----ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠬᠤ ᠭᠠᠵᠠᠷ ᠤᠨ ᠠᠩᠬᠠᠳᠤᠭᠠᠷ ᠬᠤᠭᠤᠴᠠᠭᠠᠨ ᠤ ᠪᠡᠶ᠎ᠡ ᠪᠡᠨ ᠳᠠᠭᠠᠭᠠᠭᠰᠠᠨ ᠠᠬᠠᠯᠠᠭᠴᠢ ᠳ᠋ᠣᠺᠲ᠋ᠣᠷ ᠢ ᠡᠯᠰᠡᠨ ᠣᠷᠤᠭᠤᠯᠬᠤ ᠶᠣᠰᠣᠯᠠᠯ ᠵᠢᠴᠢ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠭᠠᠨ ᠤ ᠠᠵᠢᠯ ᠤᠨ ᠶᠠᠷᠢᠯᠴᠠᠬᠤ ᠬᠤᠷᠠᠯ ᠤᠨ ᠲᠤᠬᠠᠶ ᠶᠡᠷᠦᠩᠬᠡᠶᠢᠯᠡᠭᠰᠡᠨ ᠲᠣᠭᠠᠴᠢᠯ
ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠢ ᠰᠤᠳᠤᠯᠬᠤ ᠭᠠᠵᠠᠷ ᠤᠨ ᠠᠩᠬᠠᠳᠤᠭᠠᠷ ᠬᠤᠭᠤᠴᠠᠭᠠᠨ ᠤ ᠪᠡᠶ᠎ᠡ ᠪᠡᠨ ᠳᠠᠭᠠᠭᠠᠭᠰᠠᠨ ᠠᠬᠠᠯᠠᠭᠴᠢ ᠳ᠋ᠣᠺᠲ᠋ᠣᠷ ᠢ ᠡᠯᠰᠡᠨ ᠣᠷᠤᠭᠤᠯᠬᠤ ᠶᠣᠰᠣᠯᠠᠯ ᠵᠢᠴᠢ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠭᠠᠨ ᠤ ᠠᠵᠢᠯ ᠤᠨ ᠶᠠᠷᠢᠯᠴᠠᠬᠤ ᠬᠤᠷᠠᠯ ᠢ 2016 ᠣᠨ ᠤ9 ᠰᠠᠷ᠎ᠠ ᠶᠢᠨ23 ᠤ ᠡᠳᠦᠷ ᠪᠡᠭᠡᠵᠢᠩ ᠳᠦ ᠬᠤᠷᠠᠯᠳᠤᠪᠠ ᠃ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠬᠣᠷᠢᠶᠠᠨ ᠳᠠᠷᠤᠭ᠎ᠠ ᠵᠥᠦ ᠴᠢᠶᠠᠩ ᠠᠬᠠᠯᠠᠭᠴᠢ ᠳ᠋ᠣᠺᠲ᠋ᠣᠷ ᠤᠨ ᠡᠯᠰᠡᠬᠦ ᠶᠣᠰᠣᠯᠠᠯ ᠳᠤ ᠣᠷᠣᠯᠴᠠᠵᠤ ᠴᠢᠬᠤᠯᠠ ᠶᠠᠷᠢᠶ᠎ᠠ ᠲᠠᠯᠪᠢᠨ᠂ ᠠᠷᠠᠳ ᠤᠨ ᠳᠡᠭᠡᠳᠦ ᠵᠡᠷᠡᠭᠡ ᠶᠢᠨ ᠰᠢᠭᠦᠬᠦ ᠬᠣᠷᠢᠶᠠᠨ ᠤ ᠳᠡᠳ᠋ ᠬᠣᠷᠢᠶᠠᠨ ᠳᠠᠷᠤᠭ᠎ᠠ ᠵᠢᠶᠠᠩ ᠪᠢ ᠰᠢᠨ ᠂ ᠯᠢ ᠱᠤᠤ ᠫᠢᠩ ᠂ ᠵᠠᠩ ᠱᠤ ᠶᠤᠸᠠᠨ ᠂ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠭᠡᠰᠢᠭᠦᠨ ᠰᠦᠨ ᠬᠤᠸᠠ ᠫᠦ ᠂ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠰᠢᠭᠦᠨ ᠲᠠᠰᠤᠯᠬᠤ ᠺᠣᠮᠢᠰ ᠤᠨ ᠲᠤᠰᠬᠠᠶ ᠲᠤᠰᠢᠶᠠᠯᠳᠤ ᠭᠡᠰᠢᠭᠦᠨ ᠯᠢᠦ ᠬᠦᠢ ᠰᠢᠶᠠᠩ ᠬᠤᠷᠠᠯ ᠳᠤ ᠣᠷᠣᠯᠴᠠᠵᠤ ᠂ ᠳᠤᠮᠳᠠᠳᠤ ᠤᠯᠤᠰ ᠤᠨ ᠬᠠᠤᠯᠢ ᠶᠢᠨ ᠤᠬᠠᠭᠠᠨ ᠤ ᠨᠡᠶᠢᠭᠡᠮᠯᠢᠭ ᠦᠨ ᠳᠡᠳ᠋ ᠳᠠᠷᠤᠭ᠎ᠠ ᠵᠠᠩ ᠸᠸᠨ ᠰᠢᠶᠠᠨ ᠂ ᠳᠤᠮᠳᠠᠳᠤ ᠤᠯᠤᠰ ᠤᠨ ᠤᠯᠤᠰ ᠲᠥᠷᠥ ᠬᠠᠤᠯᠢ ᠴᠠᠭᠠᠵᠠ ᠶᠢᠨ ᠶᠡᠬᠡ ᠰᠤᠷᠭᠠᠭᠤᠯᠢ ᠶᠢᠨ ᠨᠠᠰᠤᠨ ᠲᠤᠷᠰᠢᠳᠠ ᠶᠢᠨ ᠫᠷᠦᠹᠸᠰᠰᠤᠷ ᠴᠸᠨ ᠭᠤᠸᠠᠩ ᠵᠥᠩ ᠂ ᠳᠤᠮᠳᠠᠳᠤ ᠤᠯᠤᠰ ᠤᠨ ᠨᠡᠶᠢᠭᠡᠮ ᠦᠨ ᠰᠢᠨᠵᠢᠯᠡᠬᠦ ᠤᠬᠠᠭᠠᠨ ᠤ ᠬᠠᠤᠯᠢ ᠶᠢᠨ ᠤᠬᠠᠭᠠᠨ ᠢ ᠰᠤᠳᠤᠯᠬᠤ ᠭᠠᠵᠠᠷ ᠂ ᠤᠯᠠᠨ ᠤᠯᠤᠰ ᠤᠨ ᠬᠠᠤᠯᠢ ᠶᠢᠨ ᠰᠤᠳᠤᠯᠭᠠᠨ ᠤ ᠭᠠᠵᠠᠷ ᠤᠨ ᠬᠠᠮᠲᠤᠷᠠᠭᠰᠠᠨ ᠨᠠᠮ ᠤᠨ ᠬᠣᠷᠢᠶᠠᠨ ᠤ ᠱᠦᠵᠢ ᠴᠧᠨ ᠰᠦ ᠵᠡᠷᠭᠡ ᠲᠤᠰᠬᠠᠶ ᠮᠡᠷᠭᠡᠵᠢᠯᠲᠡᠨ ᠡᠷᠳᠡᠮᠲᠡᠨ ᠨᠡᠢᠳᠡ 130 ᠭᠠᠷᠤᠶ ᠬᠥᠮᠦᠨ ᠠᠬᠠᠯᠠᠭᠴᠢ ᠳ᠋ᠣᠺᠲ᠋ᠣᠷ ᠤᠨ ᠡᠯᠰᠡᠬᠦ ᠶᠣᠰᠣᠯᠠᠯ ᠵᠢᠴᠢ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠭᠠᠨ ᠤ ᠠᠵᠢᠯ ᠤᠨ ᠶᠠᠷᠢᠯᠴᠠᠬᠤ ᠬᠤᠷᠠᠯ ᠳᠤ ᠣᠷᠤᠯᠴᠠᠪᠠ᠃
ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠢ ᠰᠤᠳᠤᠯᠬᠤ ᠭᠠᠵᠠᠷ ᠤᠨ ᠳᠠᠷᠤᠭ᠎ᠠ ᠵᠢᠶᠠᠩ ᠬᠤᠢ ᠯᠢᠩ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠰᠤᠳᠤᠯᠬᠤ ᠭᠠᠵᠠᠷ ᠪᠠᠶᠢᠭᠤᠯᠤᠭᠳᠠᠭᠰᠠᠨ 25 ᠵᠢᠯ ᠦᠨ ᠲᠤᠷᠰᠢᠬᠢ ᠬᠥᠭᠵᠢᠯᠲᠡ ᠶᠢᠨ ᠲᠣᠶᠢᠮᠣ ᠪᠠᠶᠢᠳᠠᠯ ᠤᠨ ᠲᠤᠬᠠᠶ ᠲᠣᠪᠴᠢ ᠲᠠᠨᠢᠯᠴᠠᠭᠤᠯᠪᠠ ᠄ ᠳᠥᠷᠪᠡᠨ ᠲᠡᠦᠬᠡᠨ ᠱᠡᠳᠦ ᠦᠢ᠎ᠡ ᠶᠢ ᠥᠩᠭᠡᠷᠡᠭᠦᠯᠦᠭᠰᠡᠨ ; ᠲᠠᠪᠤᠨ ᠶᠡᠬᠡ ᠰᠤᠳᠤᠯᠭᠠᠨ ᠤ ᠬᠦᠷᠢᠶ᠎ᠡ ᠶᠢ ᠪᠤᠢ ᠪᠣᠯᠭᠠᠵᠠᠶ ᠄ ᠬᠠᠤᠯᠢ ᠴᠠᠭᠠᠵᠠ ᠶᠢ ᠬᠡᠷᠡᠭᠯᠡᠬᠦ ᠰᠤᠳᠤᠯᠭᠠᠨ ᠂ ᠬᠠᠤᠯᠢ ᠴᠠᠭᠠᠵᠠ ᠶᠢᠨ ᠥᠭᠡᠷᠡᠴᠢᠯᠡᠯᠲᠡ ᠶᠢᠨ ᠰᠤᠳᠤᠯᠭᠠᠨ ᠂ ᠬᠠᠤᠯᠢ ᠴᠠᠭᠠᠵᠠ ᠶᠢᠨ ᠲᠦᠷᠦ ᠶᠢᠨ ᠪᠤᠳᠤᠯᠭ᠎ᠠ ᠶᠢᠨ ᠰᠤᠳᠤᠯᠭᠠᠨ ᠂ ᠬᠠᠤᠯᠢ ᠴᠠᠭᠠᠵᠠ ᠶᠢᠨ ᠬᠡᠷᠡᠭ ᠤᠨ ᠵᠢᠱᠢᠶ᠎ᠡ ᠶᠢᠨ ᠰᠤᠳᠤᠯᠭᠠᠨ᠂ ᠭᠠᠳᠠᠭᠠᠳᠤ ᠤᠯᠤᠰ ᠤᠨ ᠬᠠᠤᠯᠢ ᠴᠠᠭᠠᠵᠠ ᠶᠢᠨ ᠰᠤᠳᠤᠯᠭᠠᠨ ; ᠵᠢᠷᠭᠤᠭᠠᠨ ᠶᠡᠬᠡ ᠠᠵᠢᠯᠠᠯᠭᠠᠨ ᠤ ᠲᠠᠪᠴᠠᠩ ᠄ ᠠᠬᠠᠯᠠᠭᠴᠢ ᠳ᠋ᠣᠺᠲ᠋ᠣᠷ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠤᠨ ᠦᠷᠳᠡᠭᠡ ᠂ ᠳᠤᠮᠳᠠᠳᠤ ᠤᠯᠤᠰ ᠤᠨ ᠰᠢᠭᠦᠨ ᠲᠠᠰᠤᠯᠬᠤ ᠤᠨᠤᠯ ᠤᠨ ᠰᠤᠳᠤᠯᠭᠠᠨ ᠤ ᠨᠡᠶᠢᠭᠡᠮᠯᠢᠭ ᠦᠨ ᠨᠠᠷᠢᠨ ᠪᠢᠴᠢᠭ ᠦᠨ ᠭᠠᠵᠠᠷ ᠂ ᠤᠨᠤᠯ ᠤᠨ ᠠᠯᠪᠠᠨ ᠭᠡᠷ ᠂ ᠣᠯᠠᠨ ᠲᠤᠰᠬᠠᠶ ᠮᠡᠷᠭᠡᠵᠢᠯ ᠦᠨ ᠬᠦᠷᠢᠶᠡᠨ ᠳᠡᠬᠢ ᠰᠤᠳᠤᠯᠬᠤ ᠲᠥᠪ ᠂ ᠰᠡᠳᠬᠦᠯ ᠴᠤᠪᠤᠷᠠᠯ ᠪᠢᠴᠢᠭ ᠤᠨ ᠲᠠᠪᠴᠠᠩ ᠂ ᠰᠤᠳᠤᠯᠤᠯ ᠤᠨ ᠰᠠᠭᠤᠷᠢᠨ ᠭᠠᠵᠠᠷ ᠤᠨ ᠲᠠᠪᠴᠠᠩ ᠃ ᠲᠡᠷᠡ ᠢᠯᠡᠷᠬᠡᠢᠯᠡᠬᠦ ᠳᠤ ᠪᠡᠨ ᠪᠣᠳᠠᠲᠤ ᠪᠠᠶᠢᠳᠠᠯ ᠳᠤ ᠰᠠᠭᠤᠷᠢᠯᠠᠵᠤ ᠂ ᠢᠷᠡᠭᠡᠳᠦᠶ ᠪᠡᠨ ᠪᠠᠷᠠᠭᠠᠯᠠᠨ ᠂ ᠵᠠᠮ ᠨᠡᠭᠡᠭᠡᠨ ᠤᠷᠤᠭᠰᠢᠯᠠᠵᠤ ᠂ ᠰᠢᠷᠭᠠᠭᠤ ᠴᠢᠷᠮᠠᠶᠢᠨ ᠰᠢᠨ᠎ᠡ ᠶᠢ ᠡᠭᠦᠳᠴᠦ ᠂ ᠰᠢᠭᠦᠬᠦ ᠶᠢ ᠰᠤᠳᠤᠯᠬᠤ ᠭᠠᠵᠠᠷ ᠤᠨ ᠠᠩᠬᠠᠳᠤᠭᠠᠷ ᠬᠤᠭᠤᠴᠠᠭᠠᠨ ᠤ ᠪᠡᠶ᠎ᠡ ᠪᠡᠨ ᠳᠠᠭᠠᠭᠠᠭᠰᠠᠨ ᠠᠬᠠᠯᠠᠭᠴᠢ ᠳ᠋ᠣᠺᠲ᠋ᠣᠷ ᠡᠯᠰᠡᠬᠦ ᠶᠣᠰᠣᠯᠠᠯ ᠵᠢᠴᠢ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠭᠠᠨ ᠤ ᠬᠤᠷᠠᠯ ᠤᠨ ᠲᠤᠷᠦᠨᠡ ᠶᠢᠨ ᠰᠠᠯᠬᠢᠨ ᠤ ᠡᠷᠴᠢᠨ ᠳᠦ ᠲᠡᠷᠢᠭᠦᠨ ᠵᠡᠷᠭᠡ ᠶᠢᠨ ᠬᠠᠤᠯᠢ ᠴᠠᠭᠠᠵᠠ ᠶᠢᠨ ᠲᠤᠰᠬᠠᠶ ᠮᠡᠷᠭᠡᠵᠢᠯ ᠦᠨ ᠤᠶᠤᠨ ᠤ ᠬᠥᠮᠥᠷᠭᠡ ᠶᠢ ᠡᠭᠦᠳᠴᠦ᠂ ᠲᠡᠷᠢᠭᠦᠨ ᠵᠡᠷᠭᠡ ᠶᠢᠨ ᠬᠠᠤᠯᠢ ᠶᠢᠨ ᠤᠬᠠᠭᠠᠨ ᠤ ᠠᠬᠠᠯᠠᠭᠴᠢ ᠳ᠋ᠣᠺᠲ᠋ᠣᠷ ᠤᠨ ᠠᠵᠢᠯ ᠤᠨ ᠦᠷᠳᠡᠭᠡ ᠶᠢ ᠪᠦᠲᠦᠭᠡᠨ ᠪᠠᠢᠭᠤᠯᠵᠤ᠂ ᠦᠨᠡᠨ ᠬᠦ ᠪᠦᠬᠦ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠢ ᠰᠤᠳᠤᠯᠬᠤ 《 ᠭᠠᠪᠰᠢᠭᠠᠶᠢᠯᠠᠭᠴᠢ 》 ᠪᠣᠯᠬᠤ ᠬᠡᠷᠡᠭᠲᠠᠢ᠃
ᠳᠤᠮᠳᠠᠳᠤ ᠤᠯᠤᠰ ᠤᠨ ᠬᠠᠤᠯᠢ ᠶᠢᠨ ᠤᠬᠠᠭᠠᠨ ᠤ ᠨᠡᠶᠢᠭᠡᠮᠯᠢᠭ ᠦᠨ ᠳᠡᠳ᠋ ᠳᠠᠷᠤᠭ᠎ᠠ ᠵᠠᠩ ᠸᠸᠨ ᠰᠢᠶᠠᠨ ᠵᠢᠭᠠᠵᠤ ᠳᠦ ᠪᠡᠨ᠂ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠰᠤᠳᠤᠯᠬᠤ ᠭᠠᠵᠠᠷ ᠪᠣᠯ ᠰᠢᠭᠦᠬᠦ ᠬᠣᠷᠢᠶᠠᠨ ᠤ ᠰᠢᠰᠲ᠋ᠧᠮ ᠦᠨ ᠬᠠᠮᠤᠭ ᠥᠨᠳᠦᠷ ᠰᠤᠳᠤᠯᠭᠠᠨ ᠤ ᠲᠠᠪᠴᠠᠩ ᠪᠠᠢᠵᠤ ᠂ ᠮᠠᠰᠢ ᠴᠢᠩᠭ᠎ᠠ ᠪᠣᠳᠠᠲᠤ ᠰᠣᠳᠤᠯᠠᠬᠤ ᠬᠦᠴᠦᠨ ᠲᠠᠢ ᠪᠠᠢᠵᠤ᠂ ᠬᠡᠷᠡᠭᠯᠡᠭᠡᠨ ᠦ ᠬᠠᠤᠯᠢ ᠶᠢᠨ ᠤᠬᠠᠭᠠᠨ ᠢ ᠰᠤᠳᠤᠯᠬᠤ 《 ᠤᠯᠤᠰ ᠤᠨ ᠠᠩᠬᠢ》 ᠭᠡᠵᠦ ᠬᠡᠯᠡᠵᠦ ᠪᠣᠯᠤᠨ᠎ᠠ ᠃ ᠳᠤᠮᠳᠠᠳᠤ ᠤᠯᠤᠰ ᠲᠤ ᠬᠠᠤᠯᠢ ᠶᠢᠨ ᠤᠬᠠᠭᠠᠨ ᠤ ᠨᠡᠶᠢᠭᠡᠮᠯᠢᠭ ᠵᠢᠯ ᠪᠦᠷᠢ ᠭᠤᠷᠪᠠᠨ ᠶᠡᠬᠡ ᠶᠠᠷᠢᠶᠠᠨ ᠤ ᠲᠠᠪᠴᠠᠩ ᠡᠷᠬᠢᠯᠡᠳᠡᠭ᠄ ᠳᠤᠮᠳᠠᠳᠤ ᠤᠯᠤᠰ ᠤᠨ ᠬᠠᠤᠯᠢ ᠶᠢᠨ ᠤᠬᠠᠭᠠᠨᠲᠠᠨ ᠶᠠᠷᠢᠶᠠᠨ ᠤ ᠲᠠᠪᠴᠠᠩ ᠂ ᠳᠤᠮᠳᠠᠳᠤ ᠤᠯᠤᠰ ᠤᠨ ᠬᠠᠤᠯᠢ ᠪᠠᠷ ᠵᠠᠰᠠᠬᠤ ᠶᠠᠷᠢᠶᠠᠨ ᠤ ᠲᠠᠪᠴᠠᠩ ᠂ ᠳᠤᠮᠳᠠᠳᠤ ᠤᠯᠤᠰ ᠤᠨ ᠵᠠᠯᠠᠭᠤᠴᠤᠳ ᠤᠨ ᠬᠠᠤᠯᠢ ᠪᠠᠷ ᠵᠠᠰᠠᠬᠤ ᠶᠠᠷᠢᠶᠠᠨ ᠤ ᠲᠠᠪᠴᠠᠩ ᠃ ᠰᠢᠭᠦᠬᠦ ᠬᠣᠷᠢᠶᠠᠨ ᠤ ᠰᠢᠰᠲ᠋ᠧᠮ ᠦᠨ ᠨᠥᠬᠥᠳ ᠡᠬᠡ ᠪᠢᠴᠢᠭ ᠡᠯᠰᠡᠬᠦ ᠳᠤ ᠢᠳᠡᠪᠬᠢᠲᠡᠶ ᠣᠷᠣᠯᠴᠠᠵᠤ ᠂ ᠨᠢᠭᠡ ᠪᠦᠯᠦᠭ ᠰᠢᠯᠢᠳᠡᠭ ᠠᠰᠫᠢᠷᠠᠨᠲ ᠬᠠᠤᠯᠢ ᠶᠢᠨ ᠲᠤᠰᠢᠶᠠᠯᠲᠠᠨ ᠡᠴᠡ ᠴᠥᠭᠡᠨ ᠪᠤᠰᠤ ᠰᠢᠯᠢᠳᠡᠭ ᠵᠣᠬᠢᠶᠠᠯ ᠪᠦᠲᠦᠭᠡᠯ ᠠᠪᠴᠢᠷᠠᠵᠤ ᠦᠭᠭᠦ᠍ᠰᠡᠨ ᠪᠠᠢᠨ᠎ᠠ ᠂ ᠡᠨᠡ ᠨᠢ ᠰᠢᠭᠦᠬᠦ ᠬᠣᠷᠢᠶᠠᠨ ᠤ ᠰᠢᠰᠲ᠋ᠧᠮ ᠨᠢ ᠮᠠᠨ ᠤ ᠤᠯᠤᠰ ᠤᠨ ᠬᠠᠤᠯᠢ ᠪᠡᠷ ᠵᠠᠰᠠᠬᠤ ᠰᠤᠳᠤᠯᠭᠠᠨ ᠤ ᠡᠩᠨᠡᠭᠡᠨ ᠤ ᠭᠣᠣᠯ ᠬᠦᠴᠦᠨ ᠪᠣᠯᠤᠨ ᠣᠷᠣᠯᠴᠠᠵᠤ ᠂ ᠬᠡᠷᠡᠭᠯᠡᠭᠡᠨ ᠤ ᠬᠠᠤᠯᠢ ᠶᠢᠨ ᠤᠬᠠᠭᠠᠨ ᠤ ᠰᠤᠳᠤᠯᠭᠠᠨ ᠤ ᠭᠠᠪᠰᠢᠭᠠᠶᠢᠯᠠᠭᠴᠢ ᠪᠣᠯᠤᠭᠰᠠᠨ ᠪᠠᠢᠨ᠎ᠠ᠃ ᠲᠡᠭᠦᠨ ᠦ ᠦᠵᠡᠬᠦ ᠪᠡᠷ ᠂ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠰᠤᠳᠤᠯᠬᠤ ᠭᠠᠵᠠᠷ ᠠᠬᠠᠯᠠᠭᠴᠢ ᠳ᠋ᠣᠺᠲ᠋ᠣᠷ ᠢ ᠲᠤᠰᠠᠭᠠᠷ ᠡᠯᠰᠡᠭᠰᠡᠨ ᠨᠢ ᠪᠡᠶ᠎ᠡ ᠪᠡᠨ ᠳᠠᠭᠠᠭᠠᠭᠰᠠᠨ ᠬᠥᠭᠵᠢᠯ ᠦᠨ ᠪᠣᠳᠠᠲᠤ ᠬᠦᠴᠦᠨ ᠪᠣᠯᠵᠠᠶ ᠂ ᠡᠩ ᠲᠡᠷᠢᠭᠦᠨ ᠳᠦ ᠤᠯᠤᠰ ᠡᠴᠡ ᠢᠳᠡᠪᠬᠢᠲᠡᠶ ᠵᠣᠬᠢᠶᠠᠨ ᠪᠠᠶᠢᠭᠤᠯᠵᠤ ᠂ ᠡᠯ᠎ᠡ ᠵᠦᠢᠯ ᠦᠨ ᠡᠷᠳᠡᠮ ᠰᠢᠨᠵᠢᠯᠡᠭᠡᠨ ᠦ ᠠᠵᠢᠯᠯᠠᠭ᠎ᠠ ᠳᠤ ᠤᠷᠤᠯᠴᠠᠨ᠎ᠠ᠂ ᠳᠠᠷᠠᠭᠠᠯᠠᠪᠠᠯ ᠬᠠᠤᠯᠢ ᠪᠠᠷᠢᠬᠤ ᠪᠠ ᠬᠠᠤᠯᠢ ᠪᠠᠷ ᠵᠠᠰᠠᠬᠤ ᠪᠠᠶᠢᠭᠤᠯᠤᠯᠲᠠ ᠲᠠᠢ ᠨᠢᠭᠲᠠ ᠤᠶᠠᠯᠳᠤᠭᠤᠯᠤᠨ ᠬᠠᠤᠯᠢ ᠶᠢᠨ ᠤᠬᠠᠭᠠᠨ ᠤ ᠰᠤᠳᠤᠯᠭᠠᠨ ᠢ ᠪᠦᠬᠦ ᠲᠠᠯ᠎ᠠ ᠪᠠᠷ ᠦᠷᠨᠢᠭᠦᠯᠦᠨ᠎ᠡ ᠂ ᠳᠠᠬᠢᠪᠠᠯ ᠬᠠᠤᠯᠢ ᠪᠠᠷ ᠵᠠᠰᠠᠬᠤ ᠣᠨᠣᠯ ᠤᠨ ᠰᠢᠨ᠎ᠡ ᠡᠭᠦᠳᠦᠯᠲᠡ ᠶᠢ ᠬᠦᠴᠦᠯᠡᠨ ᠰᠤᠳᠤᠯᠵᠤ ᠂ ᠳᠤᠮᠳᠠᠳᠤ ᠤᠯᠤᠰ ᠤᠨ ᠬᠠᠤᠯᠢ ᠪᠠᠷ ᠵᠠᠰᠠᠬᠤ ᠪᠦᠲᠦᠭᠡᠨ ᠪᠠᠶᠢᠭᠤᠯᠤᠯᠲᠠ ᠶᠢᠨ ᠰᠠᠭᠤᠷᠢ ᠤᠨᠤᠯ ᠤᠨ ᠰᠤᠳᠤᠯᠭᠠᠨ ᠳᠤ ᠨᠡᠩ ᠶᠡᠬᠡ ᠦᠢᠯᠡᠳᠦᠯ ᠪᠡᠨ ᠪᠠᠳᠠᠷᠠᠭᠤᠯᠵᠤ ᠂ ᠨᠡᠩ ᠶᠡᠬᠡ ᠬᠤᠪᠢ ᠨᠡᠮᠡᠷᠢ ᠪᠡᠨ ᠦᠵᠡᠭᠦᠯᠬᠦ ᠬᠡᠷᠡᠭᠲᠡᠶ ᠃
ᠳᠤᠮᠳᠠᠳᠤ ᠤᠯᠤᠰ ᠤᠨ ᠤᠯᠤᠰ ᠲᠥᠷᠥ ᠬᠠᠤᠯᠢ ᠴᠠᠭᠠᠵᠠ ᠶᠢᠨ ᠶᠡᠬᠡ ᠰᠤᠷᠭᠠᠭᠤᠯᠢ ᠶᠢᠨ ᠨᠠᠰᠤᠨ ᠲᠤᠷᠰᠢᠳᠠ ᠶᠢᠨ ᠫᠷᠦᠹᠸᠰᠰᠤᠷ ᠴᠸᠨ ᠭᠤᠸᠠᠩ ᠵᠥᠩ ᠶᠢᠨ ᠦᠵᠡᠬᠦ ᠪᠡᠷ᠂ ᠬᠡᠷᠡᠭᠯᠡᠭᠡᠨ ᠦ ᠬᠠᠤᠯᠢ ᠶᠢᠨ ᠤᠬᠠᠭᠠᠨ ᠨᠢ ᠵᠠᠪᠠᠯ ᠬᠡᠷᠡᠭᠯᠡᠭᠳᠡᠬᠦ ᠣᠨᠴᠠᠯᠢᠭ ᠲᠠᠢ ᠪᠠᠢᠵᠤ᠂ ᠤᠨᠤᠯ ᠠᠴᠠ ᠦᠢᠯᠡᠳᠦᠯᠭᠡ ᠬᠦᠷᠲᠡᠯ᠎ᠡ ᠪᠢᠰᠢ ᠂ ᠬᠠᠷᠢᠨ ᠦᠢᠯᠡᠳᠦᠯᠭᠡ ᠡᠴᠡ ᠤᠨᠤᠯ ᠳᠤ ᠬᠦᠷᠬᠦ ᠬᠡᠷᠡᠭᠲᠠᠢ᠂ ᠬᠡᠷᠡᠭᠯᠡᠭᠡᠨ ᠦ ᠬᠠᠤᠯᠢ ᠶᠢᠨ ᠤᠬᠠᠭᠠᠨ ᠤ ᠣᠨᠤᠯ ᠤᠨ ᠰᠤᠳᠤᠯᠭᠠᠨ ᠨᠢ ᠡᠩ ᠦᠨ ᠤᠨᠤᠯ ᠤᠨ ᠰᠤᠳᠤᠯᠭᠠᠨ ᠤ ᠵᠠᠮ ᠲᠠᠢ ᠠᠳᠠᠯᠢ ᠦᠭᠡᠢ ᠂ ᠲᠡᠷᠡ ᠨᠢ ᠡᠯ᠎ᠡ ᠱᠠᠲᠤᠨ ᠤ ᠠᠷᠠᠳ ᠤᠨ ᠰᠢᠭᠦᠬᠦ ᠬᠣᠷᠢᠶᠠᠨ ᠳᠦ ᠦᠢᠯᠡᠴᠢᠯᠡᠬᠦ ᠬᠡᠷᠡᠭᠲᠡᠶ ᠃ ᠰᠢᠭᠦᠬᠦ ᠬᠣᠷᠢᠶᠠᠨ ᠤ ᠰᠢᠰᠲ᠋ᠧᠮ ᠳᠤ ᠣᠨᠴᠠᠭᠠᠶ ᠪᠠᠢᠳᠠᠭ ᠴᠢᠳᠠᠪᠤᠷᠢᠲᠠᠨ ᠬᠥᠮᠦᠵᠢᠭᠦᠯᠬᠦ ᠲᠣᠭᠲᠠᠴᠠ ᠪᠣᠯᠤᠨ ᠳᠡᠭᠡᠳᠦ ᠰᠤᠷᠭᠠᠭᠤᠯᠢ ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ ᠤᠨ ᠴᠢᠳᠠᠪᠤᠷᠢᠲᠠᠨ ᠬᠥᠮᠦᠵᠢᠭᠦᠯᠬᠦ ᠲᠣᠭᠲᠠᠴᠠ ᠨᠢ ᠠᠳᠠᠯᠢ ᠦᠭᠡᠢ ᠪᠠᠢᠵᠤ ᠂ ᠲᠡᠭᠦᠨ ᠦ ᠦᠢᠯᠡᠳᠦᠯᠭᠡ ᠶᠢᠨ ᠴᠢᠨᠠᠷ ᠪᠠ ᠬᠡᠷᠡᠭᠵᠢᠭᠦᠯᠵᠦ ᠪᠣᠯᠬᠤᠢᠴᠠ ᠴᠢᠨᠠᠷ ᠢ ᠴᠢᠩᠭ᠋ᠠᠳᠬᠠᠵᠤ᠂ ᠪᠣᠳᠠᠲᠤ ᠦᠷ᠎ᠡ ᠪᠦᠲᠦᠮᠵᠢ ᠶᠢ ᠡᠷᠬᠢᠮᠯᠡᠬᠦ ᠬᠡᠷᠡᠭᠲᠡᠶ ᠃ ᠲᠡᠷᠡ ᠵᠢᠭᠠᠵᠤ ᠳᠦ ᠪᠡᠨ ᠂ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠭᠠᠨ ᠵᠠᠪᠠᠯ ᠰᠢᠨ᠎ᠡ ᠶᠢ ᠡᠭᠦᠳᠬᠦ ᠦᠵᠡᠯ ᠤᠬᠠᠮᠰᠠᠷ ᠲᠠᠢ ᠪᠠᠢᠵᠤ᠂ ᠰᠢᠨ᠎ᠡ ᠶᠢ ᠡᠭᠦᠳᠬᠦ ᠴᠢᠨᠠᠷᠲᠠᠶ ᠰᠤᠳᠤᠯᠭᠠᠨ ᠢ ᠴᠢᠩᠭᠠᠳᠬᠠᠵᠤ ᠂ ᠬᠠᠤᠯᠢ ᠴᠠᠭᠠᠵᠠ ᠶᠢᠨ ᠦᠢᠯᠡᠳᠦᠯᠭᠡ ᠶᠢᠨ ᠳᠤᠮᠳᠠ ᠲᠤᠷᠰᠢᠯᠭ᠎ᠠ ᠪᠡᠨ ᠳ᠋ᠦᠩᠨᠡᠨ ᠰᠢᠨ᠎ᠡ ᠶᠢ ᠡᠭᠦᠳᠬᠦ ᠦᠷ᠎ᠡ ᠪᠦᠲᠦᠭᠡᠯ ᠢ ᠪᠤᠢ ᠪᠣᠯᠭᠠᠬᠤ ᠬᠡᠷᠡᠭᠲᠠᠢ ᠃ ᠵᠠᠪᠠᠯ ᠠᠰᠠᠭᠤᠳᠠᠯ ᠤᠨ ᠤᠬᠠᠮᠰᠠᠷ ᠲᠠᠶ ᠪᠠᠶᠢᠵᠤ ᠂ ᠠᠰᠠᠭᠤᠳᠠᠯ ᠢᠶᠠᠷ ᠬᠡᠷᠡᠭᠯᠡᠭᠡᠨ ᠤ ᠬᠠᠤᠯᠢ ᠶᠢᠨ ᠤᠬᠠᠭᠠᠨ ᠤ ᠰᠤᠳᠤᠯᠭᠠᠨ ᠤ ᠤᠳᠤᠷᠢᠳᠤᠮᠵᠢ ᠪᠣᠯᠭᠠᠬᠤ ᠬᠡᠷᠡᠭᠲᠠᠢ᠃
ᠳᠤᠮᠳᠠᠳᠤ ᠤᠯᠤᠰ ᠤᠨ ᠨᠡᠶᠢᠭᠡᠮ ᠦᠨ ᠰᠢᠨᠵᠢᠯᠡᠬᠦ ᠤᠬᠠᠭᠠᠨ ᠤ ᠬᠠᠤᠯᠢ ᠶᠢᠨ ᠤᠬᠠᠭᠠᠨ ᠤ ᠰᠤᠳᠤᠯᠬᠤ ᠭᠠᠵᠠᠷ ᠂ ᠣᠯᠠᠨ ᠤᠯᠤᠰ ᠤᠨ ᠬᠠᠤᠯᠢ ᠰᠤᠳᠤᠯᠬᠤ ᠭᠠᠵᠠᠷ ᠤᠨ ᠬᠠᠮᠲᠤᠷᠠᠭᠰᠠᠨ ᠨᠠᠮ ᠤᠨ ᠬᠣᠷᠢᠶᠠᠨ ᠤ ᠱᠦᠵᠢ ᠴᠧᠨ ᠽᠥ ᠦᠵᠡᠬᠦ ᠳ᠋ᠡᠭᠡᠨ᠂ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠢ ᠰᠤᠳᠤᠯᠬᠤ ᠭᠠᠵᠠᠷ ᠪᠣᠯ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠬᠡᠷᠡᠭᠯᠡᠭᠡᠨ ᠦ ᠬᠡᠯᠪᠡᠷᠢ ᠶᠢᠨ ᠤᠨᠤᠯ ᠤᠨ ᠰᠤᠳᠤᠯᠭᠠᠨ ᠤ ᠠᠵᠢᠯ ᠢ ᠥᠷᠨᠢᠭᠦᠯᠬᠦ ᠴᠢᠬᠤᠯᠠ ᠲᠠᠪᠴᠠᠩ ᠪᠠ ᠰᠢᠨᠵᠢᠯᠡᠬᠦ ᠤᠬᠠᠭᠠᠨ ᠤ ᠰᠤᠳᠤᠯᠭᠠᠨ ᠤ ᠴᠢᠬᠤᠯᠠ ᠲᠥᠪ ᠂ ᠰᠢᠭᠦᠨ ᠲᠠᠰᠤᠯᠬᠤ ᠤᠨᠤᠯ ᠪᠣᠯᠤᠨ ᠰᠢᠭᠦᠨ ᠲᠠᠰᠤᠯᠬᠤ ᠦᠢᠯᠡᠳᠦᠯᠭᠡ ᠶᠢᠨ ᠴᠥᠷᠬᠡᠯᠡᠬᠦ ᠴᠢᠬᠤᠯᠠ ᠬᠥᠭᠥᠷᠭᠡ ᠪᠠ ᠬᠣᠯᠪᠣᠭᠠᠰᠤ ᠮᠥᠨ ᠃ 2009 ᠣᠨ ᠠᠴᠠ ᠨᠠᠰᠢ ᠂ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠰᠤᠳᠤᠯᠬᠤ ᠭᠠᠵᠠᠷ ᠪᠣᠯᠤᠨ ᠳᠤᠮᠳᠠᠳᠤ ᠤᠯᠤᠰ ᠤᠨ ᠨᠡᠶᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ ᠬᠣᠯᠪᠣᠭᠠᠯᠠᠨ ᠬᠠᠤᠯᠢ ᠶᠢᠨ ᠤᠬᠠᠭᠠᠨ ᠤ ᠠᠬᠠᠯᠠᠭᠴᠢ ᠳ᠋ᠣᠺᠲ᠋ᠣᠷ ᠡᠯᠰᠡᠨ ᠂ ᠬᠣᠣᠰ ᠵᠢᠯᠤᠭᠤᠳᠤᠬᠴᠢ ᠪᠠᠭᠰᠢ ᠶᠢᠨ ᠲᠦᠷᠢᠮ ᠵᠡᠷᠭᠡ ᠮᠠᠰᠢ ᠤᠯᠠᠨ ᠰᠢᠨ᠎ᠡ ᠶᠢ ᠡᠭᠦᠳᠬᠦ ᠠᠷᠭ᠎ᠠ ᠬᠡᠮᠵᠢᠶ᠎ᠡ ᠠᠪᠴᠤ ᠂ ᠪᠣᠳᠠᠲᠠᠶ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠰᠢᠨᠵᠢᠯᠡᠬᠦ ᠤᠬᠠᠭᠠᠨ ᠤ ᠰᠤᠳᠤᠯᠭᠠᠨ ᠤ ᠦᠵᠡᠯᠲᠡ ᠶᠢ ᠳᠤᠭᠲᠠᠭᠠᠨ ᠂ ᠰᠠᠢᠨ ᠴᠢᠳᠠᠪᠤᠷᠢᠲᠠᠨ ᠢ ᠬᠥᠮᠦᠵᠢᠭᠦᠯᠬᠦ ᠂ ᠪᠣᠳᠠᠲᠤ ᠦᠷ᠎ᠡ ᠠᠰᠢᠭ ᠢᠶᠡᠷ ᠥᠨᠳᠥᠷ ᠰᠤᠳᠤᠯᠭᠠᠨ ᠤ ᠦᠷ᠎ᠡ ᠪᠦᠲᠦᠭᠡᠯ ᠵᠡᠷᠭᠡ ᠲᠠᠯ᠎ᠠ ᠪᠡᠷ ᠢᠯᠡᠳᠲᠡ ᠠᠮᠵᠢᠯᠲᠠ ᠣᠯᠪᠠ᠃ ᠨᠡᠩ ᠴᠢᠬᠤᠯᠠ ᠨᠢ ᠂ ᠬᠠᠮᠲᠤᠷᠠᠨ ᠠᠵᠢᠯᠯᠠᠬᠤ ᠳᠤᠮᠳᠠ ᠂ ᠬᠠᠤᠯᠢ ᠶᠢᠨ ᠤᠬᠠᠭᠠᠨ ᠤ ᠭᠠᠵᠠᠷ ᠠᠰᠢᠭ ᠲᠤᠰᠠ ᠶᠢ ᠦᠯᠡᠮᠵᠢ ᠬᠦᠷᠲᠡᠵᠦ ᠂ ᠰᠢᠨᠵᠢᠯᠡᠬᠦ ᠤᠬᠠᠭᠠᠨ ᠤ ᠰᠤᠳᠤᠯᠭᠠᠨ ᠤ ᠨᠢᠭᠡᠴᠢ ᠪᠣᠯᠤᠨ ᠰᠢᠭᠦᠨ ᠲᠠᠰᠤᠯᠬᠤ ᠪᠠᠶᠢᠭᠤᠯᠤᠯᠭ᠎ᠠ ᠪᠦᠲᠦᠮᠵᠢᠲᠡᠶ ᠬᠠᠮᠲᠤᠷᠠᠯᠴᠠᠬᠤ ᠲᠣᠭᠲᠠᠴᠠ ᠶᠢ ᠪᠠᠢᠭᠤᠯᠤᠨ᠂ ᠳᠤᠮᠳᠠᠳᠤ ᠤᠯᠤᠰ ᠤᠨ ᠨᠡᠶᠢᠭᠡᠮ ᠦᠨ ᠰᠢᠨᠵᠢᠯᠡᠬᠦ ᠤᠬᠠᠭᠠᠨ ᠤ ᠬᠠᠤᠯᠢ ᠶᠢᠨ ᠤᠬᠠᠭᠠᠨ ᠤ ᠰᠤᠳᠤᠯᠬᠤ ᠭᠠᠵᠠᠷ ᠵᠢᠴᠢ ᠰᠢᠨᠵᠢᠯᠡᠬᠦ ᠤᠬᠠᠭᠠᠨ ᠤ ᠰᠤᠳᠤᠯᠭᠠᠨ ᠤ ᠬᠡᠰᠢᠭᠦᠳ ᠰᠢᠭᠦᠨ ᠲᠠᠰᠤᠯᠤᠯᠲᠠ ᠶᠢᠨ ᠪᠣᠳᠠᠲᠤ ᠣᠷᠴᠢᠨ ᠳᠤ ᠭᠦᠨᠵᠡᠭᠡᠢᠷᠡᠨ᠂ ᠰᠢᠨᠵᠢᠯᠡᠬᠦ ᠤᠬᠠᠭᠠᠨ ᠤ ᠰᠤᠳᠤᠯᠭᠠᠨ ᠤ ᠣᠪᠣᠷ ᠰᠤᠷᠲᠠᠯ ᠢ ᠰᠠᠢᠵᠢᠷᠠᠭᠤᠯᠬᠤ ᠪᠠ ᠡᠷᠳᠡᠮ ᠰᠢᠨᠵᠢᠯᠡᠭᠡᠨ ᠦ ᠣᠶᠢᠯᠠᠭᠠᠭᠳᠠᠬᠤᠨ ᠢ ᠵᠦᠭᠰᠢᠷᠡᠭᠦᠯᠬᠦ ᠳᠤ ᠣᠯᠳᠠᠬᠤᠶ᠎ᠠ ᠪᠡᠷᠬᠡ ᠠᠵᠠ ᠲᠣᠬᠢᠶᠠᠯ ᠪᠣᠯᠤᠨ ᠪᠦᠳᠦᠮᠵᠢᠲᠠᠢ ᠬᠠᠷᠠᠯᠲᠠ ᠣᠯᠭᠤᠭᠰᠠᠨ ᠪᠠᠢᠨ᠎ᠠ᠃ ᠲᠡᠷᠡ ᠬᠦᠰᠡᠬᠦ ᠳᠤ ᠪᠡᠨ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠰᠤᠳᠤᠯᠬᠤ ᠭᠠᠵᠠᠷ ᠨᠢ ᠡᠩ ᠲᠡᠷᠢᠭᠦᠨ ᠳᠦ ᠠᠬᠠᠯᠠᠭᠴᠢ ᠳ᠋ᠣᠺᠲ᠋ᠣᠷ ᠬᠥᠮᠦᠵᠢᠭᠦᠯᠬᠦ ᠠᠵᠢᠯ ᠢ ᠦᠷᠭᠦᠯᠵᠢᠯᠡᠨ ᠯᠠᠪᠳᠠᠭᠤᠨ ᠪᠠᠲᠤᠲᠠᠶ ᠰᠠᠶᠢᠲᠤᠷ ᠬᠢᠵᠤ᠂ ᠡᠯ᠎ᠡ ᠲᠠᠯ᠎ᠠ ᠶᠢᠨ ᠰᠢᠯᠢᠳᠡᠭ ᠴᠢᠳᠠᠪᠤᠷᠢᠲᠠᠨ ᠢ ᠡᠯᠰᠡᠨ ᠠᠬᠠᠯᠠᠭᠴᠢ ᠳ᠋ᠣᠺᠲ᠋ᠣᠷ ᠤᠨ ᠰᠤᠳᠤᠯᠭᠠᠨ ᠬᠢᠵᠦ ᠂ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶ᠎ᠠ ᠪᠣᠯᠤᠨ ᠡᠯ᠎ᠡ ᠱᠠᠲᠤᠨ ᠤ ᠠᠷᠠᠳ ᠤᠨ ᠰᠢᠭᠦᠬᠦ ᠬᠣᠷᠢᠶᠠᠨ ᠳᠤ ᠤᠨᠤᠯ ᠤᠨ ᠲᠠᠯ᠎ᠠ ᠪᠡᠷ ᠤᠢᠯᠭᠠᠯᠲᠠ ᠭᠦᠨ ᠂ ᠪᠣᠳᠠᠲᠤ ᠪᠠᠶᠢᠳᠠᠯ ᠲᠠᠶ ᠴᠢᠳᠠᠮᠠᠭᠠᠶ ᠤᠶᠠᠯᠳᠤᠳᠠᠭ ᠬᠠᠤᠯᠢ ᠴᠠᠭᠠᠵᠠ ᠶᠢᠨ ᠳᠡᠭᠡᠳᠦ ᠲᠡᠰ ᠤᠨ ᠴᠢᠳᠠᠪᠤᠷᠢᠲᠠᠨ ᠢ ᠬᠥᠮᠦᠵᠢᠭᠦᠯᠦᠨ ᠥᠭᠴᠦ᠂ ᠰᠢᠭᠦᠨ ᠲᠠᠰᠤᠯᠬᠤ ᠦᠢᠯᠡᠳᠦᠯᠭᠡ ᠶᠢᠨ ᠳᠤᠮᠳᠠᠬᠢ ᠴᠢᠬᠤᠯᠠ ᠶᠡᠬᠡ ᠠᠰᠠᠭᠤᠳᠠᠯ ᠢ ᠰᠢᠶᠳᠪᠦᠷᠢᠯᠡᠬᠦ ᠶᠢᠨ ᠲᠥᠯᠥᠭᠡ ᠴᠢᠨᠠᠷ ᠰᠠᠶᠢᠲᠠᠶ ᠤᠨᠤᠯ ᠤᠨ ᠦᠷ᠎ᠡ ᠪᠦᠲᠦᠭᠡᠯ ᠪᠠ ᠬᠡᠷᠡᠭᠵᠢᠭᠦᠯᠬᠦ ᠲᠥᠰᠦᠯ ᠬᠠᠩᠭᠠᠬᠤ ᠬᠡᠷᠡᠭᠲᠠᠢ ᠭᠡᠪᠡ ᠂ᠳᠠᠷᠠᠭᠠᠯᠠᠪᠠᠯ ᠂ ᠬᠦᠰᠡᠵᠦ 《 ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ 》ᠰᠡᠳᠬᠦᠯ ᠬᠡᠪᠯᠡᠬᠦ ᠪᠠ ᠲᠠᠷᠬᠠᠭᠠᠬᠤ ᠳᠤ ᠲᠦᠰᠢᠭ ᠪᠣᠯᠭᠠᠨ ᠂ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠤ ᠤᠨᠤᠯ ᠤᠨ ᠲᠠᠪᠴᠠᠩ ᠢ ᠰᠠᠶᠢᠲᠤᠷ ᠪᠠᠶᠢᠭᠤᠯᠵᠤ ᠂᠂ ᠬᠡᠷᠡᠭᠯᠡᠭᠡᠨ ᠦ ᠬᠠᠤᠯᠢ ᠶᠢᠨ ᠤᠬᠠᠭᠠᠨ ᠤ ᠲᠠᠯ᠎ᠠ ᠶᠢᠨ ᠦᠷ᠎ᠡ ᠪᠦᠲᠦᠭᠡᠯ ᠢ ᠢᠯᠡᠭᠦᠬᠡᠨ ᠰᠤᠳᠤᠯᠵᠤ ᠂ ᠢᠯᠡᠭᠦᠬᠡᠨ ᠨᠡᠶᠢᠲᠡᠯᠡᠵᠦ ᠪᠠᠢᠬᠤ ᠶᠢ ᠬᠦᠰᠡᠵᠤ ᠪᠠᠢᠨ᠎ᠠ ᠭᠡᠪᠡ᠃ ᠲᠠᠬᠢᠨ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠰᠤᠳᠤᠯᠬᠤ ᠭᠠᠵᠠᠷ ᠨᠢ ᠴᠢᠳᠠᠮᠵᠢ ᠪᠡᠨ ᠢᠳᠡᠪᠬᠢᠲᠡᠶ ᠪᠠᠳᠠᠷᠠᠭᠤᠯᠤᠨ ᠂ ᠲᠥᠪ ᠦᠨ ᠬᠠᠤᠯᠢ ᠴᠠᠭᠠᠵᠠ ᠶᠢᠨ ᠪᠠᠶᠢᠭᠤᠯᠭ᠎ᠠ ᠶᠢᠨ ᠰᠢᠶᠳᠪᠦᠷᠢᠲᠦ ᠪᠤᠳᠤᠯᠭ᠎ᠠ ᠲᠣᠭᠲᠠᠭᠠᠬᠤ ᠳᠤ ᠦᠢᠯᠡᠴᠢᠯᠡᠨ ᠂ ᠰᠢᠭᠦᠨ ᠲᠠᠰᠤᠯᠠᠯᠲᠠ ᠶᠢᠨ ᠬᠥᠭᠵᠢᠯᠲᠡ ᠳᠦ ᠦᠢᠯᠡᠴᠢᠯᠡᠨ᠂ ᠬᠠᠤᠯᠢ ᠴᠠᠭᠠᠵᠠ ᠶᠢᠨ ᠠᠵᠢᠯᠯᠠᠭᠠᠨ ᠤ ᠲᠣᠭᠲᠠᠴᠠ ᠶᠢᠨ ᠥᠭᠡᠷᠡᠴᠢᠯᠡᠯᠲᠡ ᠶᠢᠨ ᠲᠠᠯ᠎ᠠ ᠪᠠᠷ ᠥᠪᠡᠷᠮᠢᠴᠡ ᠬᠤᠪᠢ ᠨᠡᠮᠡᠷᠢ ᠪᠡᠨ ᠦᠵᠡᠭᠦᠯᠬᠦ ᠶᠢ ᠬᠦᠰᠡᠵᠦ ᠪᠠᠢᠨ᠎ᠠ ᠭᠡᠪᠡ ᠃
ᠳᠤᠮᠳᠠᠳᠤ ᠤᠯᠤᠰ ᠤᠨ ᠠᠷᠠᠳ ᠤᠨ ᠶᠡᠬᠡ ᠰᠤᠷᠭᠠᠭᠤᠯᠢ ᠶᠢᠨ ᠰᠤᠷᠭᠠᠭᠤᠯᠢ ᠶᠢᠨ ᠵᠠᠬᠢᠷᠤᠯ ᠤᠨ ᠲᠤᠰᠠᠯᠠᠭᠴᠢ ᠭᠦᠸᠸ ᠬᠣᠩ ᠯᠢᠨ ᠦᠵᠡᠬᠦ ᠳᠤ ᠪᠡᠨ ᠂ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠰᠤᠳᠤᠯᠬᠤ ᠭᠠᠵᠠᠷ ᠨᠢ ᠪᠦᠬᠦ ᠤᠯᠤᠰ ᠤᠨ ᠤᠯᠤᠰ ᠲᠦᠷᠦ ᠬᠠᠤᠯᠢ ᠴᠠᠭᠠᠵᠠ ᠶᠢᠨ ᠰᠢᠰᠲ᠋ᠧᠮ ᠦᠨ ᠴᠤᠷ ᠤᠨ ᠭᠠᠭᠴᠠ ᠠᠬᠠᠯᠠᠭᠴᠢ ᠳ᠋ᠣᠺᠲ᠋ᠣᠷ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠤᠨ ᠭᠠᠵᠠᠷ ᠪᠠᠢᠵᠤ ᠂ ᠨᠡᠶᠢᠭᠡᠮ ᠵᠢᠷᠤᠮ ᠤᠨ ᠬᠠᠤᠯᠢ ᠪᠠᠷ ᠵᠠᠰᠠᠬᠤ ᠣᠶᠢᠯᠠᠭᠠᠭᠳᠠᠬᠤᠨ ᠢ ᠪᠠᠷᠢᠮᠲᠠᠯᠠᠵᠤ ᠂ ᠤᠨᠤᠯ ᠤᠨ ᠬᠢᠨ ᠪᠠ ᠪᠣᠳᠠᠲᠤ ᠠᠵᠢᠯ ᠤᠨ ᠬᠢᠨ ᠦ ᠰᠣᠯᠢᠯᠴᠠᠭᠠᠨ ᠤ ᠲᠠᠪᠴᠠᠩ ᠢ ᠬᠦᠴᠦᠯᠡᠨ ᠪᠠᠢᠭᠤᠯᠤᠨ᠂ ᠰᠢᠭᠦᠨ ᠲᠠᠰᠤᠯᠬᠤ ᠦᠢᠯᠡᠳᠦᠯᠭᠡ ᠲᠡᠶ ᠨᠢᠭᠲᠠ ᠬᠣᠯᠪᠣᠯᠳᠤᠵᠤ ᠪᠠᠶᠢᠳᠠᠭ ᠳᠠᠪᠠᠭᠤᠯᠢᠭ ᠲᠠᠯ᠎ᠠ ᠪᠠᠨ ᠪᠠᠳᠠᠷᠠᠭᠤᠯᠵᠤ᠂ ᠮᠠᠰᠢ ᠶᠡᠬᠡ ᠠᠮᠵᠢᠯᠲᠠ ᠣᠯᠵᠤ᠂ ᠨᠥᠯᠥᠭᠡᠯᠡᠬᠦ ᠬᠦᠴᠦᠨ ᠢᠶᠡᠨ ᠲᠠᠰᠤᠷᠠᠯᠲᠠ ᠦᠭᠡᠶ ᠥᠷᠭᠡᠳᠬᠡᠵᠦ ᠪᠠᠶᠢᠨ᠎ᠠ ᠃ ᠬᠠᠤᠯᠢ ᠶᠢ ᠰᠣᠳᠤᠯᠠᠬᠤ ᠭᠠᠵᠠᠷ ᠨᠢ ᠠᠬᠠᠯᠠᠭᠴᠢ ᠳ᠋ᠣᠺᠲ᠋ᠣᠷ ᠤᠨ ᠰᠢᠨᠵᠢᠯᠡᠭᠡᠨ ᠦ ᠰᠤᠳᠤᠯᠤᠯ ᠬᠢᠵᠤ ᠪᠠᠶᠢᠭ᠎ᠠ ᠳᠠᠪᠠᠭᠤᠯᠢᠭ ᠲᠠᠯ᠎ᠠ ᠪᠠᠨ ᠦᠷᠭᠦᠯᠵᠢᠯᠡᠨ ᠪᠠᠳᠠᠷᠠᠭᠤᠯᠵᠤ ᠂ ᠠᠬᠠᠯᠠᠭᠴᠢ ᠳ᠋ᠣᠺᠲ᠋ᠣᠷ ᠤᠨ ᠬᠠᠮᠲᠤ ᠶᠢᠨ ᠤᠢ ᠤᠬᠠᠭᠠᠨ ᠢ ᠬᠤᠷᠠᠮᠳᠤᠭᠤᠯᠤᠨ ᠂ ᠬᠠᠮᠲᠤᠪᠠᠷ ᠰᠤᠳᠤᠯᠭᠠᠨ ᠤ ᠪᠡᠷᠬᠡ ᠰᠡᠳᠦᠪ ᠢ ᠰᠢᠢᠳᠪᠦᠷᠢᠯᠡᠨ ᠂ ᠬᠠᠤᠯᠢ ᠴᠠᠭᠠᠵᠠ ᠶᠢᠨ ᠥᠭᠡᠷᠡᠴᠢᠯᠡᠯᠲᠡ ᠶᠢᠨ ᠡᠮᠦᠨ᠎ᠡ ᠡᠩᠨᠡᠭᠡ ᠪᠡᠷ ᠭᠦᠨᠵᠡᠭᠡᠢᠷᠡᠨ ᠂ ᠮᠠᠨ ᠤ ᠤᠯᠤᠰ ᠤᠨ ᠠᠷᠠᠳ ᠤᠨ ᠬᠠᠤᠯᠢ ᠴᠠᠭᠠᠵᠠ ᠶᠢᠨ ᠦᠢᠯᠡᠰ ᠦᠨ ᠬᠥᠭᠵᠢᠯᠲᠡ ᠶᠢ ᠠᠬᠢᠭᠤᠯᠬᠤ ᠳᠦ ᠬᠦᠴᠦᠲᠡᠶ ᠣᠶᠣᠨ ᠤᠬᠠᠭᠠᠨ ᠤ ᠪᠠᠲᠤᠯᠠᠭ᠎ᠠ ᠶᠢ ᠬᠠᠩᠭᠠᠭᠰᠠᠨ ᠪᠠᠶᠢᠨ᠎ᠠ ᠃ ᠳᠤᠮᠳᠠᠳᠤ ᠤᠯᠤᠰ ᠤᠨ ᠠᠷᠠᠳ ᠤᠨ ᠶᠡᠬᠡ ᠰᠤᠷᠭᠠᠭᠤᠯᠢ ᠵᠢᠴᠢ ᠲᠡᠭᠦᠨ ᠦ ᠬᠠᠤᠯᠢ ᠴᠠᠭᠠᠵᠠ ᠶᠢᠨ ᠳᠡᠭᠡᠳᠦ ᠰᠤᠷᠭᠠᠭᠤᠯᠢ ᠪᠠ ᠬᠠᠤᠯᠢ ᠶᠢ ᠰᠤᠳᠤᠯᠬᠤ ᠭᠠᠵᠠᠷ ᠨᠢᠭᠲᠠ ᠬᠣᠯᠪᠣᠭ᠎ᠠ ᠪᠠᠢᠭᠤᠯᠤᠨ᠂ ᠰᠢᠨᠵᠢᠯᠡᠬᠦ ᠤᠬᠠᠭᠠᠨ ᠤ ᠰᠤᠳᠤᠯᠭᠠᠨ ᠬᠢᠬᠦ ᠂ ᠴᠢᠳᠠᠪᠤᠷᠢᠲᠠᠨ ᠢ ᠬᠥᠮᠦᠵᠢᠭᠦᠯᠬᠦ ᠪᠠ ᠠᠬᠠᠯᠠᠭᠴᠢ ᠳ᠋ᠣᠺᠲ᠋ᠣᠷ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠤᠨ ᠥᠷᠲᠡᠭᠡ ᠶᠢᠨ ᠪᠠᠶᠢᠭᠤᠯᠤᠯᠲᠠ ᠵᠡᠷᠭᠡ ᠲᠠᠯ᠎ᠠ ᠪᠠᠷ ᠮᠠᠰᠢ ᠰᠠᠢᠨ ᠦᠷ᠎ᠡ ᠪᠦᠲᠦᠮᠵᠢ ᠲᠡᠶ ᠬᠠᠮᠲᠤᠷᠠᠨ ᠠᠵᠢᠯᠯᠠᠭᠰᠠᠨ ᠪᠠᠶᠢᠨ᠎ᠠ ᠃ ᠪᠢᠳᠡ ᠡᠨᠡ ᠬᠦ ᠡᠷᠬᠢᠮ ᠨᠠᠨᠳᠢᠨ ᠬᠠᠮᠲᠤᠷᠠᠨ ᠠᠵᠢᠯᠯᠠᠬᠤ ᠬᠠᠷᠢᠴᠠᠭ᠎ᠠ ᠶᠢ ᠲᠤᠶᠢᠯ ᠢᠶᠠᠷ ᠨᠠᠨᠳᠢᠩᠨᠠᠨ ᠂ ᠬᠠᠤᠯᠢ ᠶᠢ ᠰᠤᠳᠤᠯᠬᠤ ᠭᠠᠵᠠᠷ ᠲᠠᠢ ᠦᠷᠭᠦᠯᠵᠢᠯᠡᠨ ᠬᠠᠮᠲᠤᠷᠠᠯᠴᠠᠭ᠎ᠠ ᠪᠠᠨ ᠴᠢᠩᠭ᠋ᠠᠳᠬᠠᠬᠤ ᠳᠤᠷᠠᠲᠠᠶ ᠪᠠᠢᠵᠤ᠂ ᠬᠠᠷᠢᠯᠴᠠᠨ ᠲᠤᠯᠢᠯᠠᠵᠤ᠂ ᠬᠠᠷᠢᠯᠴᠠᠨ ᠳᠡᠮᠵᠢᠨ᠂ ᠬᠠᠤᠯᠢ ᠶᠢᠨ ᠤᠬᠠᠭᠠᠨ ᠤ ᠰᠤᠳᠤᠯᠭᠠᠨ ᠤ ᠴᠡᠴᠡᠭᠯᠡᠨ ᠬᠥᠭᠵᠢᠬᠦ ᠶᠢ ᠬᠠᠮᠲᠤ ᠪᠡᠷ ᠲᠦᠯᠬᠢᠨ ᠠᠬᠢᠭᠤᠯᠤᠶ᠎ᠠ ᠭᠡᠪᠡ ᠃
ᠪᠠᠷᠠᠭᠤᠨ ᠬᠣᠶᠢᠲᠤ ᠣᠷᠣᠨ ᠤ ᠤᠯᠤᠰ ᠲᠥᠷᠥ ᠬᠠᠤᠯᠢ ᠴᠠᠭᠠᠵᠠ ᠶᠢᠨ ᠶᠡᠬᠡ ᠰᠤᠷᠭᠠᠭᠤᠯᠢ ᠶᠢᠨ ᠳᠡᠳ᠋ ᠵᠠᠬᠢᠷᠤᠯ ᠸᠠᠩ ᠯᠢᠨ ᠦᠵᠡᠬᠦ ᠳᠤ ᠪᠡᠨ ᠂ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠰᠤᠳᠤᠯᠬᠤ ᠭᠠᠵᠠᠷ ᠪᠠᠶᠢᠭᠤᠯᠤᠭᠳᠠᠭᠰᠠᠨ ᠠᠴᠠ ᠨᠠᠰᠢ ᠂ ᠡᠯ᠎ᠡ ᠱᠠᠲᠤᠨ ᠤ ᠠᠷᠠᠳ ᠤᠨ ᠰᠢᠭᠦᠬᠦ ᠬᠣᠷᠢᠶᠠᠨ ᠤ ᠠᠵᠢᠯ ᠤᠨ ᠲᠣᠭᠤᠷᠢᠨ ᠳᠦ ᠣᠨᠣᠯ ᠤᠨ ᠰᠤᠳᠤᠯᠭᠠᠨ ᠢ ᠥᠷᠨᠢᠭᠦᠯᠵᠦ ᠂ ᠬᠠᠤᠯᠢ ᠴᠠᠭᠠᠵᠠ ᠶᠢᠨ ᠪᠠᠶᠢᠭᠤᠯᠤᠯ ᠂ ᠬᠠᠤᠯᠢ ᠴᠠᠭᠠᠵᠠ ᠶᠢᠨ ᠲᠦᠷᠦ ᠶᠢᠨ ᠪᠤᠳᠤᠯᠭ᠎ᠠ ᠂ ᠬᠠᠤᠯᠢ ᠴᠠᠭᠠᠵᠠ ᠶᠢᠨ ᠥᠭᠡᠷᠡᠴᠢᠯᠡᠯᠲᠡ ᠂ ᠰᠢᠭᠦᠨ ᠲᠠᠰᠤᠯᠬᠤ ᠤᠨᠤᠯ ᠵᠡᠷᠭᠡ ᠬᠠᠤᠯᠢ ᠬᠡᠷᠡᠭᠵᠢᠭᠦᠯᠦᠯᠲᠡ ᠶᠢᠨ ᠡᠮᠦᠨ᠎ᠡ ᠵᠠᠬ᠎ᠠ ᠶᠢᠨ ᠠᠰᠠᠭᠤᠳᠠᠯ ᠵᠢᠴᠢ ᠪᠣᠳᠠᠲᠠᠶ ᠬᠠᠤᠯᠢ ᠴᠠᠭᠠᠵᠠ ᠶᠢᠨ ᠲᠣᠬᠢᠷᠠᠭᠤᠯᠤᠨ ᠬᠡᠷᠡᠭᠯᠡᠯᠲᠡ ᠵᠡᠷᠭᠡ ᠬᠦᠷᠢᠶᠡᠨ ᠳᠦ ᠡᠯᠪᠡᠭ ᠪᠠᠶᠠᠯᠢᠭ ᠠᠮᠵᠢᠯᠲᠠ ᠂ ᠨᠥᠯᠥᠭᠡᠯᠡᠬᠦ ᠬᠦᠴᠦᠨ ᠪᠦᠬᠦᠢ ᠰᠤᠳᠤᠯᠭᠠᠨ ᠤ ᠦᠷ᠎ᠡ ᠪᠦᠲᠦᠭᠡᠯ ᠣᠯᠪᠠ᠃ ᠡᠳᠡᠭᠡᠷ ᠦᠷ᠎ᠡ ᠪᠦᠲᠦᠭᠡᠯ ᠤᠨ ᠬᠣᠯᠪᠣᠭᠳᠠᠬᠤ ᠬᠡᠪᠴᠢᠶ᠎ᠡ ᠨᠢ ᠥᠷᠭᠡᠨ ᠂ ᠰᠤᠳᠤᠯᠬᠤ ᠡᠬᠢᠯᠡᠯᠲᠡ ᠥᠨᠳᠥᠷ ᠂ ᠳ᠋ᠦᠩᠨᠡᠯᠲᠡ ᠨᠢ ᠣᠨᠤᠪᠴᠢᠲᠠᠢ ᠪᠠᠢᠵᠤ ᠂ ᠰᠢᠭᠦᠨ ᠲᠠᠰᠤᠯᠬᠤ ᠦᠢᠯᠡᠳᠦᠯᠭᠡ ᠳᠦ ᠢᠳᠡᠪᠬᠢᠲᠡᠶ ᠵᠢᠯᠣᠭᠣᠳᠬᠤ ᠠᠴᠢ ᠬᠣᠯᠪᠣᠭᠳᠠᠯ ᠲᠠᠶ ᠂ ᠬᠠᠤᠯᠢ ᠶᠢᠨ ᠤᠬᠠᠭᠠᠨ ᠤ ᠰᠤᠳᠤᠯᠭᠠᠨ ᠤ ᠵᠣᠬᠢᠶᠠᠯ ᠤᠨ ᠰᠤᠷᠲᠠᠯ ᠢ ᠰᠠᠢᠵᠠᠷᠠᠭᠤᠯᠬᠤ ᠳᠤ ᠠᠬᠢᠭᠤᠯᠬᠤ ᠦᠢᠯᠡᠳᠦᠯ ᠦᠵᠡᠭᠦᠯᠵᠦ᠂ ᠵᠣᠬᠢᠬᠤ ᠬᠡᠮᠵᠢᠶ᠎ᠡ ᠪᠡᠷ ᠳᠡᠭᠡᠳᠦ ᠰᠤᠷᠭᠠᠭᠤᠯᠢ ᠶᠢᠨ ᠬᠠᠤᠯᠢ ᠪᠠᠷ ᠵᠠᠰᠠᠬᠤ ᠰᠤᠷᠭᠠᠨ ᠬᠥᠮᠦᠵᠢᠯ ᠂ ᠮᠡᠳᠡᠯᠭᠡ ᠤᠯᠠᠮᠵᠢᠯᠠᠬᠤ ᠠᠭᠤᠯᠭ᠎ᠠ ᠪᠠ ᠵᠢᠭᠠᠨ ᠰᠤᠷᠭᠠᠬᠤ ᠠᠷᠭ᠎ᠠ ᠮᠠᠶ᠋ᠢᠭ ᠤᠨ ᠥᠭᠡᠷᠡᠴᠢᠯᠡᠯᠲᠡ ᠳᠤ ᠨᠥᠯᠦᠭᠡ ᠦᠵᠡᠭᠦᠯᠦᠭᠰᠡᠨ ᠪᠠᠢᠨ᠎ᠠ ᠃
ᠳᠤᠮᠳᠠᠳᠤ ᠤᠯᠤᠰ ᠤᠨ ᠤᠯᠤᠰ ᠲᠦᠷᠤ ᠬᠠᠤᠯᠢ ᠴᠠᠭᠠᠵᠠ ᠶᠢᠨ ᠶᠡᠬᠡ ᠰᠤᠷᠭᠠᠭᠤᠯᠢ ᠶᠢᠨ ᠠᠰᠫᠢᠷᠠᠨᠲ ᠤᠨ ᠬᠦᠷᠢᠶᠡᠯᠡᠩ ᠦᠨ ᠳᠠᠷᠤᠭ᠎ᠠ ᠯᠢ ᠱᠤ ᠭᠤᠸᠠᠩ ᠫᠷᠤᠹᠸᠰᠰᠤᠷ ᠦᠵᠡᠬᠦ ᠳᠤ ᠪᠡᠨ᠂ ᠲᠡᠷᠡ ᠥᠪᠡᠷ ᠢᠶᠡᠨ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠬᠤ ᠭᠠᠵᠠᠷ ᠲᠤ ᠲᠤᠰᠢᠶᠠᠯ ᠡᠭᠦᠷᠭᠡᠯᠡᠭᠡᠳ ᠬᠣᠶᠠᠷ ᠵᠢᠯ ᠪᠣᠯᠵᠤ᠂ ᠣᠨᠴᠠ ᠶᠢᠨ ᠳᠣᠲᠣᠨᠣ ᠪᠠᠢᠵᠤ᠂ ᠭᠤᠷᠪᠠᠨ ᠵᠤᠢᠯ ᠤᠨ ᠬᠦᠰᠡᠯ ᠢᠶᠡᠨ ᠳᠤᠷᠠᠳᠪᠠ᠄ ᠨᠢᠭᠡᠳᠦᠭᠡᠷ ᠲᠦ ᠂ ᠬᠠᠤᠯᠢ ᠢ ᠰᠤᠳᠤᠯᠬᠤ ᠭᠠᠵᠠᠷ ᠤᠨ ᠰᠢᠨᠵᠢᠯᠡᠬᠦ ᠤᠬᠠᠭᠠᠨ ᠰᠤᠳᠤᠯᠭᠠᠨ ᠤ ᠭᠠᠵᠠᠷ ᠤᠨ ᠲᠠᠢᠯᠪᠤᠷᠢᠯᠠᠯᠲᠠ ᠨᠡᠩ ᠲᠣᠳᠤᠷᠬᠠᠢ ᠪᠠᠢᠬᠤ ᠶᠢ ᠬᠦᠰᠡᠪᠡ ᠂ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠤᠨ ᠦᠷᠳᠡᠭᠡ ᠪᠠ ᠳᠡᠭᠡᠳᠦ ᠰᠤᠷᠭᠠᠭᠤᠯᠢ ᠰᠢᠨᠵᠢᠯᠡᠬᠦ ᠤᠬᠠᠭᠠᠨ ᠤ ᠰᠤᠳᠤᠯᠭᠠᠨ ᠤ ᠭᠠᠵᠠᠷ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠶᠠᠪᠤᠭᠤᠯ ᠥᠷᠲᠡᠭᠡ ᠪᠣᠯ ᠢᠯᠭᠠᠭ᠎ᠠ ᠲᠠᠶ ᠶᠤᠮ ᠂ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠤᠨ ᠥᠷᠲᠡᠭᠡ ᠨᠢ ᠠᠵᠢᠯ ᠤᠨ ᠤᠷᠳᠤ ᠬᠤᠭᠤᠴᠠᠭᠠᠨ ᠤ ᠦᠷ᠎ᠡ ᠪᠦᠲᠦᠮᠵᠢᠲᠦ ᠴᠢᠨᠠᠷ ᠪᠠ ᠲᠣᠭᠲᠠᠪᠤᠷᠢᠲᠤ ᠴᠢᠨᠠᠷ ᠢ ᠪᠠᠲᠤᠯᠠᠬᠤ ᠶᠢ ᠨᠡᠩ ᠡᠷᠬᠢᠮᠯᠡᠨ ᠂ ᠰᠢᠨᠵᠢᠯᠡᠬᠦ ᠤᠬᠠᠭᠠᠨ ᠤ ᠰᠤᠳᠤᠯᠭᠠᠨ ᠤ ᠶᠠᠪᠤᠭᠤᠯ ᠥᠷᠲᠡᠭᠡ ᠨᠢ ᠨᠡᠩ ᠬᠦᠳᠡᠯᠡᠩᠭᠦᠢ᠂ ᠡᠯ᠎ᠡ ᠰᠤᠳᠤᠯᠭᠠᠨ ᠤ ᠰᠡᠳᠦᠪ ᠬᠣᠭᠤᠷᠤᠨᠳᠤ ᠪᠡᠨ ᠨᠡᠩ ᠰᠤᠯᠢᠪᠴᠠᠬᠤ ᠶᠢ ᠬᠡᠴᠢᠶᠡᠳᠡᠭ᠃ ᠬᠠᠤᠯᠢ ᠶᠢ ᠰᠤᠳᠤᠯᠬᠤ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠤᠨ ᠥᠷᠲᠡᠭᠡ ᠨᠢ《 ᠳᠦᠷᠪᠡᠨ ᠬᠠᠮᠤᠭ ᠤᠨ 》 ᠪᠠᠢᠬᠤ ᠶᠣᠰᠣᠲᠠᠢ᠂ ᠳᠠᠷᠤᠢ ᠄ ᠬᠠᠮᠤᠭ ᠤᠨ ᠳᠡᠭᠡᠳᠦ ᠳᠡᠰ ᠤᠨ ᠂ ᠬᠠᠮᠤᠭ ᠤᠨ ᠡᠷᠬᠡ ᠰᠦᠷ ᠲᠡᠶ ᠂ ᠬᠠᠮᠤᠭ ᠤᠨ ᠪᠡᠶ᠎ᠡ ᠪᠡᠨ ᠳᠠᠭᠠᠭᠠᠭᠰᠠᠨ ᠂ ᠬᠠᠮᠤᠭ ᠤᠨ ᠲᠤᠰᠬᠠᠢᠵᠢᠭᠰᠠᠨ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠭᠠᠨ ᠤ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠤᠨ ᠦᠷᠳᠡᠭᠡ ᠂ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠬᠠᠮᠤᠭ ᠤᠨ ᠳᠡᠭᠡᠳᠦ ᠤᠢ ᠤᠬᠠᠭᠠᠨ ᠨᠢ ᠪᠣᠯᠬᠤ ᠬᠡᠷᠡᠭᠲᠠᠢ ᠃ ᠬᠣᠶᠠᠳᠤᠭᠠᠷ ᠲᠤ ᠂ ᠤᠯᠤᠰ ᠣᠷᠣᠨ ᠤ ᠠᠵᠤ ᠠᠬᠤᠶ ᠨᠡᠶᠢᠭᠡᠮ ᠦᠨ ᠬᠥᠭᠵᠢᠯᠲᠡ ᠶᠢᠨ ᠬᠠᠮᠤᠭ ᠤᠨ ᠡᠮᠦᠨ᠎ᠡ ᠵᠠᠬ᠎ᠠ ᠶᠢᠨ ᠠᠰᠠᠭᠤᠳᠠᠯ᠂ ᠬᠠᠮᠤᠭ ᠤᠨ ᠴᠢᠬᠤᠯᠠ ᠶᠡᠬᠡ ᠠᠰᠠᠭᠤᠳᠠᠯ ᠳᠤ ᠠᠩᠬᠠᠷᠤᠯ ᠲᠠᠯᠪᠢᠭᠰᠠᠨ ᠪᠠᠢᠬᠤ ᠬᠡᠷᠡᠭᠲᠠᠢ᠃ ᠃ ᠭᠤᠷᠪᠠᠳᠤᠭᠠᠷ ᠲᠤ ᠂ ᠠᠵᠢᠯᠯᠠᠬᠤ ᠦᠷᠳᠡᠭᠡ ᠪᠣᠯᠤᠨ ᠳᠤᠮᠳᠠᠳᠤ ᠤᠯᠤᠰ ᠤᠨ ᠤᠯᠤᠰ ᠲᠥᠷᠥ ᠬᠠᠤᠯᠢ ᠴᠠᠭᠠᠵᠠ ᠶᠢᠨ ᠶᠡᠬᠡ ᠰᠤᠷᠭᠠᠭᠤᠯᠢ ᠶᠢᠨ ᠬᠠᠮᠲᠤᠷᠠᠨ ᠠᠵᠢᠯᠯᠠᠬᠤ ᠶᠠᠪᠤᠳᠠᠯ ᠤᠯᠠᠮ ᠠᠴᠠ ᠤᠯᠠᠮ ᠰᠠᠢᠨ ᠪᠣᠯᠬᠤ ᠶᠢ ᠬᠦᠰᠡᠵᠦ ᠪᠠᠢᠨ᠎ᠠ ᠃ ᠬᠠᠮᠲᠤ ᠶᠢᠨ ᠶᠠᠷᠢᠶᠠᠨ ᠤ ᠲᠠᠪᠴᠠᠩ ᠡᠷᠬᠢᠯᠡᠨ ᠂ ᠠᠵᠢᠯᠯᠠᠬᠤ ᠰᠡᠳᠦᠪ ᠢᠶᠡᠨ ᠬᠠᠮᠲᠤᠷᠠᠨ ᠬᠢᠵᠤ᠂ ᠳᠡᠭᠡᠳᠦ ᠳᠠᠪᠬᠤᠷᠭ᠎ᠠ ᠶᠢᠨ ᠬᠥᠮᠦᠰ ᠦᠨ ᠬᠠᠷᠢᠯᠴᠠᠨ ᠠᠶᠢᠯᠴᠢᠯᠠᠯᠲᠠ ᠬᠢᠵᠦ ᠂ ᠬᠠᠮᠲᠤ ᠪᠠᠷ ᠴᠡᠴᠡᠭᠯᠡᠨ ᠬᠥᠭᠵᠢᠬᠦ ᠶᠢ ᠬᠦᠰᠡᠵᠦ ᠪᠠᠢᠨ᠎ᠠ ᠭᠡᠪᠡ ᠃
ᠲᠢᠶᠠᠨᠵᠢᠨ ᠶᠡᠬᠡ ᠰᠤᠷᠭᠠᠭᠤᠯᠢ ᠶᠢᠨ ᠬᠠᠤᠯᠢ ᠴᠠᠭᠠᠵᠠ ᠶᠢᠨ ᠳᠡᠭᠡᠳᠦ ᠰᠤᠷᠭᠠᠭᠤᠯᠢ ᠶᠢᠨ ᠳᠠᠷᠤᠭ᠎ᠠ ᠰᠦᠨ ᠢᠤ ᠬᠠᠶ ᠦᠵᠡᠬᠦ ᠳᠤ ᠪᠡᠨ᠂ ᠡᠩ ᠲᠡᠷᠢᠭᠦᠨ ᠳᠦ ᠲᠡᠷᠡ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠢ ᠰᠤᠳᠤᠯᠬᠤ ᠭᠠᠵᠠᠷ ᠤᠨ ᠳᠠᠷᠤᠭ᠎ᠠ ᠪᠠᠢᠭᠰᠠᠨ ᠪᠥᠭᠡᠳ ᠠᠬ᠎ᠠ ᠳᠡᠭᠦᠦ ᠶᠡᠬᠡ ᠳᠡᠭᠡᠳᠦ ᠰᠤᠷᠭᠠᠭᠤᠯᠢ ᠶᠢᠨ ᠳᠠᠷᠤᠭ᠎ᠠ ᠡᠶᠢᠮᠦ ᠳᠠᠪᠬᠤᠷ ᠬᠢᠷᠢ ᠬᠡᠮ ᠲᠡᠶ ᠪᠠᠢᠭᠰᠠᠨ ᠡᠴᠡ ᠬᠠᠤᠯᠢ ᠶᠢ ᠰᠤᠲᠤᠯᠠᠬᠤ ᠭᠠᠵᠠᠷ ᠤᠨ ᠪᠡᠶ᠎ᠡ ᠪᠡᠨ ᠳᠠᠭᠠᠭᠠᠵᠤ ᠠᠬᠠᠯᠠᠭᠴᠢ ᠳ᠋ᠣᠺᠲ᠋ᠣᠷ ᠡᠯᠰᠡᠭᠰᠡᠨ ᠵᠢᠴᠢ 《ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ 》 ᠰᠡᠳᠭᠦᠯ ᠤᠨ ᠬᠡᠪᠯᠡᠯ ᠡᠬᠢᠯᠡᠭᠰᠡᠨ ᠳᠤ ᠦᠨᠡᠨ ᠰᠡᠳᠬᠢᠯ ᠡᠴᠡ ᠪᠡᠨ ᠪᠠᠶᠠᠷ ᠬᠦᠷᠭᠡᠵᠦ ᠪᠠᠶᠢᠨ᠎ᠠ ᠭᠡᠪᠡ ᠃ ᠬᠡᠷᠡᠭᠯᠡᠭᠡᠨ ᠤ ᠬᠠᠤᠯᠢ ᠶᠢ ᠰᠤᠳᠤᠯᠬᠤ ᠭᠠᠵᠠᠷ ᠨᠢ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠰᠢᠭᠤᠳ ᠬᠠᠷᠢᠶ᠎ᠠ ᠨᠢᠭᠡᠴᠡ ᠪᠣᠯᠤᠭᠰᠠᠨ ᠤ ᠬᠤᠪᠢ ᠳᠤ᠂ ᠶᠡᠷᠦ ᠨᠢ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠭᠠᠨ ᠪᠠ ᠰᠢᠭᠦᠨ ᠲᠠᠰᠤᠯᠬᠤ ᠤᠨᠤᠯ ᠤᠨ ᠰᠤᠳᠤᠯᠭᠠᠨ ᠤ ᠨᠢᠭᠡ ᠲᠠᠯ᠎ᠠ ᠶᠢᠨ ᠴᠢᠬᠤᠯᠠ ᠪᠦᠷᠢᠯᠳᠡᠭᠦᠨ ᠪᠣᠯᠵᠤ ᠂ 25 ᠵᠢᠯ ᠦᠨ ᠲᠤᠷᠰᠢ ᠬᠠᠤᠯᠢ ᠶᠢ ᠰᠤᠳᠤᠯᠬᠤ ᠭᠠᠵᠠᠷ ᠨᠢ ᠡᠯᠪᠡᠭ ᠳᠡᠯᠪᠡᠭ ᠦᠷ᠎ᠡ ᠪᠦᠲᠦᠭᠡᠯ ᠣᠯᠵᠤ ᠂ ᠨᠡᠷ᠎ᠡ ᠬᠦᠨᠳᠦ ᠨᠢ ᠮᠠᠨᠳᠤᠵᠤ᠂ ᠥᠷᠭᠡᠨ ᠳᠡᠯᠭᠡᠷ ᠨᠥᠯᠥᠭᠡ ᠲᠠᠢ ᠪᠣᠯᠤᠭᠰᠠᠨ ᠪᠠᠶᠢᠳᠠᠭ ᠃ ᠳᠠᠷᠠᠭ᠎ᠠ ᠨᠢ ᠲᠡᠷᠡ ᠬᠤᠶᠠᠷ ᠵᠦᠢᠯ ᠤᠨ ᠰᠠᠨᠠᠭᠤᠯᠭ᠎ᠠ ᠳᠤᠷᠠᠳᠪᠠ᠄ ᠨᠢᠭᠡᠳᠦᠭᠡᠷ ᠲᠦ ᠂ ᠨᠠᠮ ᠤᠨ ᠲᠥᠪ ᠬᠣᠷᠢᠶ᠎ᠠ ᠶᠢᠨ ᠬᠠᠤᠯᠢ ᠪᠡᠷ ᠤᠯᠤᠰ ᠢᠶᠠᠨ ᠵᠠᠰᠠᠬᠤ ᠶᠠᠪᠤᠳᠠᠯ ᠢ ᠪᠦᠬᠦ ᠲᠠᠯ᠎ᠠ ᠪᠠᠷ ᠲᠦᠯᠬᠢᠨ ᠠᠬᠢᠭᠤᠯᠬᠤ ᠪᠠᠶᠢᠯᠳᠤᠬᠤ ᠪᠤᠳᠤᠯᠭ᠎ᠠ ᠶᠢᠨ ᠪᠠᠶᠢᠷᠢᠯᠠᠭᠤᠯᠤᠯᠲᠠ ᠶᠢ ᠡᠷᠡᠰ ᠲᠤᠤᠱᠯᠠᠭᠤᠯᠵᠤ ᠂ ᠶᠡᠬᠡ ᠲᠠᠯ᠎ᠠ ᠳᠤ ᠦᠢᠯᠡᠴᠢᠯᠡᠨ ᠂ ᠬᠠᠤᠯᠢ ᠴᠠᠭᠠᠵᠠ ᠶᠢᠨ ᠪᠠᠶᠢᠭᠤᠯᠤᠯ ᠤᠨ ᠥᠭᠡᠷᠡᠴᠢᠯᠡᠯᠲᠡ ᠶᠢᠨ ᠰᠤᠳᠤᠯᠤᠯᠲᠠ ᠪᠡᠨ ᠴᠢᠩᠭ᠋ᠠᠳᠬᠠᠬᠤ ᠬᠡᠷᠡᠭᠲᠠᠢ᠃ ᠬᠠᠤᠯᠢ ᠶᠢ ᠰᠤᠳᠤᠯᠬᠤ ᠭᠠᠵᠠᠷ ᠨᠢ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠰᠢᠭᠦᠨ ᠲᠠᠰᠤᠯᠬᠤ ᠤᠨᠤᠯ ᠪᠠ ᠦᠢᠯᠡᠳᠦᠯᠭᠡ ᠶᠢᠨ ᠠᠰᠠᠭᠤᠳᠠᠯ ᠢ ᠰᠤᠳᠤᠯᠬᠤ ᠴᠢᠬᠤᠯᠠ ᠲᠠᠪᠴᠠᠩ ᠪᠠ ᠤᠶᠤᠨ ᠤ ᠬᠥᠮᠥᠷᠭᠡ ᠪᠣᠯᠤᠭᠰᠠᠨ ᠤ ᠬᠤᠪᠢ ᠳᠤ᠂ ᠵᠠᠪᠠᠯ ᠡᠭᠦᠷᠭᠡᠲᠦ ᠰᠡᠳᠬᠢᠯᠭᠡ ᠪᠠ ᠬᠠᠷᠢᠭᠤᠴᠠᠯᠭᠠᠲᠤ ᠰᠡᠳᠬᠢᠯᠭᠡ ᠪᠡᠨ ᠴᠢᠩᠭ᠋ᠠᠳᠬᠠᠵᠤ᠂ ᠶᠡᠬᠡ ᠲᠠᠯ᠎ᠠ ᠳᠤ ᠦᠢᠯᠡᠴᠢᠯᠡᠨ ᠂ ᠬᠠᠤᠯᠢ ᠴᠠᠭᠠᠵᠠ ᠶᠢᠨ ᠪᠠᠶᠢᠭᠤᠯᠤᠯ ᠤᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ ᠰᠤᠳᠤᠯᠬᠤ ᠪᠡᠨ ᠤᠯᠠᠮ ᠨᠢᠭᠡ ᠠᠯᠬᠤᠮ ᠴᠢᠩᠭ᠋ᠠᠳᠬᠠᠬᠤ ᠬᠡᠷᠡᠭᠲᠠᠢ᠃ ᠰᠢᠭᠦᠨ ᠲᠠᠰᠤᠯᠬᠤ ᠡᠷᠬᠡ ᠪᠡᠨ ᠬᠠᠤᠯᠢ ᠶᠣᠰᠣᠭᠠᠷ ᠪᠡᠶ᠎ᠡ ᠪᠡᠨ ᠳᠠᠭᠠᠭᠠᠨ ᠲᠥᠪ ᠭᠣᠣᠯᠴᠢ ᠪᠠᠷ ᠬᠡᠷᠡᠭᠵᠢᠭᠦᠯᠬᠦ ᠶᠢ ᠦᠨᠡᠨ ᠬᠦ ᠪᠠᠲᠤᠯᠠᠵᠤ᠂ ᠰᠢᠭᠦᠨ ᠲᠠᠰᠤᠯᠬᠤ ᠡᠷᠬᠡ ᠶᠢᠨ ᠠᠵᠢᠯᠯᠠᠭᠠᠨ ᠤ ᠲᠣᠭᠲᠠᠴᠠ ᠶᠢ ᠲᠡᠭᠦᠯᠳᠡᠷᠵᠢᠭᠦᠯᠵᠦ ᠂ ᠬᠥᠮᠦᠨ ᠦ ᠡᠷᠬᠡ ᠶᠢ ᠪᠠᠲᠤᠯᠠᠬᠤ ᠵᠡᠷᠭᠡ ᠲᠠᠯ᠎ᠠ ᠪᠠᠷ ᠬᠦᠴᠦᠲᠡᠶ ᠤᠨᠤᠯ ᠤᠨ ᠵᠢᠯᠤᠭᠤᠳᠤᠯᠭ᠎ᠠ ᠪᠠ ᠣᠶᠣᠨ ᠤᠬᠠᠭᠠᠨ ᠤ ᠪᠠᠲᠤᠯᠠᠭ᠎ᠠ ᠶᠢ ᠬᠠᠩᠭᠠᠬᠤ ᠬᠡᠷᠡᠭᠲᠡᠶ ᠃ ᠬᠣᠶᠠᠳᠤᠭᠠᠷ ᠲᠤ ᠂ ᠲᠤᠰ ᠪᠡᠶ᠎ᠡ ᠶᠢᠨ ᠳᠠᠪᠠᠭᠤᠯᠢᠭ ᠢᠶᠠᠨ ᠭᠦᠢᠴᠡᠳ ᠪᠠᠳᠠᠷᠠᠭᠤᠯᠵᠤ ᠂ ᠤᠨᠤᠯ ᠤᠨ ᠲᠠᠯ᠎ᠠ ᠪᠠ ᠪᠣᠳᠠᠲᠤ ᠠᠵᠢᠯ ᠤᠨ ᠲᠠᠯ᠎ᠠ ᠶᠢᠨ ᠬᠣᠭᠣᠷᠣᠨᠳᠣ ᠬᠠᠷᠢᠯᠴᠠᠨ ᠠᠭᠤᠰᠤᠯᠴᠠᠨ ᠨᠡᠪᠲᠡᠷᠡᠯᠴᠡᠬᠦ ᠳᠤ ᠬᠥᠭᠥᠷᠭᠡ ᠪᠣᠯᠬᠤ ᠬᠡᠷᠡᠭᠲᠠᠢ ᠃ ᠬᠠᠤᠯᠢ ᠶᠢ ᠰᠤᠳᠤᠯᠬᠤ ᠭᠠᠵᠠᠷ ᠨᠢᠭᠡ ᠲᠠᠯ᠎ᠠ ᠪᠡᠷ ᠣᠨᠤᠯ ᠤᠨ ᠰᠤᠳᠤᠯᠭᠠᠨ ᠤ ᠰᠠᠯᠠᠭ᠎ᠠ ᠮᠥᠴᠢᠷ ᠂ ᠨᠥᠭᠥᠭᠡ ᠨᠢᠭᠡ ᠪᠣᠳᠠᠲᠤ ᠠᠵᠢᠯ ᠤᠨ ᠰᠠᠯᠠᠭ᠎ᠠ ᠮᠥᠴᠢᠷ ᠪᠣᠯᠤᠭᠰᠠᠨ ᠡᠢᠮᠦᠷᠬᠦᠦ ᠣᠨᠤᠯ ᠪᠣᠯᠤᠨ ᠦᠢᠯᠡᠳᠦᠯᠭᠡ ᠶᠢ ᠬᠦᠨᠳᠡᠯᠡᠨ ᠰᠤᠨᠳᠤᠯᠤᠭᠰᠠᠨ ᠥᠪᠡᠷ ᠤᠨ ᠪᠡᠶ᠎ᠡ ᠶᠢᠨ ᠳᠠᠪᠠᠭᠤᠯᠢᠭ ᠢᠶᠡᠨ ᠠᠰᠢᠭᠯᠠᠨ᠂ ᠰᠢᠨ᠎ᠡ ᠪᠠᠶᠢᠳᠠᠯ ᠤᠨ ᠳᠣᠣᠷ᠎ᠠ ᠬᠠᠤᠯᠢ ᠴᠠᠭᠠᠵᠠ ᠶᠢᠨ ᠠᠵᠢᠯ ᠳᠤ ᠲᠤᠯᠭᠠᠷᠠᠵᠤ ᠪᠠᠶᠢᠭ᠎ᠠ ᠰᠢᠨ᠎ᠡ ᠪᠠᠶᠢᠳᠠᠯ ᠂ ᠰᠢᠨ᠎ᠡ ᠠᠰᠠᠭᠤᠳᠠᠯ ᠤᠨ ᠲᠣᠭᠤᠷᠢᠨ ᠳᠤ ᠬᠠᠤᠯᠢ ᠶᠢᠨ ᠲᠤᠰᠢᠶᠠᠯᠲᠠᠨ ᠪᠠ ᠬᠠᠤᠯᠢ ᠶᠢᠨ ᠡᠷᠳᠡᠮᠲᠡᠨ ᠂ ᠤᠨᠤᠯ ᠤᠨ ᠬᠢᠨ ᠪᠠ ᠪᠣᠳᠠᠲᠤ ᠠᠵᠢᠯ ᠤᠨ ᠬᠢᠨ ᠦ ᠬᠣᠭᠣᠷᠣᠨᠳᠣᠬᠢ ᠬᠠᠮᠲᠤᠷᠠᠯᠴᠠᠭ᠎ᠠ ᠰᠣᠯᠢᠯᠴᠠᠭ᠎ᠠ ᠶᠢ ᠠᠬᠢᠭᠤᠯᠵᠤ ᠂ ᠬᠠᠤᠯᠢ ᠶᠢᠨ ᠤᠬᠠᠭᠠᠨ ᠤ ᠤᠨᠤᠯ ᠬᠢᠭᠡᠳ ᠦᠢᠯᠡᠳᠦᠯᠭᠡ ᠶᠢᠨ ᠤᠯᠠᠷᠢᠨ ᠰᠢᠯᠵᠢᠬᠦ ᠶᠢ ᠤᠶᠠᠯᠳᠤᠭᠤᠯᠬᠤ ᠬᠡᠷᠡᠭᠲᠡᠶ ᠃
ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ ᠢ ᠰᠤᠳᠤᠯᠬᠤ ᠭᠠᠵᠠᠷ ᠤᠨ ᠠᠩᠬᠠᠳᠤᠭᠠᠷ ᠬᠤᠭᠤᠴᠠᠭᠠᠨ ᠤ ᠪᠡᠶ᠎ᠡ ᠪᠡᠨ ᠳᠠᠭᠠᠭᠠᠭᠰᠠᠨ ᠠᠬᠠᠯᠠᠭᠴᠢ ᠳ᠋ᠣᠺᠲ᠋ᠣᠷ ᠤᠨ ᠡᠯᠰᠡᠬᠦ ᠶᠣᠰᠣᠯᠠᠯ ᠳᠠᠭᠤᠰᠤᠭᠰᠠᠨ ᠤ ᠲᠠᠷᠠᠭ᠎ᠠ ᠂ ᠬᠡᠷᠡᠭᠯᠡᠭᠡᠨ ᠦ ᠬᠠᠤᠯᠢ ᠶᠢᠨ ᠤᠬᠠᠭᠠᠨ ᠤ ᠰᠤᠳᠤᠯᠭᠠᠨ ᠤ ᠠᠵᠢᠯ ᠤᠨ ᠶᠠᠷᠢᠯᠴᠠᠬᠤ ᠬᠤᠷᠠᠯ ᠬᠤᠷᠠᠯᠳᠤᠭᠤᠯᠪᠠ᠂ ᠲᠤᠰ ᠶᠠᠷᠢᠯᠴᠠᠬᠤ ᠬᠤᠷᠠᠯ ᠬᠣᠶᠠᠷ ᠬᠤᠪᠢᠶᠠᠷᠢ ᠶᠠᠷᠢᠶᠠᠨ ᠤ ᠲᠠᠪᠴᠠᠩ ᠬᠤᠪᠢᠶᠠᠵᠤ ᠶᠠᠪᠤᠭᠳᠠᠪᠠ᠄ ᠨᠢᠭᠡᠳᠦᠭᠡᠷ ᠬᠤᠪᠢᠶᠠᠷᠢ ᠶᠠᠷᠢᠶᠠᠨ ᠤ ᠲᠠᠪᠴᠠᠩ ᠨᠢ 《ᠠᠬᠠᠯᠠᠭᠴᠢ ᠳ᠋ᠣᠺᠲ᠋ᠣᠷ ᠤᠨ ᠲᠦᠷᠦ ᠶᠢᠨ ᠪᠣᠳᠣᠯᠭ᠎ᠠ ᠶᠢᠨ ᠰᠣᠯᠢᠯᠴᠠᠭ᠎ᠠ 》 ᠂ ᠳᠤᠮᠳᠠᠳᠤ ᠤᠯᠤᠰ ᠤᠨ ᠨᠡᠶᠢᠭᠡᠮ ᠦᠨ ᠰᠢᠨᠵᠢᠯᠡᠬᠦ ᠤᠬᠠᠭᠠᠨ ᠤ ᠬᠠᠤᠯᠢ ᠶᠢᠨ ᠤᠬᠠᠭᠠᠨ ᠤ ᠠᠬᠠᠯᠠᠭᠴᠢ ᠳ᠋ᠣᠺᠲ᠋ᠣᠷ ᠤᠨ ᠰᠢᠯᠵᠢᠮᠡᠯ ᠥᠷᠲᠡᠭᠡᠨ ᠤ ᠨᠠᠷᠢᠨ ᠪᠢᠴᠢᠭ ᠦᠨ ᠳᠠᠷᠤᠭ᠎ᠠ ᠰᠦᠨ ᠱᠢᠦ ᠱᠧᠩ ᠡᠴᠡ ᠠᠬᠠᠯᠠᠭᠴᠢ ᠳ᠋ᠣᠺᠲ᠋ᠣᠷ ᠤᠨ ᠲᠤᠬᠠᠶ ᠲᠦᠷᠦ ᠶᠢᠨ ᠪᠤᠳᠤᠯᠭ᠎ᠠ ᠪᠠ ᠵᠢᠴᠢ ᠬᠣᠯᠪᠣᠭᠳᠠᠯ ᠪᠦᠬᠦᠢ ᠳᠦᠷᠢᠮ ᠢ ᠲᠠᠨᠢᠯᠴᠠᠭᠤᠯᠤᠭᠰᠠᠨ ᠪᠠᠢᠨ᠎ᠠ ᠃ ᠬᠣᠶᠠᠳᠤᠭᠠᠷ ᠬᠤᠪᠢᠶᠠᠷᠢ ᠶᠠᠷᠢᠯᠴᠠᠭᠠᠨ ᠤ ᠲᠠᠪᠴᠠᠩ ᠨᠢ《 <ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠶᠢᠨ ᠤᠬᠠᠭᠠᠨ > ᠤ ᠬᠡᠪᠯᠡᠯ ᠰᠤᠳᠤᠯᠤᠨ ᠶᠠᠷᠢᠯᠴᠠᠬᠤ ᠬᠤᠷᠠᠯ 》 ᠂ ᠳᠤᠮᠳᠠᠳᠤ ᠶᠢᠨ ᠬᠠᠤᠯᠢ ᠴᠠᠭᠠᠵᠠ ᠶᠢᠨ ᠰᠤᠳᠤᠯᠭᠠᠨ ᠤ ᠨᠡᠶᠢᠭᠡᠮᠯᠢᠭ ᠲᠤᠰᠬᠠᠶ ᠲᠤᠰᠢᠶᠠᠯᠲᠤ ᠳᠡᠳ᠋ ᠨᠠᠷᠢᠨ ᠪᠢᠴᠢᠭ ᠦᠨ ᠳᠠᠷᠤᠭ᠎ᠠ ᠨᠢᠦ ᠺᠠᠶ ᠰᠡᠳᠬᠦᠯ ᠡᠷᠬᠢᠯᠡᠬᠦ ᠶᠢ ᠭᠤᠶᠤᠴᠢᠯᠠᠬᠤ ᠶᠠᠪᠤᠴᠠ ᠶᠢ ᠲᠠᠢᠯᠪᠤᠷᠢᠯᠠᠪᠠ ᠂ ᠬᠤᠷᠠᠯ ᠳᠤ ᠣᠷᠣᠯᠴᠠᠭᠰᠠᠨ ᠡᠷᠬᠢᠮ ᠵᠣᠴᠢᠳ ᠤᠨ ᠳᠣᠲᠤᠷ᠎ᠠ《 ᠬᠠᠤᠯᠢ ᠶᠢᠨ ᠤᠬᠠᠭᠠᠨ ᠤ ᠰᠤᠳᠤᠯᠭᠠᠨ 》 ᠤ ᠬᠤᠷᠢᠶᠠᠨ ᠳᠠᠷᠤᠭ᠎ᠠ ᠂ ᠳᠡᠳ᠋ ᠭᠣᠣᠯ ᠨᠠᠶᠢᠷᠠᠭᠤᠯᠤᠭᠴᠢ ᠵᠠᠩ ᠭᠤᠸᠠᠩ ᠰᠢᠩ ᠪᠣᠯᠤᠨ 《 ᠳᠤᠮᠳᠠᠳᠤ ᠤᠯᠤᠰ ᠤᠨ ᠨᠡᠶᠢᠭᠡᠮ ᠦᠨ ᠰᠢᠨᠵᠢᠯᠡᠬᠦ ᠤᠬᠠᠭᠠᠨ ᠤ 》ᠬᠠᠤᠯᠢ ᠶᠢᠨ ᠤᠬᠠᠭᠠᠨ ᠤ ᠨᠠᠶᠢᠷᠠᠭᠤᠯᠤᠭᠴᠢ ᠸᠠᠩ ᠪᠥᠸᠧ ᠂ 《 ᠳᠤᠮᠳᠠᠳᠤ ᠤᠯᠤᠰ ᠤᠨ ᠬᠠᠤᠯᠢ ᠴᠠᠭᠠᠵᠠ ᠶᠢᠨ ᠰᠢᠭᠦᠮᠵᠢ 》 ᠨᠠᠶᠢᠷᠠᠭᠤᠯᠬᠤ ᠬᠡᠯᠲᠡᠰ ᠦᠨ ᠡᠷᠬᠢᠯᠡᠭᠴᠢ ᠶᠤᠸᠠᠨ ᠹᠠᠩ ᠂ ᠱᠠᠩᠬᠠᠶ ᠶᠢᠨ ᠪᠠᠭᠰᠢ ᠶᠢᠨ ᠶᠡᠬᠡ ᠰᠤᠷᠭᠠᠭᠤᠯᠢ ᠶᠢᠨ ᠭᠤᠸᠠᠩ ᠴᠢ ᠡᠷᠳᠡᠮᠲᠡᠨ ᠤ ᠣᠨᠴᠠ ᠤᠷᠢᠭᠰᠠᠨ ᠫᠷᠤᠹᠧᠰᠰᠤᠷ ᠯᠢᠦ ᠰᠦᠸᠸ ᠰᠢᠶᠠᠩ ᠵᠡᠷᠭᠡ ᠬᠥᠮᠦᠰ ᠰᠡᠳᠬᠦᠯ ᠬᠢᠬᠦ ᠠᠵᠢᠯᠯᠠᠭᠠᠨ ᠤ ᠲᠤᠬᠠᠢ ᠴᠢᠯᠥᠭᠡᠲᠦ ᠶᠠᠷᠢᠯᠴᠠᠭᠠᠨ ᠶᠠᠪᠤᠭᠳᠠᠭᠤᠯᠵᠤ ᠂ ᠬᠠᠮᠤᠭ ᠰᠡᠭᠦᠯ ᠳᠦ ᠨᠢ ᠳᠤᠮᠳᠠᠳᠤ ᠤᠯᠤᠰ ᠤᠨ ᠬᠡᠷᠡᠭᠯᠡᠭᠡᠨ ᠦ ᠬᠠᠤᠯᠢ ᠰᠤᠳᠤᠯᠬᠤ ᠭᠠᠵᠠᠷ ᠤᠨ ᠳᠠᠷᠤᠭ᠎ᠠ ᠵᠢᠶᠠᠩ ᠬᠤᠢ ᠯᠢᠩ ᠳ᠋ᠦᠩᠨᠡᠯᠲᠡ ᠶᠢᠨ ᠦᠭᠡ ᠬᠡᠯᠡᠵᠡᠶ ᠃
ᠦᠨᠡᠯᠡᠬᠦ 0ᠦᠨᠡᠯᠡᠯᠲᠡ ᠲᠠᠢ