠢᠨ ᠲᠣᠣᠷ ᠲᠤ ᠤᠨᠠᠭᠰᠠᠨ ᠬᠣᠶᠢᠨᠠ ᠂ ᠬᠡᠷᠡᠭ ᠰᠢᠶᠳᠪᠦᠷᠢᠯᠡᠬᠦ ᠪᠠᠶᠢᠭᠤᠯᠭ᠎ᠠ ᠶᠢᠨ ᠲᠥᠪ ᠲᠧᠯᠸᠢᠰ ᠦᠨ ᠠᠵᠢᠯᠲᠠᠨ ᠢ ᠲᠠᠩᠨᠠᠨ ᠪᠠᠶᠢᠴᠠᠭᠠᠬᠤ ᠠᠵᠢᠯ ᠴᠤ ᠲᠠᠰᠤᠷᠠᠯᠳᠠ ᠦᠭᠡᠢ ᠲᠦᠯᠬᠢᠨ ᠤᠷᠤᠭᠰᠢᠯᠠᠪᠠ ᠃ 2014 ᠤᠨ ᠤ5 ᠰᠠᠷ᠎ᠠ ᠶᠢᠨ31 ᠤ ᠡᠳᠦᠷ ᠂ ᠲᠥᠪ ᠲᠧᠯᠸᠢᠰ ᠦᠨ ᠡᠳ᠋ ᠦᠨ ᠵᠠᠰᠠᠭ ᠠᠵᠤ ᠠᠬᠤᠶ ᠶᠢᠨ ᠰᠤᠪᠠᠭ ᠤᠨ ( ᠲᠥᠪ ᠲᠧᠯᠸᠢᠰ ᠦᠨ ᠬᠣᠶᠠᠳᠤᠭᠠᠷ ᠰᠤᠪᠠᠭ) ᠶᠡᠷᠦᠩᠬᠡᠶ ᠵᠠᠬᠢᠷᠤᠭᠴᠢ ᠭᠦᠸᠸ ᠵᠧᠨ ᠱᠢ ᠭᠢᠷᠢᠨ ᠮᠤᠵᠢ ᠶᠢᠨ ᠪᠠᠶᠢᠴᠠᠭᠠᠬᠤ ᠬᠣᠷᠢᠶᠠᠨ ᠳᠤ ᠪᠠᠷᠢᠪᠴᠢᠯᠠᠭᠳᠠᠪᠠ᠃ ᠳᠠᠷᠠᠭ᠎ᠠ ᠡᠳᠦᠷ ᠨᠢ ᠂ ᠠᠷᠠᠳ ᠤᠨ ᠳᠡᠭᠡᠳᠦ ᠵᠡᠷᠭᠡ ᠶᠢᠨ ᠪᠠᠶᠢᠴᠠᠭᠠᠬᠤ ᠬᠣᠷᠢᠶᠠᠨ ᠡᠴᠡ᠂ ᠠᠷᠠᠳ ᠤᠨ ᠪᠠᠶᠢᠴᠠᠭᠠᠬᠤ ᠪᠠᠢᠭᠤᠯᠭ᠎ᠠ ᠡᠴᠡ ᠬᠡᠭᠡᠯᠢ ᠢᠳᠡᠭᠰᠡᠨ ᠶᠠᠯ᠎ᠠ ᠬᠢᠭᠰᠡᠨ ᠰᠡᠵᠢᠭᠲᠡᠶ ᠭᠡᠵᠦ᠂ ᠲᠥᠪ ᠲᠧᠯᠸᠢᠰ ᠦᠨ ᠡᠳ᠋ ᠦᠨ ᠵᠠᠰᠠᠭ ᠠᠵᠤ ᠠᠬᠤᠶ ᠶᠢᠨ ᠰᠤᠪᠠᠭ ᠤᠨ ᠶᠡᠷᠦᠩᠬᠡᠶ ᠬᠢᠨᠠᠭᠴᠢ ᠭᠦᠸᠸ ᠵᠧᠨ ᠱᠢ ᠂ ᠹᠢᠯᠢᠮ ᠦᠢᠯᠡᠳᠦᠭᠴᠢ ᠲᠢᠶᠠᠨ ᠯᠢ ᠡᠥ ᠶᠢ ᠬᠡᠷᠡᠭ ᠳᠠᠩᠰᠠᠯᠤᠨ ᠪᠠᠢᠴᠠᠭᠠᠭᠰᠠᠨ ᠪᠥᠭᠡᠳ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠠᠶ ᠃ ᠲᠤᠰ ᠬᠡᠷᠡᠭ ᠦᠨ ᠳᠡᠩᠨᠡᠨ ᠪᠠᠶᠢᠴᠠᠭᠠᠬᠤ ᠠᠵᠢᠯ ᠣᠳᠣ ᠶᠠᠭ ᠶᠠᠪᠤᠭᠳᠠᠵᠤ ᠪᠠᠶᠢᠨ᠎ᠠ ᠃
ᠤᠷᠳᠤ ᠬᠤᠭᠤᠴᠠᠭ᠎ᠠ ᠪᠠᠷ ᠲᠥᠪ ᠲᠧᠯᠸᠢᠰ ᠦᠨ ᠵᠠᠷ ᠮᠡᠳᠡᠭᠡ ᠶᠢ ᠬᠠᠷᠢᠭᠤᠴᠠᠭᠰᠠᠨ ᠭᠦᠸᠸ ᠵᠧᠨ ᠱᠢ᠂ ᠯᠢ ᠳ᠋ᠦᠩ ᠱᠧᠩ ᠲᠠᠢ ᠴᠥᠮ ᠱᠠᠨᠳᠦ᠋ᠩ ᠦᠨ ᠬᠥᠮᠦᠨ ᠶᠤᠮ ᠃ ᠭᠡᠷ ᠤᠨ ᠠᠮᠢᠳᠤᠷᠠᠯ ᠬᠦᠴᠢᠷᠲᠠᠢ ᠭᠦᠸᠸ ᠵᠧᠨ ᠱᠢ ᠱᠠᠨᠳᠦ᠋ᠩ ᠮᠤᠵᠢ ᠶᠢᠨ ᠸᠸᠨ ᠱᠠᠩ ᠰᠢᠶᠠᠨ ᠳᠤ ᠲᠥᠷᠦᠪᠡ ᠂ 1981 ᠣᠨ ᠳᠤ ᠱᠠᠨᠳᠦ᠋ᠩ ᠶᠡᠬᠡ ᠰᠤᠷᠭᠠᠭᠤᠯᠢ ᠳᠤ ᠰᠢᠯᠭᠠᠭᠤᠯᠤᠨ ᠣᠷᠣᠪᠠ ᠃ 1985 ᠣᠨ ᠪᠣᠯᠬᠤ ᠳᠤ ᠂ ᠭᠦᠸᠸ ᠵᠧᠨ ᠱᠢ ᠴᠡᠷᠢᠭ ᠲᠤ ᠣᠷᠤᠭᠰᠠᠨ ᠡᠴᠡ ᠬᠣᠢᠰᠢ ᠸᠢᠶᠸᠲ᠋ᠨᠠᠮ ᠤᠨ ᠪᠠᠢᠯᠳᠤᠭᠠᠨ ᠳᠤ ᠣᠷᠣᠯᠴᠠᠭᠰᠠᠨ ᠪᠠᠶᠢᠨ᠎ᠠ ᠃ 1987 ᠣᠨ ᠳᠤ ᠂ ᠳᠠᠢᠨ ᠦ ᠰᠢᠯᠭᠠᠯᠲᠠ ᠶᠢ ᠲᠤᠭᠤᠯᠤᠬᠰᠠᠨ ᠭᠦᠸᠸ ᠵᠧᠨ ᠱᠢ ᠯᠠᠨᠵᠧᠦ ᠶᠡᠬᠡ ᠰᠤᠷᠭᠠᠭᠤᠯᠢ ᠳᠤ ᠰᠢᠯᠭᠠᠭᠤᠯᠤᠨ ᠣᠷᠣᠵᠤ ᠂ ᠰᠤᠳᠤᠯᠬᠤ ᠰᠤᠷᠤᠭᠴᠢ ᠦᠵᠡᠪᠡ ᠃ ᠠᠰᠫᠢᠷᠠᠨᠲ ᠤᠨ ᠬᠤᠭᠤᠴᠠᠭᠠᠨ ᠳᠤ ᠂ ᠭᠦᠸᠸ ᠵᠧᠨ ᠱᠢ ᠠᠪᠢᠶᠠᠰ ᠴᠢᠳᠠᠪᠤᠷᠢ ᠪᠡᠨ ᠭᠦᠢᠴᠡᠳ ᠪᠠᠳᠠᠷᠠᠭᠤᠯᠵᠤ ᠂ ᠬᠡᠳᠦᠨ ᠠᠷᠪᠠᠨ ᠥᠭᠦᠯᠡᠯ ᠨᠡᠶᠢᠲᠡᠯᠡᠭᠰᠡᠨ ᠪᠠᠶᠢᠨ᠎ᠠ ᠃ 1990 ᠣᠨ ᠤ 7 ᠰᠠᠷ᠎ᠠ ᠳᠤ ᠂ ᠭᠦᠸᠸ ᠵᠧᠨ ᠱᠢ ᠠᠰᠫᠢᠷᠠᠨᠲ ᠢᠶᠡᠷ ᠲᠡᠭᠦᠰᠦᠭᠰᠡᠨ ᠦ ᠲᠡᠷᠡᠭ᠎ᠠ ᠂ ᠤᠯᠤᠰ ᠤᠨ ᠷᠠᠳᠢᠣ᠋ ᠨᠡᠪᠲᠡᠷᠡᠭᠦᠯᠭᠡ ᠺᠢᠨᠣ᠋ ᠲᠧᠯᠸᠢᠰ ᠦᠨ ᠶᠠᠮᠤᠨ ᠤ ᠠᠯᠪᠠᠨ ᠲᠢᠩᠬᠢᠮ ᠦᠨ ᠨᠠᠷᠢᠨ ᠪᠢᠴᠢᠭᠡᠴᠢ ᠪᠡᠷ ᠠᠵᠢᠯᠯᠠᠪᠠ ᠃ 1992 ᠤᠨ ᠤ12 ᠰᠠᠷ᠎ᠠ ᠳᠤ ᠂ ᠲᠡᠷᠡ ᠲᠥᠪ ᠲᠧᠯᠸᠢᠰ ᠦᠨ ᠠᠵᠤ ᠠᠬᠤᠶ ᠶᠢᠨ ᠬᠡᠯᠲᠡᠰ ᠤᠨ ᠨᠠᠶᠢᠷᠠᠭᠤᠯᠤᠭᠴᠢ ᠰᠤᠷᠪᠤᠯᠵᠢᠯᠠᠭᠴᠢ ᠠᠵᠢᠯ ᠳᠤ ᠰᠢᠯᠵᠢᠵᠦ ᠂ 22 ᠵᠢᠯ ᠦᠨ ᠲᠥᠪ ᠲᠧᠯᠸᠢᠰ ᠦᠨ ᠠᠵᠢᠯ ᠢᠶᠡᠷ ᠡᠬᠢᠯᠡᠭᠰᠡᠨ ᠪᠠᠶᠢᠨ᠎ᠠ ᠃ ᠭᠦᠸᠸ ᠵᠧᠨ ᠱᠢ ᠶᠢᠨ ᠨᠢ ᠲᠥᠪ ᠲᠧᠯᠸᠢᠰ ᠲᠤ ᠠᠵᠢᠯᠯᠠᠵᠤ ᠪᠠᠢᠭᠰᠠᠨ ᠬᠤᠭᠤᠴᠠᠭᠠᠨ ᠳᠤ ᠤᠨᠤᠯ ᠪᠤᠶᠤ ᠦᠢᠯᠡᠳᠦᠯᠭᠡ ᠶᠢᠨ ᠲᠠᠯ᠎ᠠ ᠪᠡᠷ ᠬᠢ ᠠᠮᠵᠢᠯᠲᠠ ᠶᠢ ᠦᠭᠡᠢᠰᠬᠡᠬᠦ ᠶᠢᠨ ᠠᠷᠭ᠎ᠠ ᠦᠭᠡᠢ ᠪᠠᠢᠯ᠎ᠠ ᠃ 1997 ᠣᠨ ᠳᠤ ᠂ ᠲᠡᠭᠦᠨ ᠦ ᠨᠡᠢᠲᠡᠯᠡᠭᠰᠡᠨ《 ᠲᠧᠯᠸᠢᠰ ᠰᠤᠪᠠᠭ ᠤᠨ ᠡᠬᠢ ᠪᠠᠶᠠᠯᠢᠭ ᠤᠨ ᠪᠦᠬᠦᠯᠢ ᠴᠣᠭᠴᠠ ᠶᠢᠨ ᠴᠢᠨᠠᠷᠲᠠᠶ ᠨᠡᠭᠡᠭᠡᠨ ᠬᠥᠭᠵᠢᠭᠦᠯᠬᠦ ᠶᠢ ᠲᠤᠷᠰᠢᠨ ᠥᠭᠦᠯᠡᠬᠦ》 ᠭᠡᠳᠡᠭ ᠵᠣᠬᠢᠶᠠᠯ ᠨᠢ ᠂ ᠲᠥᠪ ᠲᠧᠯᠸᠢᠰ ᠦᠨ ᠢᠯᠠ ᠪᠤᠰᠤ ᠪᠠᠯᠠ ᠬᠥᠷᠦᠩᠭᠡ ᠶᠢ ᠬᠠᠮᠠᠭᠠᠯᠠᠬᠤ ᠪᠠ ᠨᠡᠭᠡᠭᠡᠨ ᠠᠰᠢᠭᠯᠠᠬᠤ ᠲᠤᠬᠠᠢ ᠠᠩᠬ᠎ᠠ ᠤᠳᠠᠭ᠎ᠠ ᠥᠭᠦᠯᠡᠭᠰᠡᠨ ᠪᠠᠢᠨ᠎ᠠ ᠃ ᠰᠡᠭᠦᠯᠡᠷ ᠨᠢ ᠪᠠᠰᠠ ᠣᠯᠠᠨ ᠤᠳᠠᠭ᠎ᠠ ᠲᠧᠯᠸᠢᠰ ᠨᠡᠪᠲᠡᠷᠡᠭᠦᠯᠭᠡ ᠤᠨ ᠰᠤᠳᠤᠯᠭᠠᠨ ᠤ ᠬᠦᠷᠢᠶᠡᠨ ᠳᠦ ᠬᠣᠯᠪᠣᠭᠳᠠᠭᠰᠠᠨ ᠵᠣᠬᠢᠶᠠᠯ ᠨᠡᠶᠢᠲᠡᠯᠡᠵᠡᠶ ᠃ 2001 ᠣᠨ ᠳᠤ ᠂ ᠭᠦᠸᠸ ᠵᠧᠨ ᠱᠢ ᠲᠥᠪ ᠲᠧᠯᠸᠢᠰ ᠦᠨ ᠵᠠᠷ ᠮᠡᠳᠡᠭᠡᠨ ᠤ ᠬᠡᠯᠲᠡᠰ ᠦᠨ ᠡᠷᠬᠢᠯᠡᠭᠴᠢ ᠶᠢᠨ ᠲᠤᠰᠢᠶᠠᠯ ᠢ ᠡᠭᠦᠷᠭᠡᠯᠡᠵᠦ ᠂ ᠲᠡᠭᠦᠨ ᠦ ᠲᠤᠰᠢᠶᠠᠯ ᠡᠭᠦᠷᠭᠡᠯᠡᠭᠰᠡᠨ ᠡᠴᠡ ᠡᠬᠢᠯᠡᠨ ᠲᠥᠪ ᠲᠧᠯᠸᠢᠰ ᠦᠨ ᠵᠠᠷ ᠮᠡᠳᠡᠭᠡ ᠲᠦᠷᠭᠡᠨ ᠢᠶᠡᠷ ᠥᠰᠪᠡ᠃
ᠭᠦᠸᠸ ᠵᠧᠨ ᠱᠢ ᠵᠡᠷᠭᠡ ᠬᠥᠮᠦᠰ ᠤᠨ ᠪᠠᠷᠢᠪᠴᠢᠯᠠᠭᠳᠠᠭᠰᠠᠨ ᠨᠢ᠂ ᠠᠵᠤ ᠠᠬᠤᠶᠢᠯᠠᠯ ᠤᠨ ᠡᠲᠡᠭᠡᠳ ᠲᠤ ᠮᠠᠰᠢ ᠶᠡᠬᠡ ᠲᠤᠰᠬᠠᠯ ᠭᠠᠷᠭᠠᠪᠠ ᠃ ᠲᠥᠪ ᠲᠧᠯᠸᠢᠰ ᠦᠨ ᠡᠳ᠋ ᠦᠨ ᠵᠠᠰᠠᠭ ᠠᠵᠤ ᠠᠬᠤᠶ ᠶᠢᠨ ᠰᠤᠪᠠᠭ ᠤᠨ ᠬᠥᠲᠥᠯᠥᠭᠴᠢ ᠷᠦᠢ ᠴᠧᠩ ᠭᠠᠩ ᠤᠨ ᠪᠠᠷᠢᠪᠴᠢᠯᠠᠭᠳᠠᠭᠰᠠᠨ ᠨᠢ᠂ ᠠᠷᠠᠳ ᠢᠷᠭᠡᠳ ᠦᠨ ᠠᠩᠬᠠᠷᠤᠯ ᠢ ᠨᠡᠩ ᠢᠯᠡᠭᠦᠦ ᠳᠠᠲᠠᠪᠠ᠃ ᠭᠦᠸᠸ ᠵᠧᠨ ᠱᠢ ᠬᠣᠯᠪᠣᠭᠳᠠᠯ ᠪᠦᠬᠦᠢ ᠰᠠᠯᠠᠭ᠎ᠠ ᠮᠥᠴᠢᠷ ᠦᠨ ᠬᠢᠨ ᠳᠤ ᠡᠵᠡᠮᠳᠡᠭᠳᠡᠭᠰᠠᠨ ᠤ ᠳᠠᠷᠠᠭ᠎ᠠ ᠂ 2014 ᠤᠨ ᠤ6 ᠰᠠᠷ᠎ᠠ ᠶᠢᠨ3 ᠤ ᠡᠳᠦᠷ ᠷᠦᠢ ᠴᠧᠩ ᠭᠠᠩ ᠨᠢᠭᠡᠨ ᠪᠢᠴᠢᠯ ᠪᠦᠷᠭᠡ ᠨᠡᠢᠲᠡᠯᠡᠪᠡ ᠄《 【ᠡᠷᠲᠡᠨ ᠦ ᠬᠣᠶᠠᠷ ᠳᠢᠶᠠᠨᠴᠢ ᠶᠢᠨ ᠶᠠᠷᠢᠯᠴᠠᠭ᠎ᠠ 】 ᠬᠠᠨ ᠱᠠᠨ ᠱᠢ ᠳ᠋ᠸ ᠡᠴᠡ᠄ ᠶᠢᠷᠲᠢᠨᠴᠦ ᠶᠢᠨ ᠵᠠᠷᠢᠮ ᠬᠥᠮᠦᠨ ᠨᠠᠲᠠ ᠶᠢ ᠵᠢᠮᠡᠯᠡᠵᠦ ᠂ ᠳᠠᠷᠤᠯᠠᠵᠤ ᠂ ᠭᠤᠲᠤᠭᠠᠵᠤ ᠂ ᠡᠯᠡᠭᠯᠡᠵᠦ ᠂ ᠬᠥᠩᠭᠡᠪᠴᠢᠯᠡᠵᠦ ᠂ ᠬᠠᠭᠤᠷᠴᠤ ᠂ ᠳᠤᠤᠷᠰᠢᠶᠠᠪᠠᠯ ᠬᠡᠷᠬᠢᠪᠡᠯ ᠵᠣᠬᠢᠬᠤ ᠪᠤᠢ︖ ᠭᠡᠵᠦ ᠠᠰᠠᠭᠤᠪᠠ᠂ ᠱᠢ ᠳ᠋ᠸ ᠢᠨᠢᠶᠡᠨ ᠥᠭᠦᠯᠡᠷᠦᠨ ᠄ ᠵᠥᠪᠬᠡᠨ ᠲᠡᠰᠪᠥᠷᠢᠯᠡᠵᠦ᠂ ᠨᠠᠢᠷ ᠲᠠᠯᠪᠢᠵᠤ᠂ ᠵᠠᠢᠯᠠᠵᠤ᠂ ᠠᠶ᠎ᠠ ᠶᠢ ᠨᠢ ᠳᠠᠭᠠᠭᠤᠯᠵᠤ᠂ ᠬᠥᠯᠢᠴᠡᠵᠦ᠂ ᠬᠦᠨᠳᠦᠳᠬᠡᠵᠦ᠂ ᠬᠠᠢᠬᠤᠷᠬᠤ ᠦᠭᠡᠢ ᠪᠠᠢᠵᠤ᠂ ᠬᠡᠳᠦᠨ ᠵᠢᠯ ᠦᠩᠭᠡᠷᠡᠭᠰᠠᠨ ᠤ ᠳᠠᠷᠠᠭ᠎ᠠ᠂ ᠴᠢ ᠲᠡᠭᠦᠨ ᠤ ᠡᠷᠭᠢᠵᠦ ᠦᠵᠡ ᠭᠡᠪᠡ ᠃ 》 ᠡᠨᠡᠬᠦ ᠪᠢᠴᠢᠯ ᠪᠦᠷᠭᠡ ᠨᠢ ᠲᠥᠪ ᠲᠧᠯᠸᠢᠰ ᠦᠨ ᠡᠳ᠋ ᠦᠨ ᠵᠠᠰᠠᠭ ᠠᠵᠤ ᠠᠬᠤᠶ ᠶᠢᠨ ᠰᠤᠪᠠᠭ ᠤᠨ ᠬᠥᠲᠥᠯᠥᠭᠴᠢ ᠷᠦᠢ ᠴᠧᠩ ᠭᠠᠩ ᠤᠨ ᠭᠦᠸᠸ ᠵᠧᠨ ᠱᠢ ᠪᠠᠷᠢᠭᠳᠠᠭᠰᠠᠨ ᠤ ᠳᠠᠷᠠᠭᠠᠬᠢ ᠡᠯᠳᠡᠪ ᠦᠨ ᠴᠤᠤᠷᠬᠠᠯ ᠳᠤ ᠬᠢᠭᠰᠡᠨ ᠬᠠᠷᠢᠭᠤ ᠲᠤᠰᠬᠠᠯ ᠬᠡᠵᠦ ᠦᠵᠡᠭᠳᠡᠪᠡ ᠃ ᠭᠡᠲᠡᠯ᠎ᠡ ᠨᠢᠭᠡ ᠰᠠᠷ᠎ᠠ ᠶᠢᠨ ᠲᠠᠷᠠᠭ᠎ᠠ ᠂ ᠷᠦᠢ ᠴᠧᠩ ᠭᠠᠩ ᠪᠠᠰᠠ ᠪᠠᠷᠠᠭ᠎ᠠ ᠦᠭᠡᠢ ᠪᠣᠯᠤᠯ᠎ᠠ ᠃ ᠷᠦᠢ ᠴᠧᠩ ᠭᠠᠩ ᠡᠯ᠎ᠡ ᠤᠯᠤᠰ ᠤᠨ ᠵᠠᠰᠠᠭ ᠤᠨ ᠴᠢᠬᠤᠯᠠ ᠳᠤᠰᠢᠶᠠᠯᠲᠠᠳ ᠢ ᠮᠠᠰᠢ ᠠᠷᠪᠢᠨ ᠰᠤᠷᠪᠤᠯᠵᠢᠯᠠᠵᠤ᠂ ᠪᠢᠴᠢᠯ ᠪᠦᠷᠭᠡ ᠨᠢ 1100 ᠲᠦᠮᠡᠨ ᠬᠥᠮᠦᠨ ᠤ ᠬᠥᠷᠢᠶᠡᠯᠡᠯ ᠲᠠᠢ ᠪᠠᠢᠳᠠᠭ ᠃ ᠲᠡᠷᠡ ᠲᠥᠪ ᠲᠧᠯᠸᠢᠰ ᠦᠨ ᠠᠩᠭ᠍ᠯᠢ ᠬᠡᠯᠡᠨ ᠦ ᠣᠯᠠᠨ ᠤᠯᠤᠰ ᠤᠨ ᠰᠤᠪᠠᠭ 《 ᠡᠳ᠋ ᠦᠨ ᠵᠠᠰᠠᠭ ᠠᠵᠤ ᠠᠬᠤᠶ ᠳᠤᠮᠳᠠᠳᠤ ᠤᠯᠤᠰ 》 ᠪᠤᠯᠤᠩ ᠤᠨ ᠡᠷᠬᠢᠯᠡᠭᠰᠡᠨ ᠨᠡᠪᠲᠡᠷᠡᠭᠦᠯᠦᠭᠴᠢ ᠂ ᠡᠳ᠋ ᠦᠨ ᠵᠠᠰᠠᠭ ᠠᠵᠤ ᠠᠬᠤᠶ ᠶᠢᠨ ᠰᠤᠪᠠᠭ ᠤᠨ 《 ᠠᠵᠤ ᠠᠬᠤᠶ ᠶᠢᠨ ᠮᠡᠳᠡᠭᠡ ᠵᠠᠩᠭᠢ ᠶᠢ ᠳᠠᠮᠵᠢᠭᠤᠯᠬᠤ ᠨᠡᠪᠲᠡᠷᠡᠭᠦᠯᠭᠡ 》 ᠂ 《 ᠪᠦᠬᠦ ᠪᠥᠮᠪᠥᠷᠴᠡᠭ ᠦᠨ ᠮᠡᠳᠡᠭᠡ ᠵᠠᠩᠭᠢ ᠶᠢᠨ ᠰᠠᠮᠪᠠᠷ᠎ᠠ 》 ᠵᠡᠷᠭᠡ ᠬᠠᠯᠠᠮᠰᠢᠯ ᠨᠡᠪᠲᠡᠷᠡᠭᠦᠯᠭᠡ ᠶᠢ ᠨᠡᠪᠲᠡᠷᠡᠭᠦᠯᠵᠦ ᠂ ᠳᠤᠮᠳᠠᠳᠤ ᠤᠯᠤᠰ ᠤᠨ ᠨᠡᠪᠲᠡᠷᠡᠭᠦᠯᠭᠡ ᠶᠢᠨ 《 ᠠᠯᠲᠠᠨ ᠶᠠᠷᠢᠭᠤᠯ ᠤᠨ ᠱᠠᠩᠨᠠᠯ 》 ᠢ ᠬᠦᠷᠳᠡᠵᠡᠢ ᠃ ᠠᠵᠢᠯ ᠲᠥᠷᠥᠯ ᠦᠨ ᠢᠷᠠᠭᠤ ᠠᠯᠳᠠᠷ ᠣᠯᠤᠭᠰᠠᠨ ᠡᠴᠡ ᠭᠠᠳᠠᠨ᠎ᠠ ᠂ ᠷᠦᠢ ᠴᠧᠩ ᠭᠠᠩ ᠤᠨ ᠵᠠᠷᠢᠮ ᠦᠭᠡ ᠶᠠᠷᠢᠶ᠎ᠠ ᠨᠢ ᠬᠠᠷᠢᠨ ᠤᠯᠠᠨ ᠤᠳᠠᠭᠠᠨ ᠤ ᠮᠠᠷᠭᠤᠭᠠᠨ ᠡᠭᠦᠰᠭᠡᠵᠡᠶ ᠃
ᠲᠥᠪ ᠲᠧᠯᠸᠢᠰ ᠦᠨ ᠡᠳ᠋ ᠦᠨ ᠵᠠᠰᠠᠭ ᠠᠵᠤ ᠠᠬᠤᠶ ᠶᠢᠨ ᠰᠤᠪᠠᠭ ᠤᠨ ᠭᠦᠸᠸ ᠵᠧᠨ ᠱᠢ ᠂ ᠷᠦᠢ ᠴᠧᠩ ᠭᠠᠩ ᠵᠡᠷᠭᠡ ᠬᠥᠮᠦᠰ ᠪᠠᠷᠢᠭᠳᠠᠭᠰᠠᠨ ᠤ ᠳᠠᠷᠠᠭ᠎ᠠ ᠂ ᠪᠦᠷᠢᠨ ᠪᠤᠰᠤ ᠪᠦᠷᠢᠳᠬᠡᠯ ᠢ ᠦᠨᠳᠦᠰᠦᠯᠡᠪᠡᠯ ᠂ ᠢᠯᠡ ᠵᠠᠭᠤᠴᠢᠯᠠᠭᠤᠷ ᠤᠨ ᠮᠡᠳᠡᠭᠡᠯᠡᠯ ᠳᠦ ᠂ ᠨᠡᠷ᠎ᠡ ᠣᠪᠣᠭ ᠢ ᠨᠢ ᠳᠤᠷᠠᠳᠤᠭᠰᠠᠨ ᠠᠷᠪᠠ ᠭᠠᠷᠤᠶ ᠲᠥᠪ ᠲᠧᠯᠸᠢᠰ ᠦᠨ ᠬᠥᠮᠦᠰ ᠪᠠᠢᠯ᠎ᠠ᠃ 《 ᠳᠤᠮᠳᠠᠳᠤ ᠶᠢᠨ ᠡᠵᠡᠩᠨᠡᠯᠲᠠ ᠶᠢᠨ ᠰᠣᠨᠢᠨ 》 ᠤ ᠰᠤᠷᠪᠤᠯᠵᠢᠯᠠᠭᠴᠢ ᠶᠢᠨ ᠡᠷᠬᠡᠲᠦ ᠬᠥᠮᠦᠰ ᠤᠨ ᠳᠡᠨᠳᠡ ᠡᠴᠡ ᠣᠶᠢᠯᠠᠭᠠᠵᠤ ᠮᠡᠳᠡᠭᠰᠡᠨ ᠢᠶᠡᠷ ᠂ ᠲᠥᠪ ᠲᠧᠯᠸᠢᠰ ᠲᠠᠢ ᠬᠣᠯᠪᠣᠭᠳᠠᠭᠰᠠᠨ 34 ᠬᠡᠷᠡᠭ ᠪᠠᠢᠯ᠎ᠠ᠃
ᠢᠷᠡᠯᠲᠡ ᠄ ᠰᠢᠨ ᠯᠠᠩ ᠰᠢᠭᠦᠬᠦ ᠬᠣᠷᠢᠶ᠎ᠠ ᠰᠤᠪᠠᠭ
ᠦᠨᠡᠯᠡᠬᠦ 0ᠦᠨᠡᠯᠡᠯᠲᠡ᠎ᠲᠠᠢ