ᠬᠤᠸᠠ ᠸᠧᠢ ᠡᠴᠡ Samsung ᠢ ᠲᠤᠰᠬᠠᠢ ᠠᠰᠢᠭ ᠤᠨ ᠡᠷᠬᠡ ᠳᠤ ᠬᠠᠯᠳᠠᠭᠰᠠᠨ ᠭᠡᠵᠦ ᠵᠠᠭᠠᠯᠳᠤᠵᠤ ᠳᠤᠮᠳᠠᠳᠤ ᠶᠢᠨ ᠠᠵᠤ ᠠᠬᠤᠢᠯᠠᠯ ᠨᠢ ᠮᠡᠳᠡᠯᠭᠡ ᠶᠢᠨ ᠥᠮᠴᠢ ᠶᠢᠨ ᠡᠷᠬᠡ ᠶᠢᠨ ᠲᠠᠯ᠎ᠠ ᠪᠡᠷ ᠡᠷᠭᠢᠯᠲᠡ 
2016.05.25 ᠲᠣᠰ ᠥᠷᠲᠡᠭᠡᠨ ᠦ ᠨᠠᠢᠷᠠᠭᠤᠯᠤᠭᠴᠢ

 ᠬᠤᠸᠠ ᠸᠧᠢ ᠡᠴᠡ Samsung ᠢ ᠲᠤᠰᠬᠠᠢ ᠠᠰᠢᠭ ᠤᠨ ᠡᠷᠬᠡ ᠳᠤ ᠬᠠᠯᠳᠠᠭᠰᠠᠨ ᠭᠡᠵᠦ ᠵᠠᠭᠠᠯᠳᠤᠵᠤ  ᠳᠤᠮᠳᠠᠳᠤ ᠶᠢᠨ  ᠠᠵᠤ ᠠᠬᠤᠢᠯᠠᠯ ᠨᠢ ᠮᠡᠳᠡᠯᠭᠡ ᠶᠢᠨ ᠥᠮᠴᠢ ᠶᠢᠨ ᠡᠷᠬᠡ ᠶᠢᠨ ᠲᠠᠯ᠎ᠠ ᠪᠡᠷ ᠡᠷᠭᠢᠯᠲᠡ ᠲᠠᠢ ᠪᠤᠯᠪᠠ

 

5 ᠰᠠᠷ᠎ᠠ ᠶᠢᠨ 25  ᠤ ᠡᠳᠦᠷ ᠦᠨ ᠥᠷᠯᠥᠭᠡ ᠡᠷᠲᠡ ᠂ ᠬᠤᠸᠠ ᠸᠧᠶ ᠺᠣᠮᠫᠠᠨᠢ  ᠡᠴᠡ ᠨᠢᠭᠡᠨᠲᠡ ᠪᠦᠬᠦ ᠪᠥᠮᠪᠥᠷᠴᠡᠭ ᠦᠨ ᠬᠠᠮᠤᠭ ᠤᠨ ᠶᠡᠬᠡ ᠭᠠᠷ  ᠤᠲᠠᠰᠤ  ᠦᠢᠯᠡᠳᠦᠨ ᠬᠤᠳᠠᠯᠳᠤᠭᠠᠯᠠᠬᠤ Samsung ᠡᠯᠧᠺᠲ᠋ᠷᠣᠨ ᠳᠤ ᠮᠡᠳᠡᠯᠭᠡ ᠶᠢᠨ ᠪᠦᠲᠦᠭᠡᠭᠳᠡᠬᠦᠨ ᠦ ᠥᠮᠴᠢᠯᠡᠬᠦ ᠡᠷᠬᠡ ᠶᠢᠨ ᠵᠠᠷᠭᠤ ᠵᠠᠭᠠᠯᠳᠤᠯᠭ᠎ᠠ ᠭᠠᠷᠭᠠᠭᠰᠠᠨ ᠢ ᠨᠡᠢᠲᠡᠯᠡᠵᠦ ᠂ ᠲᠤᠰ ᠺᠣᠮᠫᠠᠨᠢ ᠨᠢ ᠤᠶᠤᠨᠲᠤ ᠭᠠᠷ ᠤᠲᠠᠰᠤᠨ ᠤ ᠲᠤᠰᠬᠠᠶ ᠠᠰᠢᠭ ᠡᠷᠬᠡ ᠳᠤ ᠬᠠᠯᠳᠠᠭᠰᠠ  ᠪᠥᠭᠡᠳ  ᠲᠥᠯᠦᠪᠦᠷᠢ ᠠᠪᠬᠤ ᠪᠡᠷ ᠱᠠᠭᠠᠷᠳᠠᠪᠠ᠃ ᠡᠨᠡ  ᠨᠢ ᠳᠤᠮᠳᠠᠳᠤ ᠤᠯᠤᠰ ᠤᠨ ᠠᠵᠤ ᠠᠬᠤᠶᠢᠯᠠᠯ  ᠠᠩᠬ᠎ᠠ ᠤᠳᠠᠭ᠎ᠠ ᠲᠤᠰ ᠬᠡᠯᠪᠡᠷᠢ ᠶᠢᠨ ᠵᠠᠷᠭᠤ ᠶᠢ ᠬᠢᠵᠦ ᠂ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠮᠡᠷᠭᠡᠵᠢᠯ ᠦᠨ ᠠᠵᠤ ᠠᠬᠤᠶᠢᠯᠠᠯ ᠤᠨ ᠬᠢᠨ ᠡᠶᠢᠮᠦᠷᠬᠦ ᠤᠯᠠᠨ ᠤᠯᠤᠰ ᠣᠨ ᠲᠤᠰᠬᠠᠶ ᠠᠰᠢᠭ ᠣᠨ ᠵᠠᠷᠭᠤᠯᠳᠤᠭᠠᠨ ᠤ ᠳᠤᠮᠳᠠ ᠡᠷᠭᠢᠯᠲᠡ ᠭᠠᠷᠴᠤ ᠪᠠᠢᠭ᠎ᠠ ᠶᠢ ᠬᠠᠷᠠᠭᠤᠯᠵᠤ ᠪᠠᠢᠨ᠎ᠠ᠃

ᠷᠦᠲ᠋ᠸᠷ ᠬᠣᠷᠢᠶᠠᠨ ᠤ ᠮᠡᠳᠡᠭᠡ  ᠶᠢ ᠦᠨᠳᠦᠰᠦᠯᠡᠪᠡᠯ ᠂ ᠲᠤᠰ ᠮᠡᠳᠡᠯᠭᠡ  ᠶᠢᠨ ᠪᠦᠲᠦᠭᠡᠭᠳᠡᠬᠦᠨ ᠦ ᠡᠷᠬᠡ  ᠶᠢᠨ ᠵᠠᠷᠭᠤ ᠨᠢ ᠠᠮᠧᠷᠢᠺᠠ  ᠪᠠ ᠳᠤᠮᠳᠠᠳᠤ ᠤᠯᠤᠰ  ᠲᠤ ᠵᠡᠷᠭᠡᠪᠡᠷ ᠶᠠᠪᠤᠭᠳᠠᠵᠤ᠂ ᠺᠠᠯᠫᠤᠷᠨᠢᠶ᠎ᠠ ᠵᠧᠦ ᠶᠢᠨ ᠤᠮᠠᠷᠠᠲᠤ ᠣᠷᠣᠨ ᠤ ᠰᠢᠭᠦᠬᠦ ᠬᠣᠷᠢᠶ᠎ᠠ ᠪᠠ ᠱᠧᠨᠵᠧᠨ ᠬᠣᠲᠠ  ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ  ᠪᠠᠭᠲᠠᠨ᠎ᠠ᠃ ᠬᠤᠸᠠ ᠸᠧᠶ ᠢᠯᠡᠷᠬᠡᠢᠯᠡᠭᠰᠡᠨ  ᠨᠢ ᠂ Samsung ᠡᠷᠬᠡ ᠣᠯᠭᠣᠯᠲᠠ ᠶᠢ ᠳᠠᠮᠵᠢᠭᠰᠠᠨ ᠥᠭᠡᠢ ᠪᠡᠷ  ᠭᠠᠷ ᠤᠲᠠᠰᠤᠨ ᠳᠤ ᠪᠡᠨ ᠬᠤᠸᠠ ᠸᠧᠢ ᠶᠢᠨ ᠳᠥᠷᠪᠡᠳᠦᠭᠡᠷ ᠦᠶ᠎ᠡ ᠶᠢᠨ( 4 G ) ᠵᠥᠭᠡᠢ ᠡᠭᠦᠷ ᠬᠡᠯᠪᠡᠷᠢ ᠶᠢᠨ ᠮᠡᠳᠡᠭᠡ ᠬᠣᠯᠪᠣᠭᠠᠨ ᠤ ᠲᠧᠭᠨᠢᠭ ᠮᠡᠷᠭᠡᠵᠢᠯ ᠂ ᠵᠣᠬᠢᠶᠠᠮᠠᠯ ᠰᠢᠰᠲ᠋ᠧᠮ ᠪᠠ ᠬᠡᠷᠡᠭᠯᠡᠭᠴᠢ ᠶᠢᠨ ᠵᠤᠯᠭᠠᠭᠤᠷ ᠵᠥᠭᠡᠯᠡᠨ ᠲᠣᠨᠤᠭ ᠢ ᠬᠡᠷᠡᠭᠯᠡᠭᠰᠡᠨ ᠪᠠᠢᠨ᠎ᠠ ᠃

ᠬᠤᠸᠠ ᠸᠧᠶ  ᠢᠯᠡᠷᠬᠡᠢᠯᠡᠭᠰᠡᠨ ᠨᠢ ᠂ ᠭᠣᠣᠯ ᠰᠢᠯᠵᠢᠮᠡᠯ ᠮᠡᠳᠡᠭᠡ ᠬᠣᠯᠪᠣᠭᠠᠨ ᠤ ᠪᠠᠷᠢᠮᠵᠢᠶ᠎ᠠ ᠶᠢᠨ ᠴᠢᠬᠤᠯᠠ ᠪᠦᠬᠦᠢ ᠲᠤᠰᠬᠠᠶ ᠠᠰᠢᠭ ᠤᠨ ᠡᠷᠬᠡ ᠲᠡᠶ ᠬᠥᠮᠦᠨ  ᠪᠣᠯᠤᠭᠰᠠᠨ ᠤ ᠬᠤᠪᠢ ᠳᠤ᠂ ᠲᠡᠭᠦᠨ ᠦ ᠲᠧᠭᠨᠢᠭ ᠮᠡᠷᠭᠡᠵᠢᠯ ᠢ ᠬᠡᠷᠡᠭᠯᠡᠭᠰᠡᠨ ᠪᠣᠯᠪᠠᠴᠤ ᠲᠤᠰᠬᠠᠶ ᠠᠰᠢᠭ ᠤᠨ ᠵᠥᠪᠰᠢᠶᠡᠷᠡᠯ ᠦᠨ ᠡᠷᠬᠡ ᠶᠢ ᠣᠯᠤᠭᠰᠠᠨ ᠦᠭᠡᠢ ᠺᠣᠮᠫᠠᠨᠢ ᠡᠴᠡ ᠵᠦᠢ ᠵᠣᠬᠢᠰᠲᠠᠶ ᠲᠥᠯᠥᠪᠦᠷᠢ ᠤᠯᠬᠤ ᠡᠷᠬᠡ ᠲᠠᠢ ᠃ ᠰᠠᠨ ᠰᠢᠨᠭ ᠡᠴᠡ ᠬᠤᠸᠠ ᠸᠧᠶ ᠰᠤᠳᠤᠯᠤᠨ ᠨᠡᠭᠡᠭᠡᠬᠦ ᠪᠠ ᠮᠡᠳᠡᠯᠭᠡ ᠶᠢᠨ ᠪᠦᠲᠦᠭᠡᠭᠳᠡᠬᠦᠨ ᠦ ᠥᠮᠴᠢᠯᠡᠬᠦ ᠡᠷᠬᠡ ᠶᠢᠨ ᠦᠷ᠎ᠡ ᠪᠦᠲᠦᠭᠡᠯ  ᠬᠦᠨᠳᠦᠳᠬᠡᠵᠦ ᠂ ᠵᠥᠪᠰᠢᠶᠡᠷᠡᠯ ᠣᠯᠤᠭᠰᠠᠨ ᠦᠭᠡᠢ ᠪᠠᠶᠢᠳᠠᠯ ᠳᠣᠣᠷ᠎ᠠ ᠲᠤᠰᠬᠠᠶ ᠠᠰᠢᠭ ᠤᠨ ᠡᠷᠬᠡ ᠳᠦ ᠬᠠᠯᠳᠠᠭᠰᠠᠨ ᠦᠢᠯᠡ ᠠᠵᠢᠯᠯᠠᠭ᠎ᠠ  ᠪᠡᠨ ᠵᠣᠭᠰᠣᠭᠠᠬᠤ ᠶᠢ ᠬᠦᠰᠡᠵᠦ ᠪᠠᠢᠨ᠎ᠠ ᠭᠡᠪᠡ᠃

《  ᠪᠢᠳᠡ ᠲᠤᠰᠬᠠᠶ ᠠᠰᠢᠭ ᠲᠤ ᠬᠠᠯᠳᠠᠭᠰᠠᠨ ᠦᠢᠯᠡ ᠠᠵᠢᠯᠯᠠᠭ᠎ᠠ  ᠪᠡᠨ ᠵᠣᠭᠰᠣᠭᠠᠬᠤ  ᠶᠢ Samsung ᠳᠤ ᠬᠦᠰᠡᠵᠦ ᠪᠠᠶᠢᠨ᠎ᠠ ᠂ ᠡᠭᠦᠨ ᠤ ᠬᠠᠮᠲᠤ ᠬᠤᠸᠠ ᠸᠧᠢ ᠡᠴᠡ ᠴᠢᠬᠤᠯᠠ ᠪᠦᠬᠦᠢ ᠵᠥᠪᠰᠢᠶᠡᠷᠡᠯ ᠣᠯᠤᠭᠰᠠᠨ ᠪᠠᠶᠢᠬᠤ ᠬᠡᠷᠡᠭᠲᠡᠶ᠃ ᠢᠳᠡᠪᠬᠢᠲᠡᠶ ᠬᠠᠮᠲᠤᠷᠠᠨ ᠠᠵᠢᠯᠯᠠᠬᠤ ᠣᠪᠣᠷ  ᠢᠶᠡᠷ ᠬᠤᠸᠠ ᠸᠧᠢ  ᠲᠠᠢ ᠬᠠᠮᠲᠤ ᠪᠠᠷ ᠠᠵᠤ ᠦᠢᠯᠡᠰ ᠦᠨ ᠳᠠᠪᠰᠢᠯᠲᠠ ᠶᠢ ᠲᠦᠯᠬᠢᠨ ᠠᠬᠢᠭᠤᠯᠤᠨ᠎ᠠ 》 ᠂ ᠬᠤᠸᠠ ᠸᠧᠶ ᠶᠢᠨ ᠮᠡᠳᠡᠯᠭᠡ ᠶᠢᠨ ᠪᠦᠲᠦᠭᠡᠭᠳᠡᠬᠦᠨ ᠦ ᠥᠮᠴᠢᠯᠡᠬᠦ ᠡᠷᠬᠡ ᠶᠢᠨ ᠲᠤᠬᠠᠶ ᠬᠡᠯᠲᠡᠰ ᠦᠨ ᠳᠠᠷᠤᠭ᠎ᠠ ᠳ᠋ᠢᠩ ᠵᠢᠶᠠᠨ ᠰᠢᠨ ᠢᠩᠬᠢᠵᠦ ᠢᠯᠡᠷᠬᠡᠢᠯᠡᠪᠡ᠂ 《 ᠤᠶᠤᠨᠲᠤ ᠭᠠᠷ ᠤᠲᠠᠰᠤᠨ ᠤ ᠠᠵᠢᠯ ᠲᠦᠷᠦᠯ ᠢ ᠡᠷᠡᠭᠦᠯ ᠢᠶᠡᠷ ᠬᠥᠭᠵᠢᠭᠦᠯᠬᠦ  ᠶᠢᠨ ᠰᠠᠭᠤᠷᠢ ᠪᠣᠯ ᠠᠵᠢᠯ ᠲᠥᠷᠥᠯ ᠦᠨ ᠳᠣᠲᠣᠷᠠᠬᠢ ᠦᠯᠡᠮᠵᠢ ᠤᠯᠠᠨ ᠲᠤᠰᠬᠠᠶ ᠠᠰᠢᠭ ᠤᠨ ᠰᠤᠯᠪᠢᠴᠠᠭᠠᠳ᠋ᠤ ᠵᠥᠪᠰᠢᠶᠡᠷᠡᠯ  ᠤᠨ ᠬᠡᠯᠡᠯᠴᠡᠭᠡᠷ ᠢᠶᠡᠷ ᠳᠠᠮᠵᠢᠵᠤ ᠬᠠᠤᠯᠢ ᠶᠣᠰᠣᠨ ᠤ ᠮᠡᠷᠭᠡᠵᠢᠯ ᠢ ᠬᠠᠮᠲᠤ ᠪᠠᠷ ᠬᠡᠷᠡᠭᠯᠡᠬᠦ ᠶᠢ ᠪᠠᠲᠤᠯᠠᠬᠤ ᠪᠣᠯᠤᠨ᠎ᠠ ᠃  ᠨᠡᠨ ᠣᠶᠢᠯᠠᠭᠠᠭᠳᠠᠬᠤᠨ ᠤ ᠶᠣᠰᠣᠭᠠᠷ ᠂ ᠬᠤᠸᠠ ᠸᠧᠶ  ᠤᠯᠠᠨ ᠵᠢᠯ ᠦᠨ ᠲᠤᠷᠰᠢ ᠢᠳᠡᠪᠬᠢᠲᠡᠶ  ᠪᠡᠷ ᠠᠵᠢᠯ ᠲᠦᠷᠦᠯ ᠦᠨ ᠳᠣᠲᠣᠷᠠᠬᠢ ᠪᠤᠰᠤᠳ ᠲᠤᠰᠬᠠᠶ ᠠᠰᠢᠭ ᠡᠵᠡᠮᠰᠢᠭᠴᠢ ᠲᠠᠢ ᠬᠡᠯᠡᠯᠴᠡᠭᠡ ᠬᠢᠬᠦ ᠪᠠ ᠰᠤᠯᠪᠢᠴᠠᠭᠠᠳ᠋ᠤ ᠵᠥᠪᠰᠢᠶᠡᠷᠡᠯ  ᠢ ᠶᠠᠪᠤᠭᠳᠠᠭᠤᠯᠵᠤ ᠂ ᠤᠷᠢᠳ ᠬᠣᠵᠢᠳ ᠬᠡᠳᠦᠨ ᠠᠵᠢᠯ ᠲᠦᠷᠦᠯ ᠦᠨ ᠠᠨᠳᠠ ᠬᠢᠨ ᠲᠠᠢ ᠬᠤᠳᠠᠯᠳᠤᠭᠠᠨ ᠤ ᠵᠥᠪᠰᠢᠶᠡᠷᠡᠯ ᠦᠨ ᠬᠡᠯᠡᠯᠴᠡᠭᠡᠷ ᠤᠨ ᠭᠠᠷ ᠤᠨ ᠦᠰᠦᠭ ᠵᠢᠷᠤᠭᠰᠠᠨ ᠪᠠᠶᠢᠨ᠎ᠠ ᠃ 》

 ᠳᠤᠮᠳᠠᠳᠤ ᠶᠢᠨ ᠠᠵᠤ ᠠᠬᠤᠢᠯᠠᠯ ᠤᠨ ᠪᠠᠢᠷᠢ ᠰᠠᠭᠤᠷᠢ ᠬᠤᠪᠢᠷᠠᠯᠲᠠ ᠭᠠᠷᠪᠠ

 ᠡᠨᠡ ᠤᠳᠠᠭᠠᠨ ᠤ ᠭᠠᠷᠭᠠᠭᠰᠠᠨ ᠵᠠᠭᠠᠯᠳᠤᠯᠭ᠎ᠠ ᠨᠢ ᠳᠤᠮᠳᠠᠳᠤ ᠤᠯᠤᠰ ᠤᠨ ᠠᠵᠤ ᠠᠬᠤᠶᠢᠯᠠᠯ ᠨᠢ ᠲᠤᠰᠬᠠᠶ ᠠᠰᠢᠭ ᠤᠨ ᠡᠷᠬᠡ ᠳᠦ ᠬᠠᠯᠳᠠᠭᠰᠠᠨ ᠬᠡᠷᠡᠭ ᠤᠨ ᠲᠤᠮᠳᠠ ᠡᠷᠭᠢᠯᠲᠡ ᠭᠠᠷᠴᠤ ᠂ ᠵᠠᠭᠠᠯᠳᠤᠭᠳᠠᠭᠰᠠᠨ ᠡᠲᠡᠭᠡᠳ  ᠪᠢᠰᠢ ᠪᠣᠯᠤᠭᠰᠠᠨ ᠪᠠᠢᠯ᠎ᠠ ᠃ ᠣᠶᠢᠷ᠎ᠠ ᠶᠢᠨ ᠵᠢᠯ ᠦᠳ ᠲᠦ ᠂ ᠳᠤᠮᠳᠠᠳᠤ ᠤᠯᠤᠰ ᠤᠨ ᠤᠶᠤᠨᠲᠤ ᠭᠠᠷ ᠤᠲᠠᠰᠤ  ᠦᠢᠯᠡᠳᠦᠭᠴᠢᠳ ᠦᠳᠲᠡᠷ ᠲᠦᠷᠭᠡᠨ  ᠬᠥᠭᠵᠢᠪᠡ ᠂ ᠭᠡᠪᠡᠴᠦ ᠮᠡᠳᠡᠯᠭᠡ ᠶᠢᠨ ᠪᠦᠲᠦᠭᠡᠭᠳᠡᠬᠦᠨ ᠦ ᠥᠮᠴᠢᠯᠡᠬᠦ ᠡᠷᠬᠡ ᠶᠢᠨ ᠲᠤᠬᠠᠶ ᠮᠠᠷᠭᠤᠯᠳᠤᠭᠠᠨ  ᠡᠴᠡ ᠪᠣᠯᠵᠤ ᠳᠤᠮᠳᠠᠳᠤ ᠤᠯᠤᠰ ᠤᠨ ᠠᠵᠤ ᠠᠬᠤᠶᠢᠯᠠᠯ ᠠᠷᠭ᠎ᠠ ᠪᠤᠰᠤ ᠭᠠᠳᠠᠭᠰᠢ ᠥᠷᠭᠡᠳᠬᠡᠬᠦ ᠠᠬᠢᠴᠠ ᠪᠡᠨ ᠠᠯᠭᠤᠷ ᠪᠣᠯᠭᠠᠬᠤ ᠬᠡᠷᠡᠭᠲᠠᠢ ᠪᠣᠯᠵᠠᠢ  ᠃

2014 ᠣᠨ ᠤ ᠡᠴᠦᠰ  ᠲᠤ᠂  ᠠᠢ ᠯᠢ ᠰᠢᠨ ᠺᠣᠮᠫᠠᠨᠢ ᠲᠤᠰᠬᠠᠶ ᠠᠰᠢᠭ ᠤᠨ ᠵᠠᠷᠤᠳᠠᠯ ᠢᠶᠡᠷ ᠨᠡᠬᠡᠮᠵᠢᠯᠡᠭᠰᠡᠨ ᠡᠴᠡ᠂  ᠰᠢᠶᠣᠤ ᠮᠢ ᠲᠡᠭᠦᠨ ᠦ ᠭᠠᠷ ᠤᠲᠠᠰᠤᠨ ᠤ ᠡᠨᠡᠳᠬᠡᠭ ᠲᠡᠬᠢ  ᠪᠣᠷᠤᠯᠠᠭᠤᠯᠭ᠎ᠠ ᠪᠡᠨ ᠨᠢᠭᠡ ᠦᠢ᠎ᠡ ᠲᠦᠷ ᠵᠣᠭᠰᠣᠭᠠᠬᠤ ᠦᠭᠡᠢ ᠪᠠᠶᠢᠬᠤ ᠶᠢᠨ ᠠᠷᠭ᠎ᠠ ᠦᠭᠡᠢ ᠪᠣᠯᠪᠠ ᠃ ᠣᠳᠣᠬᠠᠨ ᠳᠤ ᠂ ᠡᠨᠡᠳᠬᠡᠭ ᠦᠨ ᠰᠢᠭᠦᠬᠦ ᠬᠣᠷᠢᠶ᠎ᠠ  ᠡᠴᠡ ᠰᠢᠶᠣᠤ ᠮᠢ ᠳᠤ ᠲᠦᠷ ᠴᠠᠭ ᠤᠨ ᠵᠥᠪᠰᠢᠶᠡᠷᠡᠯ ᠣᠯᠭᠤᠵᠤ᠂  ᠰᠢᠶᠣᠤ ᠮᠢ ᠵᠥᠪᠬᠡᠨ ᠭᠤᠤ ᠲᠦᠩ ᠴᠠᠬᠢᠮ ᠲᠠᠢ ᠭᠠᠷ ᠤᠲᠠᠰᠤ ᠪᠡᠨ ᠡᠨᠡᠳᠬᠡᠭ ᠳᠤ ᠪᠤᠷᠤᠯᠠᠭᠤᠯᠵᠤ ᠂ ᠡᠭᠦᠨ ᠦ ᠵᠡᠷᠭᠡᠴᠡᠭᠡᠪᠡᠷ ᠨᠢᠭᠡ ᠭᠠᠷ ᠤᠲᠠᠰᠤ ᠬᠤᠳᠠᠯᠳᠤᠬᠤ ᠪᠦᠷᠢ᠂ 100 ᠡᠨᠡᠳᠬᠡᠭ ᠷᠥᠪᠯᠢ ᠵᠣᠭᠤᠰ ᠡᠨᠡᠳᠬᠡᠭ ᠦᠨ ᠰᠢᠭᠦᠬᠦ ᠬᠣᠷᠢᠶ᠎ᠠ ᠳᠤ ᠤᠷᠢᠳᠴᠢᠯᠠᠨ  ᠲᠤᠰᠢᠶᠠᠬᠤ ᠴᠢᠬᠤᠯᠠᠲᠠᠢ ᠃

ᠡᠭᠦᠨ ᠡᠴᠡ ᠡᠮᠦᠨ᠎ᠡ ᠂ ᠤᠶᠤᠨᠲᠤ ᠭᠠᠷ ᠤᠲᠠᠰᠤᠨ ᠤ ᠠᠵᠢᠯ ᠲᠦᠷᠦᠯ ᠦᠨ ᠲᠤᠰᠬᠠᠶ ᠠᠰᠢᠭ ᠤᠨ ᠵᠢᠭᠤᠷᠠᠯᠳᠤᠭᠠᠨ ᠨᠢSamsung ᠪᠠ ᠲᠡᠭᠦᠨ ᠦ ᠠᠮᠧᠷᠢᠺᠠ ᠶᠢᠨ ᠥᠷᠢᠰᠥᠯᠳᠦᠭᠴᠢ ᠠᠯᠮᠤᠷᠠᠳ ᠬᠣᠭᠣᠷᠣᠨᠳᠣ ᠡᠭᠦᠰᠳᠡᠭ ᠪᠠᠢᠪᠠ ᠃ 2011 ᠣᠨ ᠳᠤ ᠂ ᠠᠯᠮᠤᠷᠠᠳ  ᠠᠮᠧᠷᠢᠺᠠ  ᠳᠤSamsung  ᠢ ᠵᠠᠭᠠᠯᠳᠤᠪᠠ ᠂ ᠠᠯᠮᠤᠷᠠᠳ ᠤᠨ ᠢᠯᠡᠷᠬᠡᠢᠯᠡᠭᠰᠡᠨ ᠢᠶᠡᠷSamsung ᠵᠥᠪᠰᠢᠶᠡᠷᠡᠯ ᠦᠭᠡᠢ ᠪᠡᠷ ᠲᠡᠭᠦᠨ ᠤ ᠮᠡᠷᠭᠡᠵᠢᠯ ᠢ ᠬᠡᠷᠡᠭᠯᠡᠭᠰᠡᠨ ᠪᠠ iPhone  ᠤ ᠭᠠᠳᠠᠷ ᠳᠦᠷᠦᠬᠦ ᠶᠢ  ᠳᠠᠭᠤᠷᠢᠶᠠᠪᠠ ᠂ ᠰᠡᠭᠦᠯᠡᠷ ᠨᠢ ᠬᠣᠶᠠᠷ ᠡᠲᠡᠭᠡᠳ ᠢᠶᠡᠷ ᠢᠶᠡᠨ ᠬᠡᠳᠦᠨ ᠤᠯᠤᠰ  ᠲᠤ ᠡᠰᠡᠷᠭᠦ ᠡᠲᠡᠭᠡᠳ ᠲᠤ ᠪᠡᠨ ᠴᠢᠭᠯᠡᠭᠦᠯᠦᠨ ᠠᠯᠢ ᠣᠯᠠᠨ ᠵᠠᠭᠠᠯᠳᠤᠯᠭ᠎ᠠ ᠭᠠᠷᠭᠠᠭᠰᠠᠨ  ᠪᠠᠢᠨ᠎ᠠ ᠃

ᠬᠤᠸᠠ ᠸᠧᠶ  ᠨᠢᠭᠡ ᠢᠯᠡᠷᠬᠡᠶᠢᠯᠡᠯᠲᠡ ᠳᠡᠭᠡᠨ ᠢᠯᠡᠷᠬᠡᠶᠢᠯᠡᠭᠰᠡᠨ ᠨᠢ ᠂ 2015 ᠣᠨ  ᠳᠤ ᠨᠡᠶᠢᠲᠡ 596 ᠳ᠋ᠦᠩᠰᠢᠭᠤᠷ ᠲᠥᠭᠥᠷᠢᠭ ᠠᠷᠠᠳ ᠤᠨ ᠵᠣᠭᠣᠰ ( ᠪᠠᠷᠤᠭ 92 ᠳ᠋ᠦᠩᠰᠢᠭᠤᠷ ᠳ᠋ᠣᠯᠯᠠᠷ  ᠲᠠᠶ ᠲᠡᠩᠴᠡᠨ᠎ᠡ ) ᠵᠠᠷᠤᠴᠠᠭᠤᠯᠵᠤ ᠂ ᠰᠢᠨ᠎ᠡ ᠲᠧᠭᠨᠢᠭ ᠮᠡᠷᠭᠡᠵᠢᠯ ᠂ ᠰᠢᠨ᠎ᠡ ᠦᠢᠯᠡᠳᠭᠡᠭᠦᠨ ᠪᠠ ᠷᠠᠳᠢᠣ᠋ ᠬᠣᠯᠪᠣᠭᠠᠨ ᠤ  ᠪᠠᠷᠢᠮᠵᠢᠶᠠᠯᠲᠠ ᠶᠢ ᠰᠤᠳᠤᠯᠤᠨ ᠨᠡᠭᠡᠭᠡᠬᠦ  ᠳᠤ ᠬᠡᠷᠡᠭᠯᠡᠵᠦ᠂ ᠲᠡᠭᠦᠨ ᠦ ᠡᠵᠡᠩᠨᠡᠯᠲᠡ ᠶᠢᠨ ᠣᠷᠣᠯᠭ᠎ᠠ ᠶᠢᠨ 15% ‍ ᠳᠤ  ᠬᠦᠷᠪᠡ᠃

 ᠳᠡᠯᠡᠬᠡᠢ ᠶᠢᠨ ᠮᠡᠳᠡᠯᠭᠡ ᠶᠢᠨ ᠥᠮᠴᠢᠯᠡᠯ ᠤᠨ ᠡᠷᠬᠡ ᠶᠢᠨ ᠪᠠᠢᠭᠤᠯᠤᠮᠵᠢ (WIPO) ᠨᠡᠢᠲᠡᠯᠡᠭᠰᠡᠨ2015 ᠣᠨ ᠤ ᠣᠯᠠᠨ ᠤᠯᠤᠰ ᠤᠨ PCT ᠲᠤᠰᠬᠠᠶ ᠠᠰᠢᠭ ᠭᠤᠶᠤᠴᠢᠯᠠᠭᠰᠠᠨ ᠲᠣᠭ᠎ᠠ ᠪᠦᠷᠢᠳᠬᠡᠯ ᠢ ᠦᠨᠳᠦᠰᠦᠯᠡᠪᠡᠯ ᠂ ᠬᠤᠸᠠ ᠸᠧᠶ ᠬᠢᠵᠠᠭᠠᠷᠲᠤ ᠺᠣᠮᠫᠠᠨᠢ 3898 ᠵᠦᠢᠯ ᠦᠨ ᠲᠤᠰᠬᠠᠶ ᠠᠰᠢᠭ ᠭᠤᠶᠤᠴᠢᠯᠠᠭᠰᠠᠨ ᠪᠠᠶᠢᠨ᠎ᠠ ᠂  ᠲᠡᠭᠡᠷ᠎ᠠ ᠵᠢᠯ ᠡᠴᠡ 456 ᠵᠦᠢᠯ ᠨᠡᠮᠡᠭᠳᠡᠭᠰᠡᠨ ᠪᠠᠶᠢᠨ᠎ᠠ ᠃  2015 ᠣᠨ ᠤ ᠡᠴᠦᠰ ᠪᠣᠯᠲᠠᠯ᠎ᠠ ᠂ ᠬᠤᠸᠠ ᠸᠧᠶ ᠪᠦᠬᠦ ᠳᠡᠯᠡᠬᠡᠶ ᠶᠢᠨ ᠬᠡᠮᠵᠢᠶᠡᠨ᠎ᠡ ᠣᠯᠤᠭᠰᠠᠨ ᠲᠤᠰᠬᠠᠶ ᠠᠰᠢᠭ ᠤᠨ ᠡᠷᠬᠡ 50377 ᠵᠤᠪᠤᠰ᠃

ᠡᠭᠦᠨ ᠡᠴᠡ ᠡᠮᠦᠨ᠎ᠡ ᠂ ᠤᠯᠤᠰ ᠤᠨ ᠮᠡᠳᠡᠯᠭᠡ ᠶᠢᠨ ᠪᠦᠲᠦᠭᠡᠭᠳᠡᠬᠦᠨ ᠦ ᠥᠮᠴᠢᠯᠡᠬᠦ ᠡᠷᠬᠡ ᠶᠢᠨ ᠲᠣᠪᠴᠢᠶᠠᠨ ᠤ ᠨᠡᠶᠢᠲᠡᠯᠡᠭᠰᠡᠨ ᠬᠠᠮᠤᠭ ᠤᠨ ᠰᠢᠨ᠎ᠡ ᠮᠡᠳᠡᠭᠡ ᠵᠠᠩᠭᠢ  ᠶᠢᠨ ᠢᠯᠡᠷᠡᠭᠦᠯᠦᠭᠰᠡᠨ ᠢᠶᠡᠷ᠂ 2015 ᠣᠨ ᠪᠣᠯᠬᠤ  ᠳᠤ ᠂ ᠬᠤᠸᠠ ᠸᠧᠶ ᠡᠴᠡ ᠠᠯᠮᠤᠷᠠᠳ ᠺᠣᠮᠫᠠᠨᠢ ᠳᠤ ᠵᠥᠪᠰᠢᠶᠡᠷᠡᠯ ᠥᠭᠭᠦᠭᠰᠡᠨ ᠲᠤᠰᠬᠠᠶ ᠠᠰᠢᠭ ᠤᠨ ᠡᠷᠬᠡ 769 ᠵᠤᠷᠪᠤᠰ ᠂ ᠠᠯᠮᠤᠷᠠᠳ ᠺᠣᠮᠫᠠᠨᠢ ᠡᠴᠡ ᠬᠤᠸᠠ ᠸᠧᠶ ᠳᠤ ᠵᠥᠪᠰᠢᠶᠡᠷᠡᠯ ᠥᠭᠭᠦᠭᠰᠡᠨ ᠲᠤᠰᠬᠠᠶ ᠠᠰᠢᠭ ᠤᠨ ᠡᠷᠬᠡ 98 ᠵᠦᠢᠯ  ᠪᠠᠢᠪᠠ ᠃ ᠲᠤᠬᠠᠶ ᠶᠢᠨ ᠦᠢ᠎ᠡ ᠶᠢᠨ ᠠᠵᠤ ᠠᠬᠤᠶ  ᠶᠢᠨ ᠡᠳᠦᠷ  ᠤᠨ ᠰᠣᠨᠢᠨ ᠮᠡᠳᠡᠭᠡᠨ ᠦ ᠮᠡᠳᠡᠭᠡᠯᠡᠯ  ᠢ ᠦᠨᠳᠦᠰᠦᠯᠡᠪᠡᠯ ᠂ ᠬᠤᠸᠠ ᠸᠧᠶ 2015 ᠣᠨ ᠳᠤ ᠠᠯᠮᠤᠷᠠᠳ ᠺᠣᠮᠫᠠᠨᠢ ᠲᠠᠢ ᠠᠯᠢ ᠤᠯᠠᠨ ᠲᠤᠰᠬᠠᠶ ᠠᠰᠢᠭ ᠤᠨ ᠵᠥᠪᠰᠢᠶᠡᠷᠡᠯ ᠦᠨ ᠬᠡᠯᠡᠯᠴᠡᠭᠡᠷ ᠳᠤᠭᠲᠠᠵᠤ ᠂ GSM、UMTS、LTE ᠵᠡᠷᠭᠡ ᠷᠠᠳᠢᠣ᠋ ᠬᠣᠯᠪᠣᠭᠠᠨ ᠤ ᠮᠡᠷᠭᠡᠵᠢᠯ ᠢ ᠬᠠᠮᠤᠷᠠᠭᠰᠠᠨ ᠪᠠᠢᠨ᠎ᠠ ᠃

ᠬᠤᠸᠠ ᠸᠧᠶ ᠪᠣᠷᠣᠯᠠᠭᠤᠯᠬᠤ ᠬᠡᠮᠵᠢᠶ᠎ᠡ ᠲᠠᠰᠤᠷᠠᠯᠲᠠ ᠦᠭᠡᠶ ᠨᠡᠮᠡᠭᠳᠡᠵᠦ ᠪᠠᠢᠨ᠎ᠠ

ᠰᠠᠨ ᠰᠢᠩ ᠤᠤᠯ ᠨᠢ ᠳᠤᠮᠳᠠᠳᠤ ᠤᠯᠤᠰ ᠤᠨ ᠤᠶᠤᠨᠲᠤ ᠭᠠᠷ ᠤᠲᠠᠰᠤᠨ ᠤ ᠵᠠᠬ᠎ᠠ ᠳᠡᠯᠭᠡᠭᠦᠷ ᠦᠨ ᠪᠣᠷᠣᠯᠠᠭᠤᠯᠤᠯᠲᠠ ᠶᠢᠨ ᠬᠡᠮᠵᠢᠶ᠎ᠡ ᠶᠢᠨ ᠮᠠᠩᠯᠠᠶ ᠪᠠᠢᠪᠠ ᠂ ᠭᠡᠪᠡᠴᠦ ᠣᠳᠣᠬᠠᠨ ᠳᠤ ᠳᠣᠷᠣᠭᠰᠢᠯᠠᠭᠠᠳ ᠨᠢᠭᠡᠨᠲᠡ ᠵᠢᠷᠭᠤᠳᠤᠭᠠᠷ ᠲᠤ ᠣᠷᠣᠵᠤ ᠂ ᠬᠤᠸᠠ ᠸᠧᠶ ᠂ OPPO᠂ vivo᠂ ᠠᠯᠮᠤᠷᠠᠳ ᠂  ᠰᠢᠶᠣᠤ ᠮᠢ   ᠴᠥᠮ  ᠳᠠᠪᠠᠨ ᠭᠠᠷᠤᠭᠰᠠᠨ ᠪᠠᠢᠨ᠎ᠠ᠃

ᠪᠦᠬᠦ ᠪᠥᠮᠪᠥᠷᠴᠡᠭ ᠦᠨ ᠵᠠᠬ᠎ᠠ ᠳᠡᠯᠭᠡᠭᠦᠷ ᠳᠡᠭᠡᠷ᠎ᠡ ᠂ᠰᠠᠨ ᠰᠢᠩ  ᠪᠠᠷᠠᠭ᠎ᠠ ᠭᠠᠷᠭᠠᠬᠤ ᠬᠡᠮᠵᠢᠶ᠎ᠡ ᠨᠢ ᠪᠠᠭᠤᠷᠠᠵᠤ ᠂ ᠵᠠᠬ᠎ᠠ ᠳᠡᠯᠭᠡᠭᠦᠷ ᠦᠨ ᠰᠤᠳᠤᠯᠭᠠᠨ ᠤ ᠺᠣᠮᠫᠠᠨᠢ IDC ᠶᠢᠨ ᠮᠡᠳᠡᠭᠡᠯᠡᠯ ᠡᠴᠡ ᠦᠵᠡᠪᠡᠯ ᠂ ᠡᠨᠡ ᠵᠢᠯ ᠦᠨ ᠨᠢᠭᠡᠳᠦᠭᠡᠷ ᠤᠯᠠᠷᠢᠯ ᠳᠤ Samsung ᠤᠶᠤᠨᠲᠤ ᠭᠠᠷ ᠤᠲᠠᠰᠤ  ᠶᠢᠨ ᠪᠦᠬᠦ ᠪᠥᠮᠪᠥᠷᠴᠡᠭ ᠲᠤ ᠪᠠᠷᠠᠭ᠎ᠠ ᠭᠠᠷᠭᠠᠭᠰᠠᠨ ᠬᠡᠮᠵᠢᠶ᠎ᠡ 8190 ᠲᠦᠮᠡᠨ ᠪᠠᠢᠵᠤ᠂ ᠨᠢᠳᠤᠨᠤᠨ ᠤ ᠠᠳᠠᠯᠢ ᠬᠤᠭᠤᠴᠠᠭᠠᠨ ᠤ 8240 ᠲᠦᠮᠡ  ᠡᠴᠡ ᠪᠠᠬᠠᠨ ᠪᠠᠭᠤᠷᠠᠵᠤ ᠂ ᠪᠦᠬᠦᠯᠢ ᠴᠣᠭᠴᠠ ᠶᠢᠨ ᠵᠠᠬ᠎ᠠ ᠳᠡᠯᠭᠡᠭᠦᠷ ᠲᠦ ᠡᠵᠡᠯᠡᠬᠦ ᠬᠤᠪᠢ ᠶᠢᠨ ᠲᠣᠭ᠎ᠠ ᠨᠢ ᠨᠢᠳᠤᠨᠤᠨ ᠤ ᠠᠳᠠᠯᠢ ᠬᠤᠭᠤᠴᠠᠭᠠᠨ ᠤ 24.6% ᠪᠠᠭ᠎ᠠ ᠬᠡᠮᠵᠢᠶ᠎ᠡ ᠪᠡᠷ ᠪᠠᠭᠤᠷᠠᠵᠤ 24.5%  ᠪᠣᠯᠪᠠ᠃

ᠬᠠᠷᠢᠨ ᠠᠯᠮᠤᠷᠠᠳ ᠬᠠᠮᠤᠭ ᠤᠨ ᠰᠢᠨ᠎ᠡ ᠨᠢᠭᠡ ᠤᠯᠠᠷᠢᠯ ᠤᠨ ᠡᠳ᠋ ᠦᠨ ᠵᠠᠰᠠᠭ  ᠤᠨ ᠰᠣᠨᠢᠨ ᠡᠴᠡ ᠦᠵᠡᠪᠡᠯ᠂ ᠠᠯᠮᠤᠷᠠᠳ ᠨᠢᠭᠡᠳᠦᠭᠡᠷ ᠤᠯᠠᠷᠢᠯ ᠤᠨ  ᠪᠠᠷᠠᠭ᠎ᠠ ᠭᠠᠷᠭᠠᠭᠰᠠᠨ ᠬᠡᠮᠵᠢᠶ᠎ᠡ ᠠᠳᠠᠯᠢ ᠬᠤᠭᠤᠴᠠᠭᠠᠨ ᠤ ᠬᠢ ᠡᠴᠡ ᠪᠡᠨ ᠠᠩᠬ᠎ᠠ ᠤᠳᠠᠭ᠎ᠠ ᠪᠠᠭᠤᠷᠠᠬᠤ ᠵᠦᠵᠡᠭᠳᠡᠯ ᠭᠠᠷᠴᠤ ᠂ ᠳᠡᠭᠡᠷ᠎ᠡ ᠵᠢᠯ ᠦᠨ ᠠᠳᠠᠯᠢ ᠬᠤᠭᠤᠴᠠᠭᠠᠨ ᠤ 6120 ᠲᠦᠮᠡ ᠡᠴᠡ5120 ᠲᠦᠮᠡ ᠬᠦᠷᠲᠡᠯ᠎ᠡ  ᠪᠠᠭᠠᠰᠴᠤ ᠂ ᠵᠠᠬ᠎ᠠ ᠳᠡᠯᠭᠡᠭᠦᠷ ᠦᠨ ᠬᠤᠪᠢ ᠶᠢᠨ ᠲᠣᠭ᠎ᠠ ᠨᠢ3 ᠵᠠᠭᠤᠨ ᠤ ᠨᠢᠭᠡᠴᠢ ᠪᠠᠭᠤᠷᠠᠵᠤ 15.  3%  ᠪᠣᠯᠪᠠ᠃

ᠠᠯᠮᠤᠷᠠᠳ ᠪᠣᠯᠤᠨ Samsung ᠤᠶᠤᠨᠲᠤ ᠭᠠᠷ ᠤᠲᠠᠰᠤᠨ ᠤ  ᠪᠠᠷᠠᠭ᠎ᠠ ᠭᠠᠷᠭᠠᠬᠤ ᠬᠡᠮᠵᠢᠶ᠎ᠡ ᠪᠠ ᠵᠠᠬ᠎ᠠ ᠳᠡᠯᠭᠡᠭᠦᠷ ᠦᠨ ᠬᠤᠪᠢ ᠶᠢᠨ ᠲᠣᠭ᠎ᠠ ᠨᠢ ᠴᠥᠮ ᠪᠠᠭᠤᠷᠠᠵᠤ ᠂ ᠬᠠᠷᠢᠨ ᠬᠤᠸᠠ ᠸᠧᠶ ᠡᠭᠦᠨ ᠲᠡᠶ ᠶᠠᠭ ᠡᠰᠡᠷᠭᠦ ᠪᠠᠢᠵᠤ ᠂ ᠲᠡᠭᠦᠨ ᠦ ᠭᠠᠷ ᠤᠲᠠᠰᠤᠨ ᠤ  ᠪᠠᠷᠠᠭ᠎ᠠ  ᠭᠠᠷᠭᠠᠭᠰᠠᠨ ᠬᠡᠮᠵᠢᠶ᠎ᠡ ᠨᠢ ᠨᠢᠳᠤᠨᠤᠨ ᠤ ᠠᠳᠠᠯᠢ ᠬᠤᠭᠤᠴᠠᠭᠠᠨ ᠤ 1740 ᠲᠦᠮᠡ ᠡᠴᠡ2750 ᠲᠢᠮ᠎ᠡ ᠬᠦᠷᠲᠡᠯ᠎ᠡ ᠥᠰᠴᠦ ᠂ ᠵᠠᠬ᠎ᠠ ᠳᠡᠯᠭᠡᠭᠦᠷ ᠦᠨ ᠬᠤᠪᠢ ᠶᠢᠨ ᠲᠣᠭ᠎ᠠ ᠴᠤ 3 ᠵᠠᠭᠤᠨ ᠤ ᠨᠢᠭᠡᠴᠢ ᠨᠡᠮᠡᠭᠳᠡᠵᠦ 8. 2%  ᠪᠣᠯᠪᠠ᠃

ᠢᠷᠡᠯᠲᠡ ᠄ ᠰᠢᠨ ᠯᠠᠩ ᠰᠢᠭᠦᠬᠦ ᠬᠣᠷᠢᠶ᠎ᠠ ᠰᠤᠪᠠᠭ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )