【ᠬᠤᠶᠠᠷ ᠢ ᠰᠤᠷᠴᠤ ᠨᠢᠬᠡ ᠶᠢ ᠬᠢᠬᠦ】ᠰᠢ ᠵᠢᠨ ᠫᠢᠩ ᠶᠡᠷᠦᠩᠬᠡᠢ ᠱᠦᠵᠢ ᠶᠢᠨ ᠴᠢᠬᠤᠯᠠ ᠶᠠᠷᠢᠶᠠᠨ ᠤ ᠤᠩᠰᠢᠬᠤ ᠪᠢᠴᠢᠭ(2016 ᠤᠨ ᠤ ᠬᠡᠪᠯᠡᠯ)(ᠬᠤᠶᠠᠳᠤᠭᠠᠷ ᠳᠤᠰᠬᠠᠢ ᠰᠡᠳᠦᠪ)
2016.12.07 ᠲᠣᠰ ᠥᠷᠲᠡᠭᠡᠨ ᠦ ᠨᠠᠢᠷᠠᠭᠤᠯᠤᠭᠴᠢ

      ᠬᠤᠶᠠᠷ ᠂ ᠪᠦᠬᠦᠢᠯᠡ ᠳᠤᠮᠳᠠᠳᠤ ᠶᠢᠨ ᠦᠨᠳᠦᠰᠦᠲᠡᠨ ᠦ ᠦᠬᠢᠳ ᠬᠦᠪᠡᠭᠦᠳ ᠬᠠᠮᠳᠤ ᠶᠢᠨ ᠬᠦᠰᠡᠯ

—— ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢᠨ ᠳᠤᠮᠳᠠᠳᠤ ᠶᠢᠨ ᠬᠦᠰᠡᠯᠡᠩ ᠦᠨ ᠳᠤᠬᠠᠢ

2016᠎ ᠤᠨ ᠤ 11ᠰᠠᠷᠠᠢᠨ 29᠎ ᠡᠳᠦᠷ ᠂ ᠨᠠᠮ ᠤᠨ ᠠᠷᠪᠠᠨ ᠨᠠᠢᠮᠠᠳᠤᠭᠠᠷ ᠶᠡᠬᠡ ᠬᠤᠷᠠᠯ ᠳᠠᠭᠤᠰᠤᠭᠠᠳ ᠤᠳᠠᠭ᠎ᠠ ᠦᠬᠡᠢ ᠪᠡᠷ᠂ ᠰᠢ ᠵᠢᠨ ᠫᠢᠩ ᠶᠡᠷᠦᠩᠬᠡᠢ ᠱᠦᠵᠢ ᠲᠦᠪ ᠬᠤᠷᠢᠶᠠᠨ ᠤ ᠤᠯᠤᠰ ᠲᠦᠷᠦ ᠶᠢᠨ ᠳᠤᠪᠴᠢᠶᠠᠨ ᠤ ᠪᠠᠢᠩᠭᠤ ᠶᠢᠨ ᠬᠤᠷᠢᠶ᠎ᠠ ᠪᠠ ᠲᠦᠪ ᠦᠨ ᠬᠤᠷᠢᠶᠠᠨ ᠤ ᠱᠦᠵᠢ ᠶᠢᠨ ᠬᠡᠯᠳᠡᠰ ᠦᠨ ᠨᠦᠬᠦᠷ ᠨᠠᠷ ᠢ ᠳᠠᠭᠠᠭᠤᠯᠤᠨ ᠤᠯᠤᠰ ᠤᠨ ᠮᠦᠽᠧᠢ ᠳᠦ ᠬᠦᠷᠴᠦ ᠂ 《ᠰᠡᠷᠭᠦᠨ ᠮᠠᠨᠳᠤᠯᠲᠠ ᠶᠢᠨ ᠵᠠᠮ》ᠳᠡᠯᠭᠡᠨ ᠦᠵᠡᠭᠦᠯᠦᠯᠭᠡ ᠶᠢ ᠰᠤᠨᠢᠷᠬᠠᠪᠠ ᠃ ᠰᠢ ᠵᠢᠨ ᠫᠢᠩ ᠶᠡᠷᠦᠩᠬᠡᠢ ᠱᠦᠵᠢ ᠶᠢᠨ ᠵᠢᠭᠠᠵᠤ ᠭᠠᠷᠭᠠᠭᠰᠠᠨ ᠨᠢ ᠄《ᠤᠳᠤᠬᠠᠨ ᠳᠤ ᠂ ᠪᠦᠭᠦᠳᠦᠭᠡᠷ ᠳᠤᠮᠳᠠᠳᠤ ᠶᠢᠨ ᠬᠦᠰᠡᠯᠡᠩ ᠢ ᠶᠠᠷᠢᠯᠴᠠᠵᠤ ᠪᠠᠢᠨ᠎ᠠ ᠂ ᠮᠢᠨᠤ ᠦᠵᠡᠬᠦ ᠪᠡᠷ᠂ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢ ᠪᠡᠶᠡᠯᠡᠬᠦᠯᠬᠦ ᠨᠢ ᠳᠤᠮᠳᠠᠳᠤ ᠶᠢᠨ ᠦᠨᠳᠦᠰᠦᠲᠡᠨ ᠦ ᠤᠢᠷ᠎ᠠ ᠦᠶ᠎ᠠ ᠠᠴᠠ ᠨᠠᠰᠢᠬᠢ ᠬᠠᠮᠤᠭ ᠠᠭᠤᠤ ᠶᠡᠬᠡ ᠬᠦᠰᠡᠯᠡᠩ ᠮᠦᠨ ᠃》ᠡᠭᠦᠨ ᠦ ᠳᠠᠷᠠᠭ᠎ᠠ ᠂ ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠦᠭᠡᠯᠡᠭᠴᠢᠳ ᠦᠨ ᠠᠩᠬᠠᠳᠠᠭᠴᠢ ᠬᠤᠷᠠᠯᠳᠤᠭᠠᠨ ᠤ ᠳᠡᠭᠦᠰᠬᠦ ᠬᠤᠷᠠᠯ ᠳᠡᠭᠡᠷ᠎ᠠ ᠂ ᠪᠦᠬᠦ ᠤᠯᠤᠰ ᠤᠨ ᠬᠦᠳᠡᠯᠮᠦᠷᠢ ᠶᠢᠨ ᠵᠢᠱᠢᠶᠡᠴᠢ ᠶᠢᠨ ᠲᠦᠯᠦᠭᠡᠯᠡᠭᠴᠢᠳ ᠂ ᠡᠯ᠎ᠠ ᠡᠳᠡᠭᠡᠳ ᠦᠨ ᠰᠢᠯᠢᠳᠡᠭ ᠵᠠᠯᠠᠭᠤᠴᠤᠳ ᠤᠨ ᠲᠥᠯᠦᠭᠡᠯᠡᠭᠴᠢᠳ ᠦᠨ ᠰᠠᠭᠤᠳᠠᠯ ᠤᠨ ᠬᠤᠷᠠᠯ ᠤᠨ ᠦᠶ᠎ᠠ ᠳᠤ ᠂ ᠭᠠᠳᠠᠭᠠᠳᠤ ᠳᠤ ᠠᠢᠯᠠᠴᠢᠯᠠᠬᠤ ᠪᠠ ᠭᠠᠳᠠᠭᠠᠳᠤ ᠶᠢᠨ ᠰᠤᠷᠪᠤᠯᠵᠢᠯᠠᠭ᠎ᠠ ᠵᠡᠷᠬᠡ ᠴᠢᠬᠤᠯᠠ ᠳᠠᠯᠠᠪᠤᠷ ᠲᠤ ᠂ ᠳᠤᠮᠳᠠᠳᠤ ᠶᠢᠨ ᠬᠦᠰᠡᠯᠡᠩ ᠦᠨ ᠳᠤᠬᠠᠢ ᠨᠠᠷᠢᠨ ᠲᠠᠢᠯᠪᠤᠷᠢ ᠬᠢᠭᠰᠡᠨ ᠪᠠᠢᠨ᠎ᠠ ᠃ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢᠨ ᠬᠦᠰᠡᠯᠡᠩ ᠨᠢ ᠳᠤᠷᠠᠳᠤᠭᠳᠠᠭᠰᠠᠨ ᠢᠶᠠᠷ ᠬᠦᠴᠦᠷᠬᠡᠭ ᠶᠡᠬᠡ ᠤᠷᠢᠶᠠᠯᠠᠬᠤ ᠬᠦᠴᠦᠨ ᠪᠠ ᠨᠦᠯᠦᠭᠡᠯᠡᠬᠦ ᠬᠦᠴᠦᠨ ᠲᠠᠢ ᠪᠠᠢᠳᠠᠭ᠃ ᠳᠤᠮᠳᠠᠳᠤ ᠶᠢᠨ ᠬᠦᠰᠡᠯᠡᠩ ᠨᠢ ᠠᠷᠠᠳ ᠲᠦᠮᠡᠨ ᠦ ᠬᠠᠯᠠᠮᠰᠢᠯ ᠵᠤᠭᠤᠭ ᠂ ᠨᠡᠢᠭᠡᠮ ᠦᠨ ᠶᠠᠷᠢᠶ᠎ᠠ ᠬᠡᠯᠡᠯᠴᠡᠭᠡ ᠨᠢ ᠳᠤᠮᠳᠠᠳᠤ ᠶᠢᠨ ᠬᠦᠰᠡᠯᠡᠩ ᠳᠡᠭᠡᠷ᠎ᠠ ᠲᠦᠪᠯᠡᠷᠡᠵᠦ ᠂ ᠭᠠᠳᠠᠭᠠᠳᠤ ᠰᠠᠭᠤᠭ᠎ᠠ ᠳᠤᠮᠳᠠᠳᠤ ᠶᠢᠨ ᠬᠦᠮᠦᠨ ᠳᠤᠮᠳᠠᠳᠤ ᠶᠢᠨ ᠬᠦᠰᠡᠯᠡᠩ ᠢ ᠶᠠᠷᠢᠵᠤ ᠂ ᠤᠯᠠᠨ ᠤᠯᠤᠰ ᠤᠨ ᠨᠡᠢᠭᠡᠮ ᠳᠤᠮᠳᠠᠳᠤ ᠶᠢᠨ ᠬᠦᠰᠡᠯᠡᠩ ᠳᠦ ᠠᠩᠬᠠᠷᠤᠯ ᠳᠠᠯᠪᠢᠵᠤ ᠂ ᠳᠤᠮᠳᠠᠳᠤ ᠶᠢᠨ ᠬᠦᠰᠡᠯᠡᠩ ᠨᠢ ᠳᠤᠮᠳᠠᠳᠤ ᠤᠯᠤᠰ ᠤᠨ ᠢᠷᠡᠭᠡᠳᠦᠢ ᠦᠭᠡᠳᠡ ᠤᠷᠤᠭᠰᠢᠯᠠᠬᠤ ᠳᠤᠳᠤᠷᠬᠠᠢ ᠵᠢᠭᠠᠪᠤᠷᠢ ᠪᠤᠯᠵᠤ ᠂ ᠳᠤᠮᠳᠠᠳᠤ ᠶᠢᠨ ᠦᠬᠢᠳ ᠬᠦᠪᠡᠭᠦᠳ ᠬᠠᠮᠳᠤᠷᠠᠨ ᠤᠷᠤᠭᠰᠢᠯᠠᠬᠤ ᠢᠷᠡᠭᠡᠳᠦᠢ ᠶᠢ ᠨᠡᠭᠡᠭᠡᠬᠦ ᠵᠤᠷᠢᠭ ᠰᠠᠨᠠᠭᠠᠨ ᠤ ᠳᠤᠭ ᠪᠤᠯᠬᠤ ᠶᠤᠮ ᠃

1.ᠳᠤᠮᠳᠠᠳᠤ ᠶᠢᠨ ᠬᠦᠰᠡᠯᠡᠩ ᠨᠢ ᠳᠤᠮᠳᠠᠳᠤ ᠤᠯᠤᠰ ᠤᠨ ᠬᠦᠮᠦᠨ ᠦ ᠬᠡᠳᠦᠨ ᠦᠶ᠎ᠠ ᠶᠢᠨ ᠡᠷᠡᠮᠡᠯᠵᠡᠯ ᠢ ᠬᠤᠷᠠᠮᠳᠠᠭᠤᠯᠤᠭᠰᠠᠨ ᠪᠠᠢᠨ᠎ᠠ 

ᠭᠠᠭᠴᠠ ᠬᠦ ᠭᠡᠷᠡᠯ ᠰᠠᠴᠤᠷᠠᠩᠭᠤᠢ ᠡᠭᠦᠳᠦᠨ ᠪᠦᠲᠦᠭᠡᠵᠦ ᠦᠩᠭᠡᠷᠡᠭᠰᠡᠨ ᠦᠨᠳᠦᠰᠦᠲᠡᠨ ᠰᠠᠶᠢ ᠰᠡᠷᠭᠦᠨ ᠮᠠᠨᠳᠤᠯᠲᠠ ᠶᠢᠨ ᠤᠳᠬ᠎ᠠ ᠠᠭᠤᠯᠭ᠎ᠠ ᠶᠢ ᠤᠢᠯᠭᠠᠨ᠎ᠠ ᠃ ᠭᠠᠭᠴᠠ ᠬᠦ ᠬᠦᠴᠢᠷ ᠪᠡᠷᠬᠡᠰᠢᠶᠡᠯ ᠢ ᠦᠩᠭᠡᠷᠡᠭᠦᠯᠦᠭᠰᠡᠨ ᠦᠨᠳᠦᠰᠦᠲᠡᠨ ᠰᠠᠶᠢ ᠰᠡᠷᠭᠦᠨ ᠮᠠᠨᠳᠤᠯᠲᠠ  ᠳᠤ ᠬᠦᠨᠵᠡᠭᠡᠢ ᠬᠦᠰᠡᠯ ᠡᠷᠡᠮᠡᠯᠵᠡᠯ ᠲᠠᠢ ᠪᠠᠢᠳᠠᠭ ᠃ 《ᠰᠡᠷᠭᠦᠨ ᠮᠠᠨᠳᠤᠯᠲᠠ ᠶᠢᠨ ᠵᠠᠮ》ᠳᠡᠯᠭᠡᠨ ᠦᠵᠡᠬᠦᠯᠭᠡ ᠨᠢ ᠳᠤᠮᠳᠠᠳᠤ ᠶᠢᠨ ᠦᠨᠳᠦᠰᠦᠲᠡᠨ ᠦ ᠦᠴᠦᠬᠡᠳᠦᠷ ᠢ ᠡᠷᠭᠢᠴᠡᠬᠦᠯᠵᠦ ᠂ ᠳᠤᠮᠳᠠᠳᠤ ᠶᠢᠨ ᠦᠨᠳᠦᠰᠦᠲᠡᠨ ᠦ ᠦᠨᠦᠳᠦᠷ ᠢ ᠳᠡᠯᠭᠡᠨ ᠦᠵᠡᠬᠦᠯᠵᠦ ᠂ ᠳᠤᠮᠳᠠᠳᠤ ᠶᠢᠨ ᠦᠨᠳᠦᠰᠦᠲᠡᠨ ᠦ ᠮᠠᠷᠭᠠᠰᠢ ᠶᠢ ᠳᠤᠩᠬᠠᠯᠠᠵᠤ ᠂ ᠤᠢᠷ᠎ᠠ ᠦᠶ᠎ᠠ ᠶᠢᠨ 100᠎ ᠵᠢᠯ ᠦᠨ ᠳᠤᠮᠳᠠᠳᠤ ᠤᠯᠤᠰ ᠤᠨ ᠠᠷᠠᠳ ᠲᠦᠮᠡᠨ ᠦ ᠬᠦᠰᠡᠯ ᠵᠡᠭᠦᠳᠦ ᠪᠡᠨ ᠡᠷᠢᠬᠦ ᠂ ᠬᠦᠰᠡᠯ ᠵᠡᠬᠦᠳᠦ ᠪᠡᠨ ᠳᠠᠭᠤᠬᠤ ᠂ ᠬᠦᠰᠡᠯ ᠵᠡᠭᠦᠳᠦ ᠪᠡᠨ ᠪᠡᠶᠡᠯᠡᠬᠦᠯᠬᠦ ᠲᠡᠤᠬᠡᠨ ᠶᠠᠪᠤᠴᠠ ᠶᠢ ᠠᠮᠢᠳᠤᠯᠢᠭ ᠲᠠᠢᠯᠪᠤᠷᠢᠯᠠᠭᠰᠠᠨ ᠪᠠᠢᠨ᠎ᠠ ᠃ ᠰᠢ ᠵᠢᠨ ᠫᠢᠩ ᠶᠡᠷᠦᠩᠬᠡᠢ ᠱᠦᠵᠢ ᠭᠤᠷᠪᠠᠨ ᠰᠢᠯᠦᠭ ᠦᠨ ᠦᠬᠡ ᠪᠡᠷ ᠡᠰᠢ ᠳᠠᠳᠠᠵᠤ ᠡᠨᠡᠬᠦ ᠲᠡᠤᠬᠡᠨ ᠶᠠᠪᠤᠴᠠ  ᠶᠢ ᠠᠮᠢᠳᠤᠯᠢᠭ ᠶᠠᠷᠢᠭᠰᠠᠨ ᠪᠠᠢᠨ᠎ᠠ ᠃

ᠳᠤᠮᠳᠠᠳᠤ ᠶᠢᠨ ᠦᠨᠳᠦᠰᠦᠲᠡᠨ ᠦ ᠦᠴᠦᠭᠡᠳᠦᠷ ᠂ 《ᠰᠦᠷᠯᠢᠭ ᠪᠤᠭᠤᠮᠳᠠ ᠪᠡᠷᠬᠡᠲᠦ ᠵᠠᠮ ᠪᠤᠯᠤᠳ ᠰᠢᠭ ᠪᠡᠬᠢ ᠬᠠᠳᠠᠭᠤ》᠃ ᠤᠢᠷ᠎ᠠ ᠦᠶ᠎ᠠ ᠠᠴᠠ ᠨᠠᠰᠢ ᠂ ᠳᠤᠮᠳᠠᠳᠤ ᠶᠢᠨ ᠦᠨᠳᠦᠰᠦᠲᠡᠨ ᠳᠦ ᠤᠴᠠᠷᠠᠭᠰᠠᠨ ᠭᠠᠰᠠᠯᠠᠩ ᠵᠤᠪᠠᠯᠠᠩ ᠨᠢ ᠬᠦᠨᠳᠦ ᠬᠡᠴᠡᠭᠦᠦ ᠂ ᠦᠷᠡᠭᠳᠡᠯ ᠰᠦᠢᠳᠦᠯ ᠨᠢ ᠶᠡᠬᠡ ᠂ ᠳᠡᠯᠡᠬᠡᠢ ᠳᠡᠭᠡᠷ᠎ᠠ ᠴᠦ ᠭᠡᠰᠡᠨ ᠬᠤᠪᠤᠷ ᠶᠤᠮ᠃ ᠭᠡᠪᠡᠴᠦ ᠳᠤᠮᠳᠠᠳᠤ ᠤᠯᠤᠰ ᠤᠨ ᠠᠷᠠᠳ ᠲᠦᠮᠡᠨ ᠨᠤᠭᠤᠷᠠᠰᠢ ᠦᠬᠡᠢ ᠂ ᠲᠠᠰᠤᠷᠠᠯᠲᠠ ᠦᠬᠡᠢ ᠳᠡᠮᠡᠴᠡᠯ ᠬᠢᠭᠰᠡᠨ ᠪᠠᠢᠨ᠎ᠠ ᠃ ᠦᠨᠳᠦᠰᠦᠲᠡᠨ ᠦ ᠰᠡᠷᠭᠦᠯᠲᠡ ᠶᠢᠨ ᠲᠦᠯᠦᠬᠡ ᠂ ᠬᠡᠳᠦᠨ ᠦᠶ᠎ᠠ ᠶᠢᠨ ᠬᠦᠮᠦᠰ ᠡᠳᠦᠷ ᠪᠤᠯᠭᠠᠨ ᠪᠤᠳᠤᠵᠤ ᠰᠦᠨᠢ ᠪᠦᠷᠢ ᠵᠡᠭᠦᠳᠦᠯᠦᠨ ᠂ ᠪᠤᠮᠠᠨ ᠲᠦᠮᠡᠨ ᠬᠦᠮᠦᠨ ᠦ ᠰᠡᠳᠬᠢᠯ ᠦᠨ ᠵᠠᠩᠬᠢᠶᠠᠰᠤ ᠲᠠᠢᠯᠤᠭᠳᠠᠭ᠎ᠠ ᠦᠬᠡᠢ ᠃ ᠳᠡᠭᠡᠭᠰᠢ ᠳᠤᠷᠤᠭᠰᠢ ᠡᠷᠢᠯᠬᠢᠯᠡᠬᠦ ᠂ ᠬᠡᠴᠢᠨᠡᠨ ᠤᠯᠠᠨ ᠬᠦᠴᠢᠷ ᠪᠡᠷᠬᠡ  ᠪᠡᠷ ᠳᠠᠮᠵᠢᠵᠤ ᠂ ᠳᠤᠮᠳᠠᠳᠤ ᠶᠢᠨ ᠦᠨᠳᠦᠰᠦᠲᠡᠨ ᠳᠤᠮᠳᠠᠳᠤ ᠤᠯᠤᠰ ᠤᠨ ᠡᠪ ᠬᠠᠮᠳᠤ ᠨᠠᠮ ᠤᠨ ᠵᠦᠪ ᠤᠨᠤᠪᠴᠢᠲᠠᠢ ᠤᠳᠤᠷᠢᠳᠤᠯᠭ᠎ᠠ ᠳᠤᠤᠷ᠎ᠠ ᠂ ᠦᠪᠡᠷ ᠦᠨ ᠬᠤᠪᠢ ᠵᠠᠶᠠᠭ᠎ᠠ ᠪᠠᠨ ᠠᠳᠬᠤᠵᠤ ᠂ ᠰᠢᠨ᠎ᠠ ᠳᠤᠮᠳᠠᠳᠤ ᠤᠯᠤᠰ ᠢ ᠪᠠᠢᠭᠤᠯᠵᠤ ᠂ ᠨᠡᠢᠬᠡᠮ ᠵᠢᠷᠦᠮᠳᠤ ᠪᠠᠢᠭᠤᠯᠤᠯ ᠢ ᠳᠤᠭᠳᠠᠭᠠᠵᠤ ᠂ ᠦᠪᠡᠷ ᠦᠨ ᠤᠯᠤᠰ  ᠢᠶᠠᠨ ᠪᠠᠢᠭᠤᠯᠬᠤ ᠠᠭᠤᠤ ᠶᠡᠬᠡ ᠶᠠᠪᠤᠴᠠ ᠶᠢ ᠡᠬᠢᠯᠡᠭᠦᠯᠦᠭᠰᠡᠨ ᠪᠠᠢᠨ᠎ᠠ ᠃

ᠳᠤᠮᠳᠠᠳᠤ ᠶᠢᠨ ᠦᠨᠳᠦᠰᠦᠲᠡᠨ ᠦ ᠦᠨᠦᠳᠦᠷ ᠂ 《ᠬᠦᠮᠦᠨ ᠦ ᠶᠢᠷᠲᠢᠨᠴᠦ ᠶᠢᠨ ᠲᠦᠪ ᠶᠤᠰᠤ ᠬᠦᠴᠢᠷ ᠪᠡᠷᠬᠡᠰᠢᠶᠡᠯ ᠢ ᠦᠩᠭᠡᠷᠡᠭᠡᠳᠡᠭ》ᠭᠡᠵᠦ ᠬᠡᠯᠡᠵᠦ ᠪᠤᠯᠤᠨ᠎ᠠ ᠃ᠥᠭᠡᠷᠡᠴᠢᠯᠡᠯᠲᠡ ᠬᠢᠵᠦ ᠴᠢᠯᠦᠭᠡᠲᠠᠢ ᠶᠠᠪᠤᠯᠴᠠᠭᠰᠠᠨ ᠠᠴᠠ ᠨᠠᠰᠢ ᠂ ᠪᠢᠳᠡ ᠲᠡᠤᠬᠡᠨ ᠳᠤᠷᠰᠢᠯᠭ᠎ᠠ ᠶᠢ ᠳ᠋ᠦᠩᠨᠡᠵᠦ ᠂ ᠲᠠᠰᠤᠷᠠᠯᠲᠠ ᠦᠬᠡᠢ ᠬᠠᠳᠠᠭᠤᠵᠢᠯᠲᠠᠢ ᠰᠦᠪᠡᠭᠴᠢᠯᠡᠵᠦ ᠂ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢᠨ ᠵᠦᠪ ᠵᠠᠮ ᠢ ᠡᠴᠦᠰ ᠲᠦ ᠪᠡᠨ ᠤᠯᠵᠤ ᠂ ᠳᠡᠯᠡᠬᠡᠢ ᠳ᠋ᠠᠬᠢᠨ ᠤ ᠠᠩᠬᠠᠷᠤᠯ ᠢ ᠳᠠᠳᠠᠭᠰᠠᠨ ᠠᠭᠤᠤ ᠶᠡᠬᠡ ᠠᠮᠵᠢᠯᠲᠠ ᠪᠦᠲᠦᠮᠵᠢ ᠤᠯᠪᠠ ᠃ ᠳᠤᠮᠳᠠᠳᠤ ᠤᠯᠤᠰ ᠤᠨ ᠤᠨᠴᠠᠯᠢᠭ ᠪᠦᠬᠦᠢ ᠨᠡᠢᠭᠡᠮ ᠵᠢᠷᠦᠮ ᠦᠨ ᠵᠠᠮ ᠳᠤ ᠂ ᠮᠠᠨ ᠤ ᠤᠯᠤᠰ ᠤᠨ ᠠᠵᠤ ᠠᠬᠤᠢ ᠶᠢᠨ ᠬᠦᠴᠦᠨ ᠂ ᠶᠡᠷᠦᠩᠬᠡᠢᠯᠡᠭᠰᠡᠨ ᠬᠦᠴᠦᠨ ᠶᠡᠬᠡᠪᠡᠷ ᠨᠡᠮᠡᠭᠳᠡᠵᠦ ᠂ ᠠᠷᠠᠳ ᠤᠨ ᠠᠮᠢᠳᠤᠷᠠᠯ ᠮᠡᠳᠡᠭᠳᠡᠮ᠎ᠠ ᠰᠠᠢᠵᠢᠷᠠᠵᠤ ᠂ ᠢᠳᠡᠵᠦ ᠡᠮᠦᠰᠬᠦ ᠳᠦ ᠪᠡᠨ ᠵᠦᠪ ᠦᠬᠡᠢ ᠪᠠᠢᠭᠰᠠᠨ ᠠᠴᠠ ᠶᠡᠷᠦᠩᠬᠡᠢ ᠳᠠᠯ᠎ᠠ ᠶᠢᠨ ᠴᠢᠨᠡᠭᠡᠯᠢᠭ ᠪᠤᠯᠬᠤ ᠠᠴᠠ ᠪᠦᠬᠦ ᠲᠠᠯ᠎ᠠ ᠶᠢᠨ ᠴᠢᠨᠡᠭᠡᠯᠢᠭ ᠠᠮᠢᠳᠤᠷᠠᠯ ᠳᠡᠰᠢ ᠦᠰᠦᠷᠦᠯᠲᠡ ᠬᠢᠭᠰᠡᠨ ᠢ ᠪᠡᠶᠡᠯᠡᠬᠦᠯᠪᠡ ᠃ ᠳᠡᠯᠡᠬᠡᠢ ᠳᠡᠭᠡᠷᠡᠬᠢ ᠪᠠᠢᠷᠢ ᠰᠠᠭᠤᠷᠢ ᠪᠠ ᠳᠡᠯᠡᠬᠡᠢ ᠳᠡᠭᠡᠷᠢᠬᠢ ᠨᠦᠯᠦᠭᠡᠯᠡᠬᠦ ᠬᠦᠴᠦᠨ ᠤᠷᠢᠳ ᠭᠠᠷᠤᠭ᠎ᠠ ᠦᠬᠡᠢ ᠳᠡᠭᠡᠭᠰᠢᠯᠡᠵᠦ ᠂ ᠳᠤᠮᠳᠠᠳᠤ ᠤᠯᠤᠰ ᠤᠨ ᠬᠦᠴᠦᠷᠭᠡᠭᠵᠢᠨ ᠮᠠᠨᠳᠤᠭᠰᠠᠨ ᠨᠢ ᠤᠯᠠᠨ ᠤᠯᠤᠰ ᠤᠨ ᠵᠠᠭᠤᠴᠢ ᠠᠴᠠ《ᠣᠢᠷ᠎ᠠ ᠶᠢᠨ ᠵᠢᠯ ᠬᠠᠮᠤᠭ ᠴᠢᠬᠤᠯᠠ ᠪᠦᠬᠦ ᠳᠡᠯᠡᠬᠡᠢ ᠶᠢᠨ ᠬᠤᠪᠢᠰᠤᠯᠲᠠ ᠮᠦᠨ》᠎ ᠭᠡᠵᠦ ᠬᠡᠯᠭᠰᠡᠨ ᠪᠠᠢᠨ᠎ᠠ ᠃

ᠳᠤᠮᠳᠠᠳᠤ ᠶᠢᠨ ᠦᠨᠳᠦᠰᠦᠲᠡᠨ ᠦ ᠮᠠᠷᠭᠠᠰᠢ᠂ 《ᠳᠠᠪᠠᠯᠭᠠᠨ ᠢ ᠳᠤᠭᠤᠯᠤᠨ ᠭᠠᠷᠬᠤ ᠴᠠᠭ ᠤᠳᠠᠯ ᠢᠷᠡᠨ᠎ᠠ》ᠭᠡᠵᠦ ᠬᠡᠯᠡᠵᠦ ᠪᠤᠯᠤᠨ᠎ᠠ ᠃ ᠬᠠᠷ᠎ᠠ ᠳᠠᠮᠠᠬᠢ ᠶᠢᠨ ᠪᠠᠢᠯᠳᠤᠭᠠᠨ ᠠᠴᠠ ᠨᠠᠰᠢ 170᠎ ᠭᠠᠷᠤᠢ ᠵᠢᠯ ᠦᠨ ᠳᠠᠰᠤᠷᠠᠯ ᠦᠬᠡᠢ ᠳᠡᠮᠡᠴᠡᠯ ᠢ ᠳᠠᠮᠵᠢᠵᠤ ᠂ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠭᠡᠭᠡᠨ ᠰᠠᠷᠠᠭᠤᠯ ᠢᠷᠡᠭᠡᠳᠦᠢ ᠢᠯᠡᠷᠡᠭᠰᠡᠨ ᠪᠠᠢᠨ᠎ᠠ ᠃ ᠳᠤᠮᠳᠠᠳᠤ ᠤᠯᠤᠰ ᠤᠨ ᠠᠷᠠᠳ ᠲᠦᠮᠡᠨ ᠦ ᠰᠡᠳᠬᠢᠯ ᠳᠡᠬᠢ ᠦᠨᠳᠦᠰᠦᠲᠡᠨ ᠦ ᠰᠡᠷᠭᠦᠨ ᠮᠠᠨᠳᠤᠯᠲᠠ ᠶᠢᠨ ᠬᠦᠰᠡᠯᠡᠩ ᠦᠨᠡᠨ ᠪᠤᠯᠬᠤ ᠭᠡᠵᠦ ᠪᠠᠢᠨ᠎ᠠ ᠃ ᠰᠢ ᠵᠢᠨ ᠫᠢᠩ ᠶᠡᠷᠦᠩᠬᠡᠢ ᠱᠦᠵᠢ ᠶᠢᠨ ᠵᠢᠭᠠᠵᠤ ᠭᠠᠷᠭᠠᠭᠰᠠᠨ ᠰᠢᠬ ᠄《ᠤᠳᠤᠬᠠᠨ ᠳᠤ ᠂ ᠪᠢᠳᠡ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢᠨ ᠬᠠᠷᠠᠯᠲᠠ ᠲᠠᠢ ᠲᠡᠤᠬᠡᠨ ᠠᠯᠢ ᠦᠶ᠎ᠠ ᠠᠴᠠ ᠴᠤ ᠤᠢᠷᠠᠳᠤᠵᠤ ᠂ ᠲᠡᠤᠬᠡᠨ ᠳᠡᠭᠡᠷᠡᠬᠢ ᠠᠯᠢ ᠦᠶ᠎ᠠ ᠠᠴᠠ ᠴᠤ ᠨᠡᠩ ᠢᠯᠡᠭᠦᠦ ᠢᠳᠡᠭᠡᠯ ᠲᠠᠢ ᠂ ᠨᠡᠩ ᠢᠯᠡᠬᠦᠦ ᠪᠤᠳᠠᠳᠤ ᠬᠦᠴᠦᠨ ᠲᠠᠢ ᠡᠨᠡᠬᠦ ᠬᠠᠷᠠᠯᠲᠠ ᠶᠢ ᠪᠡᠶᠡᠯᠡᠬᠦᠯᠵᠦ ᠪᠤᠯᠤᠨ᠎ᠠ ᠃ 》

ᠡᠨᠡᠬᠦ ᠭᠤᠷᠪᠠᠨ ᠰᠢᠯᠦᠭ ᠦᠨ ᠦᠬᠡ ᠨᠢ ᠳᠤᠮᠳᠠᠳᠤ ᠶᠢᠨ ᠦᠨᠳᠦᠰᠦᠲᠡᠨ ᠦ ᠦᠴᠦᠭᠡᠳᠦᠷ ᠂ ᠦᠨᠦᠳᠦᠷ ᠪᠠ ᠮᠠᠷᠭᠠᠰᠢ ᠶᠢ ᠳᠤᠮᠳᠠᠳᠤ ᠤᠯᠤᠰ ᠤᠨ ᠵᠠᠭᠤ ᠢᠯᠡᠭᠦᠦ ᠵᠢᠯ ᠦᠨ ᠰᠦᠷ ᠳᠠᠯᠠᠢᠴᠢᠲᠠᠢ ᠂ ᠯᠤᠲᠤ ᠶᠡᠬᠡ ᠬᠤᠪᠢᠷᠠᠯ ᠬᠤᠪᠢᠰᠤᠯ ᠤᠨ ᠲᠡᠤᠬᠡᠨ ᠵᠢᠷᠤᠭ ᠲᠤ ᠠᠭᠤᠰᠤᠭᠤᠯᠵᠤ ᠂ ᠦᠨᠳᠦᠰᠦᠲᠡᠨ ᠦ ᠰᠡᠷᠭᠦᠨ ᠮᠠᠨᠳᠤᠯᠲᠠ ᠶᠢᠨ ᠲᠦᠯᠦᠭᠡ ᠬᠡᠳᠦᠨ ᠦᠶ᠎ᠠ ᠶᠢᠨ ᠰᠢᠷᠭᠠᠭᠤ ᠬᠠᠳᠠᠭᠤᠵᠢᠯᠲᠠᠢ ᠳᠡᠮᠡᠴᠡᠭᠰᠡᠨ ᠶᠠᠪᠤᠴᠠ ᠳᠡᠮᠳᠡᠭᠯᠡᠭᠳᠡᠵᠦ ᠂ ᠭᠦᠨ ᠪᠤᠳᠤᠭᠤᠯᠵᠤ ᠭᠦᠨᠵᠡᠭᠡᠢ ᠰᠡᠳᠬᠢᠭᠦᠯᠵᠦ ᠂ ᠬᠦᠮᠦᠰ ᠢ ᠵᠤᠷᠢᠭᠵᠢᠭᠤᠯᠤᠨ ᠤᠷᠤᠭᠰᠢᠯᠠᠭᠤᠯᠳᠠᠭ ᠃ ᠳᠤᠮᠳᠠᠳᠤ ᠶᠢᠨ ᠬᠦᠰᠡᠯᠡᠩ ᠨᠢ ᠤᠢᠷ᠎ᠠ ᠦᠶ᠎ᠠ ᠠᠴᠠ ᠨᠠᠰᠢᠬᠢ ᠬᠡᠳᠦᠨ ᠦᠶ᠎ᠠ ᠶᠢᠨ ᠬᠦᠰᠡᠯ ᠢ ᠳᠤᠰᠬᠠᠵᠤ ᠂ ᠤᠯᠠᠮ ᠨᠢᠬᠡ ᠠᠯᠬᠤᠮ ᠳᠤᠮᠳᠠᠳᠤ ᠶᠢᠨ ᠦᠨᠳᠦᠰᠦᠲᠡᠨ ᠦ ᠲᠡᠤᠬᠡ ᠶᠢᠨ ᠬᠤᠪᠢ ᠵᠠᠶᠠᠭ᠎ᠠ ᠪᠠ ᠤᠳᠤ ᠦᠶ᠎ᠠ ᠶᠢᠨ ᠳᠤᠮᠳᠠᠳᠤ ᠤᠯᠤᠰ ᠤᠨ ᠬᠦᠭᠵᠢᠯᠲᠡ ᠶᠢᠨ ᠬᠠᠨᠳᠤᠰᠢ ᠶᠢ ᠢᠯᠡᠷᠡᠭᠦᠯᠵᠦ ᠂ ᠪᠦᠬᠦ ᠨᠠᠮ ᠪᠦᠬᠦ ᠤᠯᠤᠰ ᠤᠨ ᠡᠯ᠎ᠠ ᠦᠨᠳᠦᠰᠦᠲᠡᠨ ᠦ ᠬᠠᠮᠳᠤᠪᠠᠷ ᠳᠡᠮᠡᠴᠡᠬᠦ ᠬᠠᠷᠠᠯᠲᠠ ᠶᠢ ᠳᠤᠳᠤᠷᠬᠠᠢ ᠵᠢᠭᠠᠵᠤ ᠭᠠᠷᠭᠠᠵᠠᠢ ᠃ ᠡᠨᠡᠬᠦ ᠴᠢᠬᠤᠯᠠ ᠬᠠᠢᠯᠳᠤᠬᠤ ᠪᠤᠳᠤᠯᠭ᠎ᠠ ᠪᠤᠯ ᠂ ᠰᠢ ᠵᠢ ᠫᠢᠩ ᠨᠦᠬᠦᠷ ᠢᠶᠡᠷ  ᠶᠡᠷᠦᠩᠬᠡᠢ ᠱᠦᠵᠢ ᠪᠤᠯᠭᠠᠭᠰᠠᠨ ᠨᠠᠮ ᠢ ᠲᠦᠪ ᠬᠤᠷᠢᠶ᠎ᠠ ᠠᠷᠠᠳ ᠲᠦᠮᠡᠨ ᠳᠦ ᠠᠮᠠᠯᠳᠠᠭᠰᠠᠨ ᠲᠦᠪ ᠴᠢᠩᠭ᠎ᠠ ᠠᠮᠠᠯᠠᠯᠲᠠ᠂ ᠨᠠᠮ ᠪᠠ ᠤᠯᠤᠰ ᠤᠨ ᠢᠷᠡᠭᠡᠳᠦᠢ ᠳᠦ ᠬᠠᠨᠳᠤᠭᠤᠯᠤᠭᠰᠠᠨ ᠤᠯᠤᠰ ᠲᠦᠷᠦ ᠶᠢᠨ ᠳᠤᠩᠬᠠᠭ ᠂ ᠮᠠᠨ ᠤ ᠨᠠᠮ ᠤᠨ ᠦᠨᠳᠦᠷ ᠲᠡᠤᠬᠡ ᠶᠢᠨ ᠡᠭᠦᠷᠭᠡᠯᠡᠯ ᠪᠠ ᠡᠭᠦᠷᠭᠡ ᠬᠦᠬᠡᠬᠡᠴᠡᠯᠳᠤᠯᠭᠡ ᠶᠢ ᠭᠦᠢᠴᠡᠳ ᠢᠯᠡᠷᠡᠭᠦᠯᠵᠦ ᠂ ᠳᠤᠮᠳᠠᠳᠤ ᠤᠯᠤᠰ ᠤᠨ ᠤᠨᠴᠠᠯᠢᠭ ᠪᠦᠬᠦᠢ ᠨᠡᠢᠭᠡᠮ ᠵᠢᠷᠦᠮᠳᠦ ᠨᠡᠢᠭᠡᠮ ᠢ ᠪᠠᠷᠢᠮᠳᠠᠯᠠᠬᠤ ᠪᠠ ᠬᠦᠭᠵᠢᠬᠦᠯᠬᠦ ᠳᠦ ᠰᠢᠨ᠎ᠠ ᠠᠭᠤᠯᠤᠭᠳᠤᠭᠤᠨ ᠨᠡᠮᠡᠭᠰᠡᠨ ᠪᠠᠢᠨ᠎ᠠ ᠃

2.ᠳᠤᠮᠳᠠᠳᠤ ᠶᠢᠨ ᠬᠦᠰᠡᠯᠡᠩ ᠦᠨ ᠮᠦᠨ ᠴᠢᠨᠠᠷ ᠪᠤᠯ ᠤᠯᠤᠰ ᠪᠠᠶᠠᠨ ᠬᠦᠴᠦᠷᠭᠡᠭ ᠂ ᠦᠨᠳᠦᠰᠦᠲᠡᠨ ᠮᠠᠨᠳᠤᠵᠤ ᠂ ᠠᠷᠠᠳ ᠲᠦᠮᠡᠨ ᠵᠤᠯ ᠵᠢᠷᠭᠠᠯᠲᠠᠢ ᠪᠤᠯᠤᠨ᠎ᠠ

ᠳᠤᠮᠳᠠᠳᠤ ᠶᠢᠨ ᠬᠦᠰᠡᠯᠡᠩ ᠬᠠᠷᠠᠴᠠ ᠦᠷᠭᠡᠨ ᠂ ᠠᠭᠤᠯᠭ᠎ᠠ ᠪᠠᠶᠠᠯᠢᠭ ᠂ ᠤᠳᠬ᠎ᠠ ᠬᠦᠨᠵᠡᠭᠡᠢ ᠪᠠᠢᠳᠠᠭ ᠃ ᠰᠢ ᠵᠢᠨ ᠫᠢᠩ ᠶᠡᠷᠦᠩᠬᠡᠢ ᠱᠦᠵᠢ ᠵᠢᠭᠠᠨ ᠭᠠᠷᠭᠠᠭᠰᠠᠨ ᠨᠢ᠄《ᠳᠤᠮᠳᠠᠳᠤ ᠶᠢᠨ ᠬᠦᠰᠡᠯᠡᠩ ᠦᠨ ᠮᠦᠨ ᠴᠢᠨᠠᠷ ᠪᠤᠯ ᠤᠯᠤᠰ ᠪᠠᠶᠠᠨ ᠬᠦᠴᠦᠷᠬᠡᠭ ᠂ ᠦᠨᠳᠦᠰᠦᠲᠡᠨ ᠮᠠᠨᠳᠦᠨ ᠬᠦᠭᠵᠢᠵᠦ ᠂ ᠠᠷᠠᠳ ᠲᠦᠮᠡᠨ ᠵᠤᠯ ᠵᠢᠷᠭᠠᠯᠲᠠᠢ ᠪᠤᠯᠤᠨ᠎ᠠ》᠃ ᠡᠨᠡᠬᠦ ᠬᠦᠰᠡᠯᠡᠩ ᠨᠢ ᠤᠯᠤᠰ ᠤᠨ ᠬᠦᠭᠡᠭᠡᠴᠡᠯᠳᠦᠯᠬᠡ ᠂ ᠦᠨᠳᠦᠰᠦᠲᠡᠨ ᠦ ᠡᠷᠡᠮᠡᠯᠵᠡᠯ ᠂ ᠠᠷᠠᠳ ᠲᠦᠮᠡᠨ ᠦ ᠬᠦᠰᠡᠯ ᠢ ᠨᠢᠭᠳᠠᠷᠠᠭᠤᠯᠵᠤ ᠂ ᠳᠤᠮᠳᠠᠳᠤ ᠶᠢᠨ ᠦᠨᠳᠦᠰᠦᠲᠡᠨ ᠪᠠ ᠳᠤᠮᠳᠠᠳᠤ ᠤᠯᠤᠰ ᠤᠨ ᠠᠷᠠᠳ ᠲᠦᠮᠡᠨ ᠦ ᠨᠡᠢᠲᠡ ᠶᠢᠨ ᠠᠰᠢᠭ ᠳᠤᠰᠠ ᠶᠢ ᠢᠯᠡᠷᠡᠭᠦᠯᠵᠦ ᠂ ᠳᠤᠮᠳᠠᠳᠤ  ᠶᠢᠨ ᠦᠬᠢᠳ ᠬᠦᠪᠡᠭᠦᠳ ᠪᠦᠷᠢ ᠶᠢᠨ ᠬᠠᠮᠳᠤ ᠶᠢᠨ ᠬᠦᠰᠡᠯ ᠡᠷᠡᠮᠡᠯᠵᠡᠯ ᠢ ᠳᠤᠰᠬᠠᠭᠰᠠᠨ ᠪᠠᠢᠨ᠎ᠠ ᠃ ᠶᠠᠭ ᠡᠢᠮᠦ ᠤᠴᠢᠷ ᠠᠴᠠ ᠳᠤᠮᠳᠠᠳᠤ ᠶᠢᠨ ᠬᠦᠰᠡᠯᠡᠩ ᠦᠷᠭᠡᠨ ᠳᠡᠯᠭᠡᠷ ᠪᠠᠭᠳᠠᠭᠠᠮᠵᠢᠲᠤ ᠴᠢᠨᠠᠷ ᠲᠠᠢ ᠪᠠᠢᠵᠤ ᠂ 13᠎ ᠳ᠋ᠦᠩᠰᠢᠭᠤᠷ ᠬᠦᠮᠦᠨ ᠦ ᠰᠡᠳᠬᠢᠯ ᠳᠡᠬᠢ ᠴᠤᠭ ᠪᠠᠳᠠᠷᠠᠩᠭᠤᠢ ᠳᠠᠢᠴᠢᠨ ᠢᠷᠠᠭᠤ ᠨᠠᠢᠷᠠᠭ ᠪᠤᠯᠵᠤ ᠂ ᠳᠤᠮᠳᠠᠳᠤ ᠶᠢᠨ ᠦᠨᠳᠦᠰᠦᠲᠡᠨ ᠦ ᠪᠦᠯᠬᠦᠮᠳᠡᠨ ᠳᠡᠮᠡᠴᠡᠬᠦ ᠬᠠᠮᠤᠭ ᠤᠨ ᠶᠡᠬᠡ ᠶᠡᠷᠦᠩᠬᠡᠢ ᠬᠤᠷᠢᠶᠠᠭᠴᠢ ᠮᠦᠨ ᠃

ᠳᠤᠮᠳᠠᠳᠤ ᠶᠢᠨ ᠬᠦᠰᠡᠯᠡᠩ ᠪᠤᠯ ᠤᠯᠤᠰ ᠤᠨ ᠰᠡᠳᠭᠢᠯᠬᠡ ᠂ ᠦᠨᠳᠦᠰᠦᠲᠡᠨ ᠦ ᠰᠡᠳᠬᠢᠯᠭᠡ ᠂ ᠠᠷᠠᠳ ᠲᠦᠮᠡᠨ ᠦ ᠰᠡᠳᠬᠢᠯᠬᠡ ᠶᠢ ᠨᠢᠬᠡᠳᠬᠡᠬᠦ ᠬᠦᠰᠡᠯᠡᠩ ᠮᠦᠨ ᠃ 《ᠭᠡᠷ ᠪᠤᠯ ᠬᠠᠮᠤᠭ ᠪᠠᠭ᠎ᠠ ᠤᠯᠤᠰ ᠂ ᠤᠯᠤᠰ ᠪᠤᠯ ᠤᠯᠠᠨ ᠲᠦᠮᠡᠨ ᠭᠡᠷ》᠃ ᠤᠯᠤᠰ ᠳᠠᠢᠪᠤᠩ ᠮᠦᠷᠲᠡᠭᠡᠨ ᠠᠷᠠᠳ ᠠᠮᠤᠭᠤᠯᠤᠩ᠂ ᠠᠷᠠᠳ ᠪᠠᠶᠠᠨ ᠮᠦᠷᠲᠡᠭᠡᠨ ᠤᠯᠤᠰ ᠬᠦᠴᠦᠷᠭᠡᠭ ᠃ ᠳᠤᠮᠳᠠᠳᠤ ᠶᠢᠨ ᠬᠦᠰᠡᠯᠡᠩ ᠦᠨ ᠬᠠᠮᠤᠭ ᠶᠡᠬᠡ ᠤᠨᠴᠠᠯᠢᠭ ᠪᠤᠯ ᠤᠯᠤᠰ ᠂ ᠦᠨᠳᠦᠰᠦᠲᠡᠨ ᠪᠠ ᠬᠤᠪᠢ ᠬᠦᠮᠦᠨ ᠢ ᠬᠤᠪᠢ ᠵᠠᠶᠠᠭᠠᠨ ᠤ ᠬᠠᠮᠳᠤ ᠶᠢᠨ ᠴᠤᠭᠴᠠ ᠪᠤᠯᠭᠠᠵᠤ ᠂ ᠤᠯᠤᠰ ᠤᠨ ᠠᠰᠢᠭ ᠳᠤᠰᠠ ᠂ ᠦᠨᠳᠦᠰᠦᠲᠡᠨ ᠦ ᠠᠰᠢᠭ ᠳᠤᠰᠠ ᠪᠠ ᠠᠯᠢᠪᠠ ᠬᠤᠪᠢ ᠬᠦᠮᠦᠨ ᠦ ᠪᠤᠳᠠᠳᠤ ᠠᠰᠢᠭ ᠳᠤᠰᠠ ᠶᠢ ᠨᠢᠭᠲᠠ ᠬᠤᠯᠪᠤᠵᠤ ᠂ ᠳᠤᠮᠳᠠᠳᠤ ᠶᠢᠨ ᠦᠨᠳᠦᠰᠦᠲᠡᠨ ᠦ《ᠭᠡᠷ ᠤᠯᠤᠰ ᠳᠡᠯᠡᠬᠡᠢ ᠳ᠋ᠠᠭᠢᠨ》ᠭᠡᠰᠡᠨ ᠰᠡᠳᠬᠢᠯᠭᠡ ᠶᠢ ᠢᠯᠡᠷᠡᠭᠦᠯᠵᠦ ᠪᠠᠢᠨ᠎ᠠ ᠃ ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠨᠢ ᠳᠤᠮᠳᠠᠳᠤ ᠤᠯᠤᠰ ᠤᠨ ᠠᠵᠤ ᠠᠬᠤᠢ ᠶᠢᠨ ᠪᠤᠳᠠᠳᠤ ᠬᠦᠴᠦᠨ ᠪᠠ ᠶᠡᠷᠦᠩᠬᠡᠢᠯᠡᠭᠰᠡᠨ ᠬᠦᠴᠦᠨ ᠂ ᠳᠡᠯᠡᠬᠡᠢ ᠳᠡᠬᠢ ᠪᠠᠢᠷᠢ ᠰᠠᠭᠤᠷᠢ ᠪᠠ ᠳᠡᠯᠡᠬᠡᠢ ᠳᠡᠬᠢ ᠨᠥᠯᠦᠭᠡᠯᠡᠬᠦ ᠬᠦᠴᠦᠨ ᠶᠡᠬᠡᠪᠡᠷ ᠳᠡᠭᠡᠭᠰᠢᠯᠡᠵᠦ ᠪᠠᠢᠬᠤ ᠶᠢ ᠢᠯᠡᠳᠬᠡᠵᠦ ᠂ ᠳᠤᠮᠳᠠᠳᠤ ᠶᠢᠨ ᠦᠨᠳᠦᠰᠦᠲᠡᠨ ᠨᠡᠩ ᠪᠠᠳᠠᠷᠠᠩᠭᠤᠢ ᠦᠭᠡᠳᠡᠷᠭᠡᠭ ᠂ ᠪᠤᠯᠪᠠᠰᠤᠨ ᠪᠦᠭᠡᠳ ᠨᠡᠭᠡᠭᠡᠯᠲᠡ ᠲᠠᠢ ᠲᠦᠷᠢ ᠪᠠᠢᠳᠠᠯ ᠳᠤ ᠳᠡᠯᠡᠬᠡᠢ ᠶᠢᠨ ᠦᠨᠳᠦᠰᠦᠲᠡᠨ ᠦ ᠡᠩᠨᠡᠭᠡᠨ ᠳᠦ ᠰᠡᠬᠦᠢᠨ ᠰᠦᠨᠳᠡᠷᠡᠯᠡᠬᠦ ᠶᠢ ᠢᠯᠡᠳᠬᠡᠵᠦ ᠂ ᠳᠤᠮᠳᠠᠳᠤ ᠤᠯᠤᠰ ᠤᠨ ᠠᠷᠠᠳ ᠲᠦᠮᠡᠨ ᠨᠡᠩ ᠵᠤᠯ ᠵᠢᠷᠭᠠᠯᠲᠠᠢ ᠠᠮᠤᠷ ᠲᠦᠪᠰᠢᠨ ᠠᠮᠢᠳᠤᠷᠠᠬᠤ ᠶᠢ ᠢᠯᠡᠳᠬᠡᠵᠦ ᠪᠠᠢᠨ᠎ᠠ ᠃

 ᠳᠤᠮᠳᠠᠳᠤ  ᠶᠢᠨ ᠬᠦᠰᠡᠯᠡᠩ ᠪᠤᠯ ᠤᠯᠤᠰ ᠤᠨ ᠬᠦᠰᠡᠯᠡᠩ ᠂ ᠦᠨᠳᠦᠰᠦᠲᠡᠨ ᠦ ᠬᠦᠰᠡᠯᠡᠩ ᠂ ᠪᠠᠰᠠᠴᠤ ᠠᠯᠢᠪᠠ ᠳᠤᠮᠳᠠᠳᠤ ᠤᠯᠤᠰ ᠤᠨ ᠬᠦᠮᠦᠨ ᠢ ᠬᠦᠰᠡᠯᠡᠩ ᠮᠦᠨ ᠃ 《ᠶᠡᠬᠡ ᠶᠢ ᠤᠯᠤᠭᠰᠠᠳ ᠪᠠᠭ᠎ᠠ ᠶᠢ ᠴᠦ ᠪᠠᠭᠳᠠᠭᠠᠵᠤ ᠴᠢᠳᠠᠳᠠᠭ》᠃ 《ᠠᠤᠭ᠎ᠠ ᠶᠡᠬᠡ ᠬᠦᠤᠷᠨᠢᠯ ᠬᠡᠷᠡᠭ》ᠬᠡᠭᠦ ᠤᠯᠤᠰ ᠤᠨ ᠬᠦᠰᠡᠯᠡᠩ ᠂ ᠪᠠᠰᠠᠴᠤ《ᠪᠤᠳᠠᠳᠠᠢ ᠮᠦᠷᠲᠡᠭᠡᠨ ᠵᠢᠵᠢᠭ》ᠬᠤᠪᠢ ᠬᠦᠮᠦᠨ ᠢ ᠬᠦᠰᠡᠯᠡᠩ ᠮᠦᠨ ᠃ ᠲᠡᠤᠬᠡ ᠮᠠᠨ ᠳᠤ ᠬᠡᠯᠡᠵᠦ ᠦᠭᠭᠦᠭᠰᠡᠨ ᠨᠢ᠂ ᠠᠯᠢᠪᠠ ᠬᠦᠮᠦᠨ ᠦ ᠢᠷᠡᠭᠡᠳᠦᠢ ᠬᠤᠪᠢ ᠵᠠᠶᠠᠭ᠎ᠠ ᠨᠢ ᠪᠦᠷ ᠤᠯᠤᠰ ᠪᠠ ᠦᠨᠳᠦᠰᠦᠲᠡᠨ ᠦ ᠢᠷᠡᠭᠡᠳᠦᠢ ᠬᠤᠪᠢ ᠵᠠᠶᠠᠭ᠎ᠠ ᠲᠠᠢ ᠨᠢᠭᠲᠠ ᠬᠤᠯᠪᠤᠭᠳᠠᠵᠤ ᠪᠠᠢᠳᠠᠭ ᠃ ᠤᠯᠤᠰ ᠰᠠᠢᠨ ᠂ ᠦᠨᠳᠦᠰᠦᠲᠡᠨ ᠰᠠᠢᠨ ᠪᠤᠯ ᠪᠦᠭᠦᠳᠡᠭᠡᠷ ᠰᠠᠢᠨ ᠪᠤᠯᠳᠠᠭ ᠃ ᠳᠤᠮᠳᠠᠳᠤ ᠤᠯᠤᠰ ᠡᠢᠮᠦ ᠶᠡᠬᠡ ᠨᠢᠬᠡᠨ ᠤᠯᠤᠰ ᠂ ᠶᠠᠭ ᠶᠡᠬᠡ ᠳᠠᠯᠠᠢ ᠳᠤᠮᠳᠠᠬᠢ ᠬᠦᠯᠬᠡ ᠤᠩᠭᠤᠴᠠ ᠠᠳᠠᠯᠢ᠃ ᠡᠨᠡ ᠬᠦᠯᠬᠡ ᠤᠩᠭᠤᠴᠠᠨ ᠳᠡᠭᠡᠷ᠎ᠠ ᠪᠢᠳᠡ ᠪᠦᠬᠦᠨ《ᠵᠡᠭᠦᠳᠦᠨ ᠠᠩᠬᠢ》᠎ ᠶᠢᠨ ᠨᠢᠭᠡ ᠬᠡᠰᠢᠭᠦᠨ ᠪᠠᠢᠵᠤ ᠂ ᠪᠦᠷ ᠳᠤᠮᠳᠠᠳᠤ ᠶᠢᠨ ᠬᠦᠰᠡᠯᠡᠩ ᠦᠨ ᠤᠷᠤᠯᠴᠠᠭᠴᠢ ᠂ ᠪᠢᠴᠢᠭ᠍ᠴᠢ ᠂ ᠬᠠᠳᠠᠭᠤ ᠪᠡᠷᠭᠡᠰᠢᠶᠡᠯ ᠢ ᠬᠠᠮᠳᠤᠪᠡᠷ ᠲᠤᠭᠤᠯᠵᠤ ᠂ ᠰᠡᠳᠬᠢᠯ ᠨᠢᠬᠡᠳᠦᠨ ᠬᠦᠴᠦ  ᠪᠡᠨ ᠬᠠᠮᠳᠤᠳᠬᠠᠵᠤ ᠤᠷᠤᠭᠰᠢᠯᠠᠨ᠎ᠠ ᠃ ᠤᠳᠤ ᠴᠠᠭ ᠦᠶ᠎ᠠ ᠪᠤᠯ ᠬᠦᠰᠡᠯ ᠳᠡᠯᠭᠡᠭᠡᠬᠦ ᠴᠠᠭ ᠦᠶ᠎ᠠ ᠂ ᠬᠦᠮᠦᠨ ᠪᠦᠷᠢ ᠦᠪᠡᠷ ᠦᠨ ᠰᠠᠢᠬᠠᠨ ᠬᠦᠰᠡᠯᠡᠩ ᠲᠠᠢ ᠪᠠᠢᠳᠠᠭ ᠃ ᠳᠤᠮᠳᠠᠳᠤ ᠶᠢᠨ ᠬᠦᠰᠡᠯᠡᠩ ᠦᠨ ᠠᠭᠤᠵᠢᠮ ᠳᠠᠯᠠᠪᠠᠢ ᠂ ᠬᠤᠪᠢ ᠬᠦᠮᠦᠨ ᠦ ᠬᠦᠰᠡᠯᠡᠩ ᠳᠦ ᠪᠠᠳᠠᠷᠠᠨ ᠬᠦᠭᠵᠢᠬᠦ ᠤᠷᠤᠨ ᠵᠠᠢ ᠬᠠᠩᠭᠠᠨ᠎ᠠ ᠃ ᠬᠦᠮᠦᠨ ᠪᠦᠷᠢ ᠬᠦᠰᠡᠯᠡᠩ ᠦᠨ ᠲᠦᠯᠦᠭᠡ ᠳᠠᠰᠤᠷᠠᠯ ᠦᠬᠡᠢ ᠴᠢᠷᠮᠠᠢᠵᠤ ᠂ ᠮᠦᠨ ᠴᠦ ᠠᠭᠤᠤ ᠶᠡᠬᠡ ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠳᠦ ᠨᠢᠬᠡ ᠬᠤᠪᠢ ᠬᠦᠴᠦ ᠡᠷᠭᠦᠵᠦ ᠪᠠᠢᠨ᠎ᠠ ᠃ ᠬᠦᠮᠦᠨ ᠪᠦᠷᠢ ᠶᠢᠨ ᠠᠮᠢᠳᠤᠷᠠᠯ ᠤᠨ ᠬᠦᠰᠡᠯ ᠢ ᠤᠯᠤᠰ ᠪᠠ ᠦᠨᠳᠦᠰᠦᠲᠡᠨ ᠦ ᠠᠭᠤᠤ ᠶᠡᠬᠡ ᠬᠦᠰᠡᠯᠡᠩ ᠲᠠᠢ ᠤᠶᠠᠯᠳᠤᠭᠤᠯᠪᠠᠯ ᠰᠠᠶᠢ ᠬᠦᠰᠡᠯᠡᠩ ᠲᠠᠢ ᠪᠠᠢᠬᠤ ᠵᠤᠷᠢᠭ ᠲᠠᠢ ᠪᠠᠢᠵᠤ ᠂ ᠬᠦᠰᠡᠯᠡᠩ ᠢᠶᠡᠨ ᠬᠦᠬᠡᠬᠡᠬᠦ ᠵᠤᠷᠢᠭᠲᠠᠢ ᠂ ᠬᠦᠰᠡᠯᠡᠩ ᠢᠶᠡᠨ ᠪᠡᠶᠡᠯᠡᠬᠦ ᠪᠡᠷ ᠴᠢᠷᠮᠠᠢᠵᠤ ᠂ ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠶᠡᠬᠡ ᠬᠦᠴᠦᠨ ᠪᠤᠯᠵᠤ ᠨᠡᠢᠯᠬᠦ ᠶᠤᠮ ᠃

3.ᠳᠤᠮᠳᠠᠳᠤ ᠤᠯᠤᠰ ᠤᠨ ᠵᠠᠮ ᠢ ᠪᠠᠷᠢᠮᠳᠠᠯᠠᠵᠤ ᠂ ᠳᠤᠮᠳᠠᠳᠤ ᠤᠯᠤᠰ ᠤᠨ ᠵᠤᠷᠢᠭ ᠰᠠᠨᠠᠭ᠎ᠠ ᠶᠢ ᠪᠠᠳᠠᠷᠠᠭᠤᠯᠵᠤ ᠂ ᠳᠤᠮᠳᠠᠳᠤ ᠤᠯᠤᠰ ᠤᠨ ᠬᠦᠴᠦᠨ ᠢ ᠨᠢᠭᠳᠠᠷᠠᠭᠤᠯᠤᠨ᠎ᠠ

ᠰᠢ ᠵᠢᠨ ᠫᠢᠩ ᠶᠡᠷᠦᠩᠬᠡᠢ ᠱᠦᠵᠢ ᠵᠢᠭᠠᠵᠤ ᠭᠠᠷᠭᠠᠭᠰᠠᠨ ᠨᠢ ᠄ 《ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠳᠦ ᠡᠷᠭᠡᠪᠰᠢ ᠳᠤᠮᠳᠠᠳᠤ ᠤᠯᠤᠰ ᠤᠨ ᠵᠠᠮ ᠢ ᠶᠠᠪᠤᠵᠤ ᠂ ᠳᠤᠮᠳᠠᠳᠤ ᠤᠯᠤᠰ ᠤᠨ ᠵᠤᠷᠢᠭ ᠰᠠᠨᠠᠭ᠎ᠠ ᠶᠢ ᠪᠠᠳᠠᠷᠠᠭᠤᠯᠵᠤ ᠂ ᠳᠤᠮᠳᠠᠳᠤ ᠤᠯᠤᠰ ᠤᠨ ᠬᠦᠴᠦᠨ ᠢ ᠨᠢᠭᠳᠠᠷᠠᠭᠤᠯᠤᠨ᠎ᠠ》᠃ ᠡᠨᠡ ᠨᠢ ᠮᠠᠨ ᠤ ᠨᠠᠮ ᠪᠦᠯᠬᠦᠮᠳᠡᠨ ᠠᠷᠠᠳ ᠲᠦᠮᠡᠨ ᠢ ᠳᠠᠭᠠᠭᠤᠯᠤᠨ ᠳᠤᠮᠳᠠᠳᠤ ᠤᠯᠤᠰ ᠤᠨ ᠤᠨᠴᠠᠯᠢᠭ ᠪᠦᠬᠦᠢ ᠨᠡᠢᠭᠡᠮ ᠵᠢᠷᠦᠮ ᠦᠨ ᠦᠢᠯᠡᠰ ᠢ ᠦᠷᠬᠦᠯᠵᠢᠯᠡᠨ ᠲᠦᠯᠬᠢᠨ ᠤᠷᠤᠭᠰᠢᠯᠠᠭᠤᠯᠵᠤ ᠂ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢ ᠪᠡᠶᠡᠯᠡᠬᠦᠯᠬᠦ ᠳᠤᠮᠳᠠᠳᠤ ᠶᠢ ᠬᠦᠰᠡᠯᠡᠩ ᠦᠨ ᠲᠦᠯᠦᠭᠡ ᠳᠡᠮᠡᠴᠡᠬᠦ ᠴᠢᠭᠯᠡᠯ ᠢ ᠵᠢᠭᠠᠵᠤ ᠦᠭᠭᠦᠭᠰᠡᠨ ᠪᠠᠢᠨ᠎ᠠ ᠃

ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠳᠦ ᠡᠷᠭᠡᠪᠰᠢ ᠳᠤᠮᠳᠠᠳᠤ ᠤᠯᠤᠰ ᠤᠨ ᠵᠠᠮ ᠢ ᠶᠠᠪᠤᠨ᠎ᠠ ᠂ ᠡᠨᠡ ᠨᠢ ᠪᠤᠯ ᠳᠤᠮᠳᠠᠳᠤ ᠤᠯᠤᠰ ᠤᠨ ᠤᠨᠴᠠᠯᠢᠭ ᠪᠦᠬᠦᠢ ᠨᠡᠢᠭᠡᠮ ᠵᠢᠷᠦᠮ ᠦᠨ ᠵᠠᠮ ᠮᠦᠨ ᠃ ᠵᠦᠪ ᠤᠨᠤᠪᠴᠢᠲᠠᠢ ᠵᠠᠮ ᠦᠭᠡᠢ ᠪᠤᠯ ᠶᠠᠮᠠᠷ ᠰᠠᠢᠬᠠᠨ ᠬᠦᠰᠡᠯ ᠡᠷᠡᠮᠡᠯᠵᠡᠯ ᠂ ᠬᠡᠳᠦᠢ ᠠᠭᠤᠤ ᠶᠡᠬᠡ ᠬᠦᠰᠡᠯᠡᠩ ᠴᠦ ᠭᠡᠰᠡᠨ ᠪᠦᠷ ᠪᠡᠶᠡᠯᠡᠭᠳᠡᠬᠦ ᠦᠬᠡᠢ ᠶᠤᠮ ᠃ ᠳᠤᠮᠳᠠᠳᠤ ᠤᠯᠤᠰ ᠤᠨ ᠤᠨᠴᠠᠯᠢᠭ ᠪᠦᠬᠦᠢ ᠨᠡᠢᠭᠡᠮ ᠵᠢᠷᠦᠮ ᠦᠨ ᠵᠠᠮ ᠨᠢ ᠬᠢᠯᠪᠠᠷ ᠪᠤᠰᠤ ᠢᠷᠡᠭᠰᠡᠨ ᠂ ᠲᠡᠷᠡ ᠨᠢ ᠦᠭᠡᠷᠡᠴᠢᠯᠡᠲᠡ ᠬᠢᠵᠦ ᠴᠢᠯᠦᠭᠡᠲᠡᠢ ᠶᠠᠪᠤᠯᠴᠠᠭᠰᠠᠨ ᠳᠤ 30᠎ ᠭᠠᠷᠤᠢ ᠵᠢᠯ ᠦᠨ ᠠᠭᠤᠤ ᠶᠡᠬᠡ ᠦᠢᠯᠡᠳᠦᠯᠭᠡ ᠳᠤᠮᠳᠠ ᠠᠴᠠ ᠪᠤᠢ ᠪᠤᠯᠭᠰᠠᠨ ᠶᠤᠮ ᠂ ᠪᠦᠭᠦᠳᠡ ᠨᠠᠢᠷᠠᠮᠳᠤᠬᠤ ᠳᠤᠮᠳᠠᠳᠤ ᠠᠷᠠᠳ ᠤᠯᠤᠰ ᠪᠠᠢᠭᠤᠯᠤᠭᠳᠤᠭᠰᠠᠨ ᠠᠴᠠ ᠨᠠᠰᠢ 60᠎ ᠭᠠᠷᠤᠢ ᠵᠢᠯ ᠦᠷᠬᠦᠯᠵᠢᠯᠡᠨ ᠰᠦᠪᠭᠴᠢᠯᠡᠭᠰᠡᠨ ᠡᠴᠡ ᠪᠤᠢ ᠪᠤᠯᠵᠤ ᠂ ᠤᠢᠷ᠎ᠠ ᠤᠳᠤ ᠦᠶ᠎ᠠ ᠠᠴᠠ ᠨᠠᠰᠢ 170᠎ ᠭᠠᠷᠤᠢ ᠵᠢᠯ ᠦᠨ ᠳᠤᠮᠳᠠᠳᠤ ᠶᠢᠨ ᠦᠨᠳᠦᠰᠦᠲᠡᠨ ᠦ ᠬᠦᠭᠵᠢᠯᠲᠡ ᠶᠢᠨ ᠦᠩᠭᠡᠷᠡᠯᠲᠡ  ᠶᠢᠨ ᠬᠦᠨᠵᠡᠭᠡᠢ ᠳ᠋ᠦᠩᠨᠡᠯᠲᠡ ᠡᠴᠡ ᠪᠤᠢ ᠪᠤᠯᠵᠤ ᠂ ᠳᠤᠮᠳᠠᠳᠤ ᠶᠢᠨ ᠦᠨᠳᠦᠰᠦᠲᠡᠨ  ᠦ 5000᠎ ᠭᠠᠷᠤᠢ ᠵᠢᠯ ᠦᠨ ᠦᠨᠢ ᠤᠳᠠᠭᠠᠨ ᠪᠤᠯᠪᠠᠰᠤᠨ ᠤ ᠤᠯᠠᠮᠵᠢᠯᠠᠯ ᠠᠴᠠ ᠪᠤᠢ ᠪᠤᠯᠵᠤ ᠂ ᠮᠦᠨᠴᠦ ᠰᠢᠨᠵᠢᠯᠡᠬᠦ ᠤᠬᠠᠭᠠᠨᠴᠢ ᠨᠡᠢᠭᠡᠮ ᠵᠢᠷᠦᠮ  ᠤᠨ ᠤᠬᠠᠭᠳᠠᠭᠤᠨ ᠯᠤᠬᠢᠭ ᠪᠠ ᠳᠤᠮᠳᠠᠳᠤ ᠤᠯᠤᠰ ᠤᠨ ᠨᠡᠢᠭᠡᠮ ᠦᠨ ᠬᠦᠭᠵᠢᠯᠲᠡ ᠶᠢᠨ ᠲᠡᠤᠬᠡᠨ ᠯᠤᠬᠢᠭ ᠤᠨ ᠬᠤᠪᠢᠰᠤᠩᠭᠤᠢ ᠨᠢᠬᠡᠳᠦᠯ ᠮᠦᠨ ᠂ ᠬᠦᠨ ᠬᠦᠨᠵᠡᠭᠡᠢ ᠲᠡᠤᠬᠡᠨ ᠡᠬᠢ ᠰᠤᠷᠪᠤᠯᠵᠢ ᠪᠠ ᠦᠷᠭᠡᠨ ᠳᠡᠯᠭᠡᠷ ᠪᠤᠳᠠᠳᠤ ᠰᠠᠭᠤᠷᠢ ᠲᠠᠢ ᠪᠠᠢᠳᠠᠭ ᠃ ᠲᠡᠤᠬᠡ ᠪᠠ ᠪᠤᠳᠠᠳᠤ ᠪᠠᠢᠳᠠᠯ ᠬᠦᠢᠴᠡᠳ ᠭᠡᠷᠡᠴᠢᠯᠡᠭᠰᠡᠨ ᠨᠢ᠂ ᠪᠢᠲᠡᠭᠦᠮᠵᠢᠯᠡᠭᠰᠡᠨ ᠵᠤᠭᠰᠤᠩᠭᠤᠢ ᠬᠠᠭᠤᠴᠢᠨ ᠵᠠᠮ᠂ ᠳᠤᠭ ᠳᠠᠯᠪᠠᠭ᠎ᠠ ᠪᠠᠨ ᠬᠠᠯᠠᠭᠰᠠᠨ ᠭᠠᠵᠢᠭᠤ ᠵᠠᠮ ᠪᠦᠷ ᠮᠤᠬᠤᠷ ᠵᠠᠮ ᠂ ᠦᠬᠦᠯ ᠦᠨ ᠵᠠᠮ ᠮᠦᠨ᠃ ᠵᠥᠪᠬᠡᠨ ᠳᠤᠮᠳᠠᠳᠤ ᠤᠯᠤᠰ ᠤᠨᠴᠠᠯᠢᠭ ᠪᠦᠬᠦᠢ ᠨᠡᠢᠭᠡᠮ ᠵᠢᠷᠦᠮ ᠦᠨ ᠵᠠᠮ ᠪᠤᠯ ᠰᠠᠶᠢ ᠳᠤᠮᠳᠠᠳᠤ ᠤᠯᠤᠰ ᠢ ᠬᠦᠭᠵᠢᠬᠦᠯᠵᠦ ᠂ ᠳᠤᠮᠳᠠᠳᠤ ᠤᠯᠤᠰ ᠢ ᠳᠤᠭᠳᠠᠪᠤᠷᠢᠵᠢᠭᠤᠯᠵᠤ ᠂ ᠡᠨᠡ ᠪᠤᠯ ᠰᠡᠷᠭᠦᠨ ᠮᠠᠨᠳᠤᠬᠤ ᠬᠦᠰᠡᠯᠡᠩ ᠦᠨ ᠰᠠᠷᠠᠭᠤᠯ ᠳᠠᠷᠳᠠᠩ ᠵᠠᠮ ᠂ ᠵᠦᠪ ᠵᠠᠮ ᠮᠦᠨ ᠃ ᠳᠤᠮᠳᠠᠳᠤ ᠶᠢᠨ ᠦᠨᠳᠦᠰᠦᠲᠡᠨ ᠪᠤᠯ ᠶᠡᠷᠦ ᠪᠤᠰᠤ ᠶᠢᠨ ᠡᠭᠦᠳᠦᠨ ᠪᠦᠳᠦᠭᠡᠬᠦ ᠴᠢᠳᠠᠪᠤᠷᠢ ᠲᠠᠢ ᠦᠨᠳᠦᠰᠦᠲᠡᠨ ᠮᠦᠨ ᠂ ᠪᠢᠳᠡ ᠠᠭᠤᠤ ᠶᠡᠬᠡ ᠳᠤᠮᠳᠠᠳᠤ ᠶᠢᠨ ᠪᠤᠯᠪᠠᠰᠤᠨ ᠢ ᠡᠭᠦᠳᠴᠦ ᠂ ᠪᠢᠳᠡ ᠪᠠᠰᠠ ᠳᠤᠮᠳᠠᠳᠤ ᠤᠯᠤᠰ ᠤᠨ ᠤᠯᠤᠰ ᠤᠨ ᠪᠠᠢᠳᠠᠯ ᠲᠠᠢ ᠵᠤᠬᠢᠴᠠᠬᠤ ᠬᠦᠭᠵᠢᠯᠲᠡ ᠶᠢᠨ ᠵᠠᠮ ᠢ ᠦᠷᠭᠡᠯᠵᠢᠯᠡᠨ ᠦᠷᠭᠡᠳᠬᠡᠬᠦ ᠪᠠ ᠰᠠᠢᠨ ᠶᠠᠪᠤᠵᠤ ᠲᠡᠢᠯᠦᠨ᠎ᠠ ᠃ ᠳᠤᠮᠳᠠᠳᠤ ᠤᠯᠤᠰ ᠤᠨ ᠤᠨᠴᠠᠯᠢᠭ ᠪᠦᠬᠦᠢ ᠨᠡᠢᠭᠡᠮ ᠵᠢᠷᠦᠮ ᠦᠨ ᠵᠠᠮ ᠤᠨ ᠢᠳᠡᠭᠡᠯ ᠂ ᠤᠨᠤᠯ ᠤᠨ ᠢᠳᠡᠬᠡᠯ ᠂ ᠪᠠᠢᠭᠤᠯᠤᠮᠵᠢ ᠶᠢᠨ ᠢᠳᠡᠬᠡᠯ ᠢ ᠴᠢᠩᠭᠠᠳᠬᠠᠵᠤ ᠂ ᠵᠦᠪ ᠤᠨᠤᠪᠴᠢᠲᠠᠢ ᠳᠤᠮᠳᠠᠳᠤ ᠤᠯᠤᠰ ᠤᠨ ᠵᠠᠮ ᠢᠶᠠᠷ ᠬᠤᠪᠢᠷᠠᠰᠢ ᠦᠭᠡᠢ ᠤᠷᠤᠭᠰᠢᠯᠠᠨ᠎ᠠ ᠃

ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠳᠦ ᠡᠷᠬᠡᠪᠰᠢ ᠳᠤᠮᠳᠠᠳᠤ ᠤᠯᠤᠰ ᠤᠨ ᠵᠤᠷᠢᠭ ᠰᠠᠨᠠᠭ᠎ᠠ ᠶᠢ ᠪᠠᠳᠠᠷᠠᠭᠤᠯᠵᠤ ᠂ ᠡᠨᠡ ᠪᠤᠯ ᠤᠯᠤᠰ ᠢᠶᠠᠨ ᠬᠠᠢᠷᠠᠯᠠᠬᠤ ᠰᠡᠳᠬᠢᠯ ᠢᠶᠡᠷ ᠭᠤᠤᠯ ᠪᠤᠯᠭᠠᠭᠰᠠᠨ ᠦᠨᠳᠦᠰᠦᠲᠡᠨ ᠦ ᠵᠤᠷᠢᠭ ᠰᠠᠨᠠᠭ᠎ᠠ ᠪᠤᠯᠤᠨ ᠦᠬᠡᠷᠡᠴᠢᠯᠡᠯᠲᠡ ᠬᠢᠵᠦ ᠰᠢᠨ᠎ᠠ ᠶᠢ ᠡᠭᠦᠳᠬᠦ ᠪᠡᠷ ᠭᠤᠤᠯ ᠪᠤᠯᠭᠠᠭᠰᠠᠨ ᠴᠠᠭ ᠦᠶ᠎ᠠ ᠶᠢᠨ ᠵᠤᠷᠢᠭ ᠰᠠᠨᠠᠭ᠎ᠠ ᠪᠤᠯᠤᠨ᠎ᠠ ᠃ ᠠᠭᠤᠤ ᠶᠡᠬᠡ ᠬᠦᠰᠡᠯᠡᠩ ᠨᠢ ᠠᠭᠤᠤ ᠶᠡᠬᠡ ᠵᠤᠷᠢᠭ ᠰᠠᠨᠠᠭᠠᠨ ᠤ ᠲᠦᠰᠢᠭ ᠪᠠᠢᠬᠤ ᠬᠡᠷᠡᠭᠲᠡᠢ ᠃ ᠴᠤᠭ ᠪᠠᠳᠠᠷᠠᠩᠭᠤᠢ ᠵᠤᠷᠢᠭ ᠰᠠᠨᠠᠭ᠎ᠠ ᠦᠬᠡᠢ ᠂ ᠡᠷᠬᠢᠮ ᠳᠡᠭᠡᠳᠦ ᠵᠠᠩ ᠰᠤᠷᠳᠠᠯ ᠦᠬᠡᠢ ᠂ ᠬᠠᠳᠠᠨ ᠪᠠᠳᠤ ᠵᠤᠷᠢᠯᠲᠠ ᠦᠬᠡᠢ ᠪᠤᠯ ᠨᠢᠬᠡ ᠦᠨᠳᠦᠰᠦᠲᠡᠨ ᠳᠡᠯᠡᠬᠡᠢ ᠶᠢᠨ ᠦᠨᠳᠦᠰᠦᠲᠡᠨ ᠦ ᠤᠢ ᠳᠤᠳᠤᠷ᠎ᠠ ᠳᠤᠭᠳᠠᠨᠢᠵᠤ ᠳᠡᠢᠯᠬᠦ ᠦᠬᠡᠢ ᠶᠤᠮ ᠃ ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠳᠦ ᠪᠢᠳᠡ ᠵᠦᠪᠬᠡᠨ ᠪᠤᠳᠠᠰ ᠤᠨ ᠳᠠᠯ᠎ᠠ ᠪᠠᠷ ᠬᠦᠴᠦᠷᠬᠡᠭᠵᠢᠭᠡᠳ ᠪᠠᠢᠵᠤ ᠪᠤᠯᠬᠤ ᠤᠶᠤᠨ ᠰᠠᠨᠠᠭᠠᠨ ᠤ ᠳᠠᠯ᠎ᠠ ᠪᠠᠷ ᠪᠠᠰᠠ ᠬᠦᠴᠦᠷᠬᠡᠭᠵᠢᠬᠦ ᠬᠡᠷᠡᠭᠲᠡᠢ ᠬᠡᠳᠡᠭ ᠢ ᠱᠠᠭᠠᠷᠳᠠᠵᠤ ᠪᠠᠢᠨ᠎ᠠ ᠃ ᠳᠤᠮᠳᠠᠳᠤ ᠶᠢᠨ ᠪᠤᠯᠪᠠᠰᠤᠨ ᠦᠶ᠎ᠠ ᠶᠢᠨ ᠦᠶ᠎ᠠ ᠤᠷᠤᠰᠢᠨ ᠲᠤᠭᠳᠠᠨᠢᠵᠤ ᠂ ᠳᠤᠮᠳᠠᠳᠤ  ᠤᠯᠤᠰ ᠤᠨ ᠵᠤᠷᠢᠭ ᠰᠠᠨᠠᠭ᠎ᠠ ᠡᠭᠦᠷᠢᠲᠡ ᠤᠯᠠᠮᠵᠢᠯᠠᠵᠤ ᠪᠠᠢᠨ᠎ᠠ ᠃ ᠤᠯᠤᠰ ᠢᠶᠠᠨ ᠬᠠᠢᠷᠠᠯᠠᠬᠤ ᠦᠵᠡᠯ ᠢᠶᠡᠷ ᠭᠤᠤᠯ ᠪᠤᠯᠭᠠᠭᠰᠠᠨ ᠦᠨᠳᠦᠰᠦᠲᠡᠨ ᠦ ᠵᠤᠷᠢᠭ ᠰᠠᠨᠠᠭ᠎ᠠ ᠪᠤᠯᠤᠨ ᠦᠭᠡᠷᠡᠴᠢᠯᠡᠯᠲᠡ ᠬᠢᠵᠦ ᠰᠢᠨ᠎ᠠ ᠶᠢ ᠡᠭᠦᠳᠬᠦ ᠪᠡᠷ ᠭᠣᠣᠯ ᠪᠤᠯᠭᠠᠭᠰᠠᠨ ᠴᠠᠭ ᠦᠶ᠎ᠠ ᠶᠢᠨ ᠵᠤᠷᠢᠭ ᠰᠠᠨᠠᠭ᠎ᠠ ᠪᠤᠯ ᠰᠡᠳᠬᠢᠯ ᠬᠤᠯᠪᠤᠭᠠᠯᠠᠵᠤ ᠴᠢᠳᠠᠯ ᠨᠢᠭᠳᠠᠷᠠᠭᠤᠯᠬᠤ ᠤᠯᠤᠰ ᠢ ᠬᠦᠭᠵᠢᠬᠦᠯᠬᠦ ᠰᠦᠨᠡᠰᠦ ᠂ ᠤᠯᠤᠰ ᠬᠦᠴᠦᠷᠭᠡᠭᠵᠢᠬᠦᠯᠬᠦ ᠰᠦᠨᠡᠰᠦ ᠮᠦᠨ ᠃ ᠤᠯᠤᠰ ᠢᠶᠠᠨ ᠬᠠᠢᠷᠠᠯᠠᠬᠤ ᠦᠵᠡᠯ ᠪᠤᠯ ᠳᠤᠮᠳᠠᠳᠤ ᠶᠢᠨ ᠦᠨᠳᠦᠰᠦᠲᠡᠨ ᠦ ᠵᠤᠷᠢᠭ ᠰᠠᠨᠠᠨᠭᠠᠨ ᠤ ᠭᠧᠨ᠂ ᠳᠤᠮᠳᠠᠳᠤ ᠤᠯᠤᠰ ᠤᠨ ᠨᠤᠲᠤᠭ ᠳᠡᠪᠢᠰᠭᠡᠷ ᠳᠡᠭᠡᠷ᠎ᠠ ᠪᠠᠢᠬᠤ ᠡᠯ᠎ᠠ ᠦᠨᠳᠦᠰᠦᠲᠡᠨ ᠦ ᠪᠦᠯᠬᠦᠮᠳᠡᠯ ᠨᠢᠭᠡᠳᠦᠯ ᠢ ᠬᠠᠮᠠᠭᠠᠯᠠᠵᠤ ᠂ ᠦᠶ᠎ᠠ ᠶᠢᠨ ᠦᠶ᠎ᠠ ᠶᠢᠨ ᠳᠤᠮᠳᠠᠳᠤ ᠶᠢᠨ ᠦᠬᠢᠳ ᠬᠦᠪᠡᠭᠦᠳ ᠢ ᠡᠬᠡ ᠤᠷᠤᠨ ᠤ ᠬᠦᠭᠵᠢᠯ ᠴᠡᠴᠡᠭᠵᠢᠯ ᠢ ᠲᠦᠯᠦᠭᠡ ᠴᠦᠬᠦᠷᠡᠰᠢ ᠦᠬᠡᠢ ᠳᠡᠮᠡᠴᠡᠬᠦ ᠶᠢ ᠤᠷᠠᠮᠰᠢᠭᠤᠯᠵᠤ ᠪᠠᠢᠨ᠎ᠠ ᠃ ᠦᠬᠡᠷᠡᠴᠢᠯᠡᠯᠲᠡ ᠬᠢᠵᠦ ᠰᠢᠨ᠎ᠠ ᠶᠢ ᠡᠭᠦᠳᠬᠦ ᠨᠢ ᠳᠤᠮᠳᠠᠳᠤ ᠶᠢᠨ ᠦᠨᠳᠦᠰᠦᠲᠡᠨ ᠦ ᠲᠦᠷᠦᠯᠬᠢ ᠠᠪᠢᠶᠠᠰ ᠢ ᠢᠯᠡᠷᠡᠭᠦᠯᠵᠦ ᠂ ᠤᠳᠤ ᠦᠶ᠎ᠠ ᠶᠢᠨ ᠳᠤᠮᠳᠠᠳᠤ ᠤᠯᠤᠰ ᠤᠨ ᠬᠦᠭᠵᠢᠯᠲᠡ ᠳᠠᠪᠰᠢᠯᠲᠠ ᠶᠢᠨ ᠱᠠᠭᠠᠷᠳᠠᠯᠭ᠎ᠠ ᠶᠢ ᠢᠯᠡᠳᠬᠡᠵᠦ ᠂ ᠢᠮᠠᠭᠲᠠ ᠪᠢᠳᠡᠨ ᠢ ᠦᠬᠡᠷᠡᠴᠢᠯᠡᠯᠲᠡ ᠨᠡᠬᠡᠬᠡᠯᠲᠡ ᠶᠢᠨ ᠳᠤᠮᠳᠠ ᠴᠠᠭ ᠦᠶ᠎ᠠ ᠲᠠᠢ ᠵᠡᠷᠭᠡᠪᠡᠷ ᠤᠷᠤᠭᠰᠢᠯᠠᠬᠤ ᠤᠶᠤᠨ ᠰᠠᠨᠠᠭᠠᠨ ᠤ ᠬᠦᠴᠦᠨ ᠮᠦᠨ ᠃ ᠠᠭᠤᠤ ᠶᠡᠬᠡ ᠦᠨᠳᠦᠰᠦᠲᠡᠨ ᠦ ᠵᠤᠷᠢᠭ ᠰᠠᠨᠠᠭ᠎ᠠ ᠪᠠ ᠴᠠᠭ ᠦᠶ᠎ᠠ ᠶᠢᠨ ᠵᠤᠷᠢᠭ ᠰᠠᠨᠠᠭ᠎ᠠ ᠶᠢ ᠪᠠᠳᠠᠷᠠᠭᠤᠯᠬᠤ ᠭᠡᠪᠡᠯ ᠂ ᠪᠦᠬᠦ ᠠᠷᠠᠳ ᠲᠦᠮᠡᠨ ᠦ ᠴᠤᠭ ᠵᠠᠯᠢ ᠰᠦᠷ ᠰᠦᠯᠳᠡ ᠶᠢ ᠳᠠᠰᠤᠷᠠᠯᠲᠠ ᠦᠭᠡᠢ ᠭᠦᠭᠵᠢᠭᠡᠵᠦ ᠂ ᠪᠦᠯᠬᠦᠮᠳᠡᠨ ᠨᠢᠭᠳᠠᠷᠠᠬᠤ ᠤᠶᠤᠨ ᠰᠠᠨᠠᠭᠠᠨ ᠤ ᠬᠤᠯᠪᠤᠭᠠᠰᠤ ᠂ ᠰᠢᠨᠳᠠᠷᠠᠰᠢ ᠦᠭᠡᠢ ᠴᠢᠷᠮᠠᠢᠬᠤ ᠵᠤᠷᠢᠭ ᠰᠠᠨᠠᠭᠠᠨ ᠤ ᠬᠦᠳᠡᠯᠭᠡᠭᠴᠢ ᠬᠦᠴᠦᠨ ᠢ ᠳᠠᠰᠤᠷᠠᠯᠲᠠ ᠦᠬᠡᠢ ᠴᠢᠩᠭᠠᠳᠬᠠᠵᠤ ᠂ ᠦᠨᠢ ᠡᠭᠦᠷᠢᠳᠡ ᠴᠤᠭ ᠪᠠᠳᠠᠷᠠᠩᠭᠤᠢ ᠢᠷᠡᠭᠡᠳᠦᠢ ᠦᠭᠡᠲᠡ ᠤᠷᠤᠭᠰᠢᠯᠠᠨ᠎ᠠ ᠃

ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠳᠦ ᠡᠷᠭᠡᠪᠰᠢ ᠳᠤᠮᠳᠠᠳᠤ ᠤᠯᠤᠰ ᠤᠨ ᠬᠦᠴᠦᠨ ᠢ ᠨᠢᠭᠳᠠᠷᠠᠭᠤᠯᠬᠤ ᠬᠡᠷᠡᠭᠲᠡᠢ ᠂ ᠡᠨᠡ ᠪᠤᠯ ᠳᠠᠷᠤᠢ ᠪᠦᠬᠦ ᠤᠯᠤᠰ ᠤᠨ ᠡᠯ᠎ᠠ ᠦᠨᠳᠦᠰᠦᠲᠡᠨ ᠦ ᠬᠠᠮᠳᠤᠷᠠᠯ ᠤᠨ ᠬᠦᠴᠦᠨ ᠮᠦᠨ ᠃ ᠮᠠᠨ ᠤ ᠤᠯᠤᠰ ᠤᠨ 56᠎ ᠦᠨᠳᠦᠰᠦᠲᠡᠨ ᠪᠦᠷ ᠳᠤᠮᠳᠠᠳᠤ ᠶᠢᠨ ᠦᠨᠳᠦᠰᠦᠲᠡᠨ ᠦ ᠶᠡᠬᠡ ᠭᠡᠷ ᠪᠦᠯᠢ ᠶᠢᠨ ᠡᠷᠬᠡ ᠲᠡᠭᠰᠢ ᠨᠢᠭᠡ ᠬᠡᠰᠢᠬᠦᠨ ᠂ ᠬᠠᠮᠳᠤᠪᠠᠷ ᠴᠢᠨᠤ ᠳᠤᠮᠳᠠ ᠪᠢ ᠂ ᠮᠢᠨᠤ ᠳᠤᠮᠳᠠ ᠴᠢ ᠂ ᠬᠡᠨ ᠨᠢ ᠬᠡᠨ ᠡᠴᠡ ᠰᠠᠯᠵᠤ ᠳᠡᠢᠯᠬᠦ ᠦᠬᠡᠢ ᠳᠤᠮᠳᠠᠳᠤ ᠶᠢᠨ ᠦᠨᠳᠦᠰᠦᠲᠡᠨ ᠦ ᠬᠤᠪᠢ ᠵᠠᠶᠠᠭ᠎ᠠ ᠨᠢᠬᠡ ᠴᠤᠭᠴᠠ ᠶᠢ ᠪᠠᠢᠭᠤᠯᠤᠭᠰᠠᠨ ᠪᠠᠢᠨ᠎ᠠ ᠃ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢᠨ ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠪᠤᠯ ᠡᠯ᠎ᠠ ᠦᠨᠳᠦᠰᠦᠲᠡᠨ ᠦ ᠬᠠᠮᠳᠤ ᠶᠢᠨ ᠬᠦᠰᠡᠯᠡᠩ ᠂ ᠪᠠᠰᠠᠴᠤ ᠡᠯ᠎ᠠ ᠦᠨᠳᠦᠰᠦᠲᠡᠨ ᠦ ᠦᠪᠡᠷ ᠦᠨ ᠬᠦᠰᠡᠯᠡᠩ ᠮᠦᠨ ᠃ ᠳᠤᠮᠳᠠᠳᠤ ᠶᠢᠨ ᠦᠨᠳᠦᠰᠦᠲᠡᠨ ᠨᠢᠬᠡ ᠭᠡᠷ ᠦᠨ ᠂ ᠰᠡᠳᠬᠢᠯ ᠨᠢᠬᠡᠳᠦᠨ ᠳᠤᠮᠳᠠᠳᠤ ᠶᠢᠨ ᠬᠦᠰᠡᠯᠡᠩ ᠢ ᠪᠡᠶᠡᠯᠡᠬᠦᠯᠦᠨ᠎ᠠ ᠃ ᠡᠯ᠎ᠠ ᠦᠨᠳᠦᠰᠦᠲᠡᠨ ᠦ ᠶᠡᠬᠡ ᠪᠦᠯᠬᠦᠮᠳᠡᠯ ᠦᠨ ᠬᠦᠴᠦᠨ ᠪᠤᠯ ᠡᠯ᠎ᠠ ᠵᠦᠢᠯ ᠦᠨ ᠬᠦᠴᠢᠷᠳᠡᠯ ᠢ ᠠᠷᠭᠠᠴᠠᠬᠤ ᠂ ᠠᠶᠤᠯ ᠲᠦᠭᠰᠢᠭᠦᠷᠢ ᠶᠢ ᠢᠯᠠᠨ ᠳᠠᠪᠠᠬᠤ ᠰᠢᠢᠳᠪᠦᠷᠢᠯᠡᠭᠴᠢ ᠬᠦᠴᠦᠨ ᠮᠦᠨ ᠃ ᠪᠢᠳᠡ ᠨᠢᠭᠳᠠᠷᠠᠨ ᠪᠦᠯᠬᠦᠮᠳᠡᠵᠦ ᠂ ᠳᠠᠭᠤᠷᠠᠪᠠᠯ ᠳᠠᠭᠤ ᠨᠢᠬᠡᠲᠡᠢ ᠂ ᠬᠠᠮᠳᠤ ᠶᠢᠨ ᠬᠦᠰᠡᠯᠡᠩ ᠢ ᠪᠡᠶᠡᠯᠡᠬᠦᠯᠬᠦ ᠶᠢᠨ ᠲᠦᠯᠦᠭᠡ ᠳᠡᠮᠡᠴᠡᠵᠦ ᠂ ᠬᠦᠰᠡᠯᠡᠩ ᠢᠶᠡᠨ ᠪᠡᠶᠡᠯᠡᠬᠦᠯᠬᠦ ᠬᠦᠴᠦᠨ ᠬᠢᠵᠠᠭᠠᠷᠯᠠᠰᠢ ᠦᠭᠡᠢ ᠬᠦᠴᠦᠷᠭᠡᠭ ᠂ ᠪᠢᠳᠡ ᠬᠦᠮᠦᠨ ᠪᠦᠷᠢ ᠶᠢᠨ ᠦᠪᠡᠷ ᠦᠨ ᠬᠦᠰᠡᠯᠡᠩ ᠢᠶᠡᠨ ᠪᠡᠶᠡᠯᠡᠬᠦᠯᠬᠦ ᠶᠢᠨ ᠲᠦᠯᠦᠭᠡ ᠴᠢᠷᠮᠠᠢᠯᠲᠠ ᠨᠢ ᠠᠭᠤᠵᠢᠮ ᠤᠷᠤᠨ ᠵᠠᠢ ᠲᠠᠢ ᠶᠤᠮ ᠃ ᠠᠭᠤᠤ ᠶᠡᠬᠡ ᠡᠬᠡ ᠤᠯᠤᠰ ᠪᠠ ᠠᠭᠤᠤ ᠶᠡᠬᠡ ᠴᠠᠭ ᠦᠶ᠎ᠠ ᠳᠤ ᠠᠮᠢᠳᠤᠷᠠᠵᠤ ᠪᠠᠢᠭ᠎ᠠ ᠳᠤᠮᠳᠠᠳᠤ ᠤᠯᠤᠰ ᠤᠨ ᠠᠷᠠᠳ ᠲᠦᠮᠡᠨ ᠂ ᠬᠦᠮᠦᠨ ᠦ ᠠᠮᠢᠳᠤᠷᠠᠯ ᠤᠨ ᠭᠡᠷᠡᠯ ᠬᠢᠯᠪᠠᠭ᠎ᠠ ᠪᠠᠨ ᠰᠠᠴᠤᠷᠠᠭᠤᠯᠬᠤ ᠶᠢ ᠬᠠᠮᠳᠤ ᠪᠠᠷ ᠡᠳᠡᠯᠡᠬᠦ ᠲᠤᠬᠢᠶᠠᠯ ᠲᠠᠢ ᠂ ᠬᠦᠰᠡᠯᠡᠩ ᠢᠶᠡᠨ ᠪᠡᠶᠡᠯᠡᠬᠦᠯᠬᠦ  ᠶᠢ ᠬᠠᠳᠤᠪᠠᠷ ᠡᠳᠡᠯᠡᠬᠦ ᠳᠤᠬᠢᠶᠠᠯ ᠲᠠᠢ ᠂ ᠡᠬᠡ ᠤᠯᠤᠰ ᠪᠠ ᠴᠠᠭ ᠦᠶ᠎ᠠ ᠲᠠᠢ ᠬᠠᠮᠳᠤ ᠦᠰᠦᠨ ᠪᠤᠢᠵᠢᠬᠤ ᠪᠤᠯᠤᠨ ᠳᠠᠪᠰᠢᠬᠤ ᠶᠢ ᠬᠠᠮᠳᠤᠪᠡᠷ ᠡᠳᠡᠯᠡᠬᠦ ᠳᠤᠬᠢᠶᠠᠯ ᠲᠠᠢ ᠃ ᠪᠦᠬᠦ ᠤᠯᠤᠰ ᠤᠨ ᠡᠯ᠎ᠠ ᠦᠨᠳᠦᠰᠦᠲᠡᠨ ᠦ ᠠᠷᠠᠳ ᠲᠦᠮᠡᠨ ᠡᠭᠦᠷᠭᠡ ᠪᠡᠨ ᠡᠷᠭᠡᠪᠰᠢ ᠴᠡᠭᠡᠵᠢᠯᠡᠵᠦ ᠂ ᠨᠢᠬᠡ ᠲᠡᠰᠢ ᠪᠤᠳᠤᠯᠬᠢᠯᠠᠵᠤ ᠂ ᠬᠠᠮᠳᠤᠪᠡᠷ ᠴᠢᠷᠮᠠᠢᠵᠤ ᠂ 13᠎ ᠳ᠋ᠦᠩᠰᠢᠭᠤᠷ ᠬᠦᠮᠦᠨ ᠦ ᠤᠶᠤᠨ ᠤᠬᠠᠭᠠᠨ ᠪᠠ ᠬᠦᠴᠦᠨ ᠴᠢᠳᠠᠯ ᠨᠡᠢᠯᠡᠵᠦ ᠢᠯᠠᠭᠳᠠᠰᠢ ᠦᠬᠡᠢ ᠳᠤᠮᠤ ᠬᠦᠴᠦᠨ ᠪᠤᠯᠤᠨ᠎ᠠ ᠃

ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠨᠯᠲᠠ ᠶᠢ ᠪᠡᠶᠡᠯᠡᠬᠦᠯᠬᠦ ᠪᠤᠯ ᠤᠯᠤᠰ ᠤᠨ ᠳᠤᠳᠤᠭᠠᠳᠤ ᠭᠠᠳᠠᠭᠠᠳᠤ  ᠶᠢᠨ ᠳᠤᠮᠳᠠᠳᠤ ᠶᠢᠨ ᠦᠬᠢᠳ ᠬᠦᠪᠡᠭᠦᠳ ᠦᠨ ᠬᠠᠮᠳᠤ ᠶᠢᠨ ᠬᠦᠰᠡᠯᠡᠩ ᠮᠦᠨ ᠃ ᠰᠢᠶᠠᠩᠭᠠᠩ ᠂ ᠣᠣᠮᠧᠨ ᠪᠤᠯᠤᠨ ᠡᠬᠡ ᠤᠯᠤᠰ ᠤᠨ ᠳᠤᠳᠤᠭᠠᠳᠤ ᠤᠷᠤᠨ ᠤ ᠬᠤᠪᠢ ᠵᠠᠶᠠᠭ᠎ᠠ ᠨᠢᠭᠲᠠ ᠬᠤᠯᠪᠤᠭ᠎ᠠ ᠲᠠᠢ ᠪᠠᠢᠵᠤ ᠂ ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠳᠦ ᠰᠢᠶᠠᠩᠭᠠᠩ ᠂ ᠣᠣᠮᠧᠨ ᠪᠤᠯᠤᠨ ᠡᠬᠡ ᠤᠷᠤᠨ ᠤ ᠳᠤᠳᠤᠭᠠᠳᠤ ᠤᠷᠤᠨ ᠳᠠᠪᠠᠭᠤᠯᠢᠭ ᠳᠠᠯ᠎ᠠ ᠪᠠᠷ ᠬᠠᠷᠢᠯᠴᠠᠨ ᠨᠦᠬᠦᠪᠦᠷᠢᠯᠡᠵᠦ ᠬᠠᠮᠳᠤᠪᠡᠷ ᠬᠦᠭᠵᠢᠬᠦ ᠶᠢ ᠱᠠᠭᠠᠷᠳᠠᠨ᠎ᠠ ᠂ ᠰᠢᠶᠠᠩᠭᠠᠩ ᠣᠣᠮᠧᠨ ᠦ ᠠᠬ᠎ᠠ ᠳᠡᠭᠦᠦ ᠨᠠᠷ ᠪᠤᠯᠤᠨ ᠳᠤᠳᠤᠷ ᠭᠠᠵᠠᠷ ᠤᠨ ᠠᠷᠠᠳ ᠲᠦᠮᠡᠨ ᠬᠠᠷᠢᠯᠴᠠᠨ ᠬᠠᠪᠰᠤᠷᠤᠯᠴᠠᠨ ᠬᠠᠷᠭᠠᠯᠵᠠᠵᠤ ᠂ ᠭᠠᠷ ᠬᠤᠯᠪᠤᠨ ᠬᠠᠮᠳᠤᠪᠡᠷ ᠤᠷᠤᠭᠰᠢᠯᠠᠬᠤ ᠶᠢ ᠱᠠᠭᠠᠷᠳᠠᠨ᠎ᠠ ᠃ ᠳᠤᠮᠳᠠᠳᠤ ᠶᠢᠨ ᠬᠦᠰᠡᠯᠡᠩ ᠪᠤᠯᠤᠨ ᠲᠠᠢᠸᠠᠨ ᠤ ᠢᠷᠡᠭᠡᠳᠦᠢ ᠨᠢᠭᠲᠠ ᠬᠤᠯᠪᠤᠭ᠎ᠠ ᠲᠠᠢ ᠂ ᠬᠤᠶᠠᠷ ᠡᠷᠬᠢ ᠶᠢᠨ ᠠᠬ᠎ᠠ ᠳᠡᠭᠦᠦ ᠨᠠᠷ ᠬᠠᠷᠢᠯᠴᠠᠨ ᠬᠠᠷᠭᠠᠯᠵᠠᠨ ᠬᠠᠪᠰᠤᠷᠤᠯᠴᠠᠵᠤ ᠂ ᠨᠠᠮ ᠬᠤᠪᠢᠶᠠᠬᠤ ᠦᠬᠡᠢ ᠂ ᠠᠩᠭᠢ ᠬᠤᠪᠢᠶᠠᠬᠤ ᠦᠬᠡᠢ᠂ ᠱᠠᠰᠢᠨ ᠰᠢᠳᠦᠯᠬᠡ ᠬᠤᠪᠢᠶᠠᠬᠤ ᠦᠬᠡᠢ ᠂ ᠭᠠᠵᠠᠷ ᠤᠷᠤᠨ ᠬᠤᠪᠢᠶᠠᠬᠤ ᠦᠬᠡᠢ ᠂ ᠪᠦᠬᠦᠳᠡ ᠦᠨᠳᠦᠰᠦᠲᠡᠨ ᠦ ᠰᠡᠷᠭᠦᠨ ᠮᠠᠨᠳᠤᠯᠲᠠ ᠶᠢᠨ ᠶᠠᠪᠤᠴᠠ ᠳᠤ ᠤᠷᠤᠯᠴᠠᠨ ᠂ ᠬᠤᠶᠠᠷ ᠡᠷᠬᠢ ᠶᠢᠨ ᠨᠢᠬᠡ ᠭᠡᠷ ᠪᠠᠢᠵᠤ ᠂ ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠬᠦᠴᠦᠨ ᠢ ᠨᠢᠭᠲᠠᠷᠠᠭᠤᠯᠤᠨ᠎ᠠ ᠃ ᠦᠷᠭᠡᠨ ᠤᠯᠠᠨ ᠭᠠᠳᠠᠭᠠᠳᠤ ᠳᠤ ᠰᠠᠭᠤᠭ᠎ᠠ ᠳᠤᠮᠳᠠᠳᠤ ᠬᠦᠮᠦᠨ ᠴᠢᠩ ᠦᠨᠡᠨᠴᠢ ᠡᠬᠡ ᠤᠷᠤᠨᠴᠢ ᠰᠡᠳᠬᠢᠯᠭᠡ ᠂ ᠬᠦᠴᠦᠷᠭᠡᠭ ᠶᠡᠬᠡ ᠠᠵᠤ ᠠᠬᠤᠢ ᠶᠢᠨ ᠬᠦᠴᠦᠨ ᠂ ᠤᠶᠤᠨ ᠤ ᠡᠬᠢ ᠪᠠᠶᠠᠯᠢᠭ ᠡᠯᠪᠡᠭ ᠂ ᠦᠷᠭᠡᠨ ᠲᠡᠯᠭᠡᠷ ᠬᠤᠳᠠᠯᠳᠤᠭᠠᠨ ᠤ ᠬᠠᠷᠢᠴᠠᠭᠠᠨ ᠤ ᠬᠤᠯᠪᠤᠭ᠎ᠠ ᠲᠠᠢ ᠂ ᠡᠨᠡ ᠨᠢ ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠴᠢᠬᠤᠯᠠ ᠬᠦᠴᠦᠨ ᠮᠦᠨ ᠃ ᠤᠯᠤᠰ ᠤᠨ ᠳᠤᠳᠤᠭᠠᠳᠤ ᠭᠠᠳᠠᠭᠠᠳᠤ ᠶᠢᠨ ᠦᠬᠢᠳ ᠬᠦᠪᠡᠭᠦᠳ ᠨᠢᠭᠳᠠᠷᠠᠨ ᠪᠦᠯᠬᠦᠮᠳᠡᠵᠦ ᠂ ᠬᠦᠴᠦᠨ ᠴᠢᠳᠠᠯ ᠢᠶᠠᠨ ᠭᠠᠷᠭᠠᠵᠤ ᠂ ᠤᠶᠤᠨ ᠤᠬᠠᠭᠠᠨ ᠢᠶᠠᠨ ᠰᠢᠪᠬᠠᠨ ᠂ ᠪᠦᠯᠬᠦᠮᠳᠡᠨ ᠨᠢᠭᠡᠳᠴᠦ ᠳᠡᠮᠡᠴᠡᠪᠡᠯ ᠳᠤᠮᠳᠠᠳᠤ  ᠶᠢᠨ ᠦᠨᠳᠦᠰᠦᠲᠡᠨ ᠦ ᠬᠦᠭᠵᠢᠯᠲᠡ ᠶᠢᠨ ᠴᠠᠭ ᠦᠶ᠎ᠠ ᠶᠢᠨ ᠬᠠᠭᠤᠳᠠᠰᠤ ᠶᠢ ᠯᠠᠪᠲᠠᠢ ᠪᠢᠴᠢᠭᠯᠡᠵᠦ ᠳᠡᠢᠯᠬᠦ ᠶᠤᠮ ᠃

4.ᠪᠤᠳᠠᠳᠠᠢ ᠬᠢᠪᠡᠯ ᠰᠠᠶᠢ ᠬᠦᠰᠡᠯᠡᠩ ᠢᠶᠡᠨ ᠪᠡᠶᠡᠯᠡᠬᠦᠯᠵᠦ ᠳᠡᠢᠯᠦᠨ᠎ᠠ

ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢ ᠪᠡᠶᠡᠯᠡᠬᠦᠯᠬᠦ ᠪᠤᠯ ᠢᠷᠠᠭᠤ ᠠᠯᠳᠠᠷ ᠲᠠᠢ ᠮᠦᠷᠲᠡᠭᠡᠨ ᠬᠦᠴᠢᠷ ᠲᠠᠢ ᠦᠢᠯᠡᠰ ᠮᠦᠨ ᠂ ᠬᠦᠮᠦᠨ ᠪᠦᠷᠢ ᠶᠢᠨ ᠴᠢᠷᠮᠠᠢᠯᠭ᠎ᠠ ᠶᠢ ᠱᠠᠭᠠᠷᠳᠠᠨ᠎ᠠ ᠂ ᠪᠤᠳᠠᠳᠠᠢ ᠬᠢᠬᠦ ᠪᠡᠷ ᠳᠤᠮᠳᠠᠳᠤ ᠶᠢᠨ ᠬᠦᠰᠡᠯᠡᠩ ᠢ ᠡᠷᠭᠦᠨ᠎ᠠ ᠃ ᠰᠢ ᠵᠢᠨ ᠫᠢᠩ ᠶᠡᠷᠦᠩᠬᠡᠢ ᠱᠦᠵᠢ ᠴᠢᠩᠭᠠᠳᠬᠠᠭᠰᠠᠨ ᠨᠢ ᠄ 《ᠢᠷᠡᠭᠡᠳᠦᠢ ᠳᠦ ᠬᠠᠨᠳᠤᠭᠤᠯᠤᠨ ᠂ ᠴᠢᠨᠡᠭᠡᠯᠢᠭ ᠨᠡᠢᠭᠡᠮ ᠢ ᠪᠦᠬᠦ ᠳᠠᠯ᠎ᠠ ᠪᠠᠷ ᠪᠦᠲᠦᠭᠡᠨ ᠪᠠᠢᠭᠤᠯᠬᠤ ᠳᠤ ᠪᠤᠳᠠᠳᠠᠢ ᠬᠢᠬᠦ ᠬᠡᠷᠡᠭᠲᠡᠢ ᠂ ᠤᠳᠤᠬᠢᠴᠢᠯᠠᠯᠲᠠ ᠶᠢ ᠪᠡᠶᠡᠯᠡᠬᠦᠯᠬᠦ ᠳᠦ ᠪᠤᠳᠠᠳᠠᠢ ᠬᠢᠬᠦ ᠬᠡᠷᠡᠭᠲᠡᠢ ᠂ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢ ᠪᠡᠶᠡᠯᠡᠬᠦᠯᠬᠦ ᠳᠦ ᠪᠤᠳᠠᠳᠠᠢ ᠬᠢᠬᠦ ᠬᠡᠷᠡᠭᠲᠡᠢ᠃》

ᠬᠣᠭᠤᠰᠤᠨ ᠶᠠᠷᠢᠪᠠᠯ ᠤᠯᠤᠰ ᠮᠦᠬᠦᠨ ᠂ ᠪᠤᠳᠠᠳᠠᠢ ᠬᠢᠪᠡᠯ ᠤᠯᠤᠰ ᠮᠠᠨᠳᠤᠨ᠎ᠠ ᠃ ᠬᠦᠮᠦᠨ ᠪᠦᠷᠢ ᠬᠦᠰᠡᠯ ᠡᠪᠦᠷᠯᠡᠭᠴᠢ ᠮᠦᠷᠲᠡᠭᠡᠨ ᠪᠤᠳᠠᠳᠠᠢ ᠠᠵᠢᠯᠯᠠᠭᠴᠢ ᠮᠦᠨ ᠂ ᠬᠦᠰᠡᠯᠡᠩ ᠡᠪᠦᠷᠯᠡᠬᠦ ᠮᠦᠷᠲᠡᠭᠡᠨ ᠯᠠᠪᠳᠠᠭᠤᠨ ᠳᠤᠭᠳᠠᠭᠤᠨ ᠂ ᠦᠪᠡᠷ ᠦᠨ ᠤᠴᠢᠷ ᠢᠶᠠᠨ ᠯᠠᠪᠳᠠᠭᠤᠨ ᠬᠢᠵᠦ ᠂ ᠦᠬᠡᠷᠡᠴᠢᠯᠡᠯᠲᠡ ᠬᠢᠬᠦ ᠬᠦᠭᠵᠢᠬᠦᠯᠬᠦ ᠲᠤᠭᠳᠠᠭᠤᠨ ᠪᠠᠢᠯᠭᠠᠬᠤ ᠡᠭᠦᠷᠭᠡ ᠶᠢ ᠰᠠᠢᠳᠤᠷ ᠨᠠᠢᠳᠠᠪᠤᠷᠢᠵᠢᠭᠤᠯᠵᠤ ᠂ ᠨᠢᠬᠡ ᠨᠢᠬᠡ ᠠᠯᠬᠤᠮ ᠢᠶᠠᠷ ᠬᠦᠰᠡᠯᠡᠩ ᠦᠬᠡᠲᠡ ᠡᠷᠡᠯᠬᠡᠯᠡᠨ ᠤᠷᠤᠭᠰᠢᠯᠠᠨ᠎ᠠ ᠃ ᠵᠦᠪᠬᠡᠨ ᠴᠠᠭᠠᠰᠤᠨ ᠳᠡᠭᠡᠷ᠎ᠠ ᠴᠡᠷᠢᠭ ᠵᠢᠭᠰᠠᠭᠠᠵᠤ ᠪᠤᠳᠠᠳᠠᠢ ᠬᠢᠬᠦ ᠦᠬᠡᠢ ᠪᠤᠯ ᠶᠠᠮᠠᠷ ᠠᠤᠭ᠎ᠠ ᠶᠡᠬᠡ ᠵᠢᠷᠤᠭ ᠲᠦᠰᠦᠪ ᠭᠡᠰᠡᠨ ᠴᠦᠮ ᠬᠦᠰᠡᠷᠳᠡᠬᠦ ᠶᠤᠮ ᠂ ᠶᠠᠮᠠᠷ ᠰᠠᠢᠬᠠᠨ ᠬᠦᠰᠡᠯᠡᠩ ᠭᠡᠰᠡᠨ ᠪᠦᠷ ᠦᠨᠡᠨ ᠪᠤᠯᠵᠤ ᠳᠡᠢᠯᠬᠦ ᠦᠭᠡᠢ ᠶᠤᠮ ᠃ ᠪᠦᠬᠦ ᠨᠡᠢᠭᠡᠮ ᠳᠦ ᠪᠤᠳᠠᠳᠠᠢ ᠬᠢᠬᠦ ᠶᠢ ᠶᠡᠬᠡ ᠬᠦᠴᠦᠨ ᠢᠶᠡᠷ ᠤᠷᠢᠶᠠᠯᠠᠵᠤ ᠂ ᠴᠢᠷᠮᠠᠢᠨ ᠠᠵᠢᠯᠯᠠᠬᠤ ᠰᠠᠢᠨ ᠰᠤᠷᠳᠠᠯ ᠢ ᠤᠷᠢᠶᠠᠯᠠᠵᠤ ᠂ ᠤᠨᠴᠠᠭᠠᠢᠯᠠᠨ ᠡᠯ᠎ᠠ ᠱᠠᠳᠤᠨ ᠤ ᠤᠳᠤᠷᠢᠳᠤᠯᠭ᠎ᠠ ᠳᠠᠭᠠᠭᠤᠯᠤᠨ ᠪᠤᠳᠠᠳᠠᠢ ᠬᠢᠬᠦ ᠵᠤᠷᠢᠭ ᠰᠠᠨᠠᠭ᠎ᠠ ᠶᠢ ᠤᠷᠢᠶᠠᠯᠠᠨ ᠂ ᠪᠤᠳᠠᠳᠠᠢ ᠪᠤᠳᠤᠯᠭ᠎ᠠ ᠭᠠᠷᠭᠠᠵᠤ ᠂ ᠪᠤᠳᠠᠳᠠᠢ ᠵᠤᠷᠢᠭᠵᠢᠭᠤᠯᠤᠨ ᠂ ᠪᠤᠳᠠᠳᠠᠢ ᠶᠠᠪᠤᠳᠠᠯ ᠬᠢᠵᠦ ᠂ ᠬᠤᠭᠤᠰᠤᠨ ᠨᠡᠷ᠎ᠠ ᠳᠤ ᠳᠤᠷᠠᠯᠠᠬᠤ ᠦᠬᠡᠢ ᠂ ᠬᠤᠭᠤᠰᠤᠨ ᠭᠠᠪᠢᠶ᠎ᠠ ᠳᠤ ᠳᠤᠷᠠᠯᠠᠬᠤ ᠦᠬᠡᠢ ᠂ ᠪᠡᠶ᠎ᠠ ᠪᠠᠷ ᠢᠶᠠᠨ ᠬᠡᠪ ᠳᠠᠭᠤᠷᠢᠶᠠᠯ ᠪᠤᠯᠤᠨ ᠤᠯᠠᠨ ᠲᠦᠮᠡᠨ ᠢ ᠳᠠᠭᠠᠭᠤᠯᠤᠨ ᠡᠯ᠎ᠠ ᠵᠦᠢᠯ ᠦᠨ ᠠᠵᠢᠯ ᠢ ᠪᠤᠳᠠᠳᠠᠢ ᠬᠢᠬᠦ ᠬᠡᠷᠡᠭᠲᠡᠢ ᠃

《ᠡᠷᠳᠡᠨᠢ ᠶᠢᠨ ᠰᠡᠯᠡᠮ᠎ᠠ ᠶᠢᠨ ᠢᠷ ᠤᠯᠠᠨᠳᠠ ᠳᠠᠪᠳᠠᠯᠲᠠ ᠠᠴᠠ ᠪᠤᠢ ᠪᠤᠯᠵᠤ ᠂ ᠲᠡᠷᠢᠭᠦᠯᠡᠭᠴᠢ ᠴᠡᠴᠡᠭ ᠦᠨ ᠰᠠᠢᠬᠠᠨ ᠦᠨᠦᠷ ᠬᠦᠢᠳᠡᠨ ᠡᠪᠦᠯ ᠳᠦ ᠠᠩᠬᠢᠯᠤᠳᠠᠭ》᠃ ᠮᠠᠨ ᠤ ᠤᠯᠤᠰ ᠂ ᠮᠠᠨ ᠤ ᠦᠨᠳᠦᠰᠦᠲᠡᠨ ᠂ ᠶᠠᠳᠠᠭᠤ ᠪᠠᠭᠤᠷᠠᠢ ᠠᠴᠠ ᠨᠢᠭᠡ ᠨᠢᠭᠡ ᠠᠯᠬᠤᠮ ᠢᠶᠠᠷ ᠤᠳᠤ ᠶᠢᠨ ᠬᠦᠭᠵᠢᠨ ᠴᠡᠴᠡᠭᠯᠡᠯᠲᠡ ᠳᠦ ᠬᠦᠷᠦᠭᠰᠡᠨ ᠨᠢ ᠦᠶ᠎ᠠ  ᠦᠶ᠎ᠠ ᠶᠢᠨ ᠬᠠᠳᠠᠭᠤᠵᠢᠯᠲᠠᠢ ᠳᠡᠮᠡᠴᠡᠭᠰᠡᠨ ᠦ ᠰᠠᠢᠨ ᠪᠠᠢᠵᠤ ᠂ ᠳᠤᠮᠳᠠᠳᠤ ᠶᠢᠨ ᠦᠨᠳᠦᠰᠦᠲᠡᠨ ᠦ ᠨᠤᠭᠤᠷᠠᠰᠢ ᠦᠭᠡᠢ ᠵᠤᠷᠢᠭ ᠰᠠᠨᠠᠭ᠎ᠠ ᠲᠠᠢ ᠨᠢᠭᠲᠠ ᠬᠤᠯᠪᠤᠭ᠎ᠠ ᠲᠠᠢ ᠶᠤᠮ ᠃ ᠤᠳᠤᠬᠠᠨ ᠳᠤ ᠂ ᠮᠠᠨ ᠤ ᠤᠯᠤᠰ ᠨᠢ ᠨᠡᠢᠭᠡᠮ ᠵᠢᠷᠦᠮ ᠦᠨ ᠠᠩᠬᠠᠨ ᠤ ᠱᠠᠳᠤᠨ ᠳᠤ ᠤᠷᠤᠰᠢᠵᠤ ᠪᠠᠢᠬᠤ ᠮᠦᠷᠲᠡᠭᠡᠨ ᠤᠷᠳᠤ ᠬᠤᠭᠤᠴᠠᠭ᠎ᠠ ᠪᠠᠷ ᠤᠷᠤᠰᠢᠬᠤ ᠦᠨᠳᠦᠰᠦᠨ ᠪᠠᠢᠳᠠᠯ ᠨᠢ ᠬᠤᠪᠢᠷᠠᠬᠤ ᠦᠬᠡᠢ ᠂ ᠠᠷᠠᠳ ᠲᠦᠮᠡᠨ ᠦ ᠪᠤᠳᠠᠰ ᠤᠨ ᠪᠤᠯᠪᠠᠰᠤᠨ ᠤ ᠱᠠᠭᠠᠷᠳᠠᠯᠭ᠎ᠠ ᠡᠳᠦᠷ ᠳᠤᠳᠤᠮ ᠨᠡᠮᠡᠭᠳᠡᠬᠦ ᠨᠢ ᠬᠤᠴᠤᠷᠠᠩᠭᠤᠢ ᠨᠡᠢᠭᠡᠮ ᠦᠨ ᠦᠢᠯᠡᠳᠪᠦᠷᠢᠯᠡᠯ ᠬᠤᠭᠤᠷᠤᠨᠳᠤᠬᠢ ᠵᠦᠷᠢᠴᠡᠯ ᠪᠤᠯ ᠨᠡᠢᠭᠡᠮ ᠦᠨ ᠭᠤᠤᠯ ᠵᠦᠷᠢᠴᠡᠯ ᠬᠡᠬᠦ ᠪᠠᠢᠳᠠᠯ ᠨᠢ ᠬᠤᠪᠢᠷᠠᠭᠰᠠᠨ ᠦᠭᠡᠢ ᠂ ᠮᠠᠨ ᠤ ᠤᠯᠤᠰ ᠪᠤᠯ ᠳᠡᠯᠡᠬᠡᠢ ᠳᠡᠭᠡᠷᠡᠬᠢ ᠬᠠᠮᠤᠭ ᠶᠡᠬᠡ ᠬᠦᠭᠵᠢᠵᠦ ᠪᠠᠢᠭ᠎ᠠ ᠤᠯᠤᠰ ᠭᠡᠰᠡᠨ ᠳᠡᠯᠡᠬᠡᠢ ᠳᠡᠭᠡᠷᠡᠬᠢ ᠪᠠᠢᠷᠢ ᠰᠠᠭᠤᠷᠢ ᠬᠤᠪᠢᠷᠠᠭᠰᠠᠨ ᠦᠭᠡᠢ ᠂ ᠤᠷᠤᠭᠰᠢᠯᠠᠬᠤ ᠵᠠᠮ ᠳᠤᠮᠳᠠ ᠮᠠᠰᠢ ᠤᠯᠠᠨ ᠵᠢᠱᠢᠵᠦ ᠳᠡᠢᠯᠬᠦ ᠦᠭᠡᠢ ᠠᠰᠠᠭᠤᠳᠠᠯ ᠪᠠ ᠬᠦᠴᠢᠷᠳᠡᠯ ᠳᠤᠯᠭᠠᠷᠠᠬᠤ ᠶᠤᠮ ᠃ ᠡᠷᠬᠡᠪᠰᠢ ᠲᠦᠪᠰᠢᠨ ᠴᠠᠭ ᠲᠤ ᠲᠦᠭᠰᠢᠭᠦᠷᠢ ᠶᠢ ᠰᠠᠨᠠᠭᠠᠰᠢᠷᠠᠵᠤ ᠂ ᠳᠡᠰᠪᠤᠷᠢ ᠬᠠᠳᠠᠭᠤᠵᠢᠯᠲᠠᠢ ᠳᠡᠮᠡᠴᠡᠵᠦ ᠂ ᠬᠡᠵᠢᠶᠡᠳᠡ ᠨᠢᠭᠡ ᠬᠦᠴᠦᠨ ᠂ ᠬᠤᠪᠢᠰᠬᠠᠯᠴᠢ ᠬᠠᠯᠠᠭᠤᠨ ᠰᠡᠳᠬᠢᠯ ᠂ ᠳᠡᠮᠡᠴᠡᠬᠦ ᠵᠤᠷᠢᠭ ᠰᠠᠨᠠᠭ᠎ᠠ ᠶᠢ ᠪᠠᠷᠢᠮᠳᠠᠯᠠᠵᠤ ᠂ ᠬᠦᠴᠢᠷ ᠪᠡᠷᠬᠡ ᠶᠢ ᠢᠯᠠᠨ ᠳᠠᠪᠠᠵᠤ ᠂ ᠵᠤᠷᠢᠭᠲᠠᠢ ᠤᠷᠤᠭᠰᠢᠯᠠᠬᠤ ᠬᠡᠷᠡᠭᠲᠡᠢ ᠃

ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠳᠦ ᠡᠴᠦᠰ ᠲᠡᠭᠡᠨ ᠪᠦᠬᠦ ᠠᠷᠠᠳ ᠲᠦᠮᠡᠨ ᠦ ᠰᠢᠷᠭᠠᠭᠤ ᠬᠦᠳᠡᠯᠮᠦᠷᠢ ᠶᠢ ᠲᠦᠰᠢᠨ᠎ᠠ᠃ 《ᠦᠢᠯᠡᠰ ᠪᠦᠲᠦᠭᠡᠬᠦ ᠳᠦ ᠢᠳᠡᠬᠡᠯ ᠵᠤᠷᠢᠭ ᠢ ᠡᠷᠬᠢᠮᠯᠡᠵᠦ᠂ ᠳᠡᠯᠭᠡᠷ ᠠᠮᠵᠢᠯᠲᠠ ᠤᠯᠬᠤ ᠳᠤ ᠬᠦᠳᠡᠯᠮᠦᠷᠢ ᠶᠢ ᠳᠦᠰᠢᠳᠡᠭ》᠃ ᠬᠦᠳᠡᠯᠮᠦᠷᠢ ᠪᠤᠯ ᠡᠳ᠋ ᠪᠠᠶᠠᠯᠢᠭ ᠤᠨ ᠡᠬᠢ ᠮᠦᠨ ᠂ ᠮᠦᠨᠴᠦ ᠵᠤ ᠵᠢᠷᠭᠠᠯ ᠤᠨ ᠡᠬᠢ ᠮᠦᠨ ᠃ ᠬᠦᠮᠦᠨ ᠦ ᠶᠢᠷᠲᠢᠨᠴᠦ ᠶᠢᠨ ᠰᠠᠢᠨ ᠰᠠᠢᠬᠠᠨ ᠬᠦᠰᠡᠯᠡᠩ ᠨᠢ ᠭᠠᠭᠴᠠ ᠬᠦ ᠦᠨᠡᠨᠴᠢ ᠰᠢᠳᠤᠷᠭᠤ ᠬᠦᠳᠡᠯᠮᠦᠷᠢ ᠪᠡᠷ ᠳᠠᠮᠵᠢᠵᠤ ᠪᠡᠶᠡᠯᠡᠬᠦᠯᠳᠡᠭ ᠃ ᠬᠦᠭᠵᠢᠯᠲᠡ ᠶᠢᠨ ᠳᠤᠮᠳᠠᠬᠢ ᠡᠯ᠎ᠠ ᠲᠦᠷᠦᠯ ᠦᠨ ᠬᠦᠴᠢᠷᠳᠡᠯ ᠢ ᠵᠦᠪᠬᠡᠨ ᠦᠨᠡᠨᠴᠢ ᠰᠢᠳᠤᠷᠭᠤ ᠬᠦᠳᠡᠯᠮᠦᠷᠢ ᠪᠡᠷ ᠰᠠᠶᠢ ᠰᠢᠢᠳᠪᠦᠷᠢᠯᠡᠵᠦ ᠳᠡᠢᠯᠦᠳᠡᠭ ᠃ ᠠᠮᠢ ᠨᠠᠰᠤᠨ ᠤ ᠳᠤᠮᠳᠠᠬᠢ ᠠᠯᠢᠪᠠ ᠬᠡᠷᠡᠯ ᠰᠠᠴᠠᠷᠠᠩᠭᠤᠢ ᠶᠢ ᠵᠦᠪᠬᠡᠨ ᠦᠨᠡᠨᠴᠢ ᠰᠢᠳᠤᠷᠭᠤ ᠬᠦᠳᠡᠯᠮᠦᠷᠢ ᠪᠡᠷ ᠤᠯᠵᠤ ᠳᠡᠢᠯᠦᠳᠡᠭ ᠃ ᠬᠦᠳᠡᠯᠮᠦᠷᠢ ᠨᠢ ᠳᠤᠮᠳᠠᠳᠤ ᠶᠢᠨ ᠦᠨᠳᠡᠰᠦᠲᠡᠨ ᠢ ᠡᠭᠦᠳᠴᠦ ᠂ ᠳᠤᠮᠳᠠᠳᠤ ᠶᠢᠨ ᠦᠨᠳᠦᠰᠦᠲᠡᠨ ᠦ ᠭᠡᠷᠡᠯ ᠰᠠᠴᠠᠷᠠᠩᠭᠤᠢ ᠲᠡᠥᠬᠡ ᠶᠢ ᠪᠤᠢ ᠪᠤᠯᠭᠠᠵᠤ ᠂ ᠮᠦᠨᠴᠦ ᠳᠤᠮᠳᠠᠳᠤ ᠶᠢᠨ ᠦᠨᠳᠦᠰᠦᠲᠡᠨ ᠦ ᠬᠡᠷᠡᠯ ᠬᠢᠯᠪᠠᠭᠠᠲᠤ ᠢᠷᠡᠭᠡᠳᠦᠢ ᠶᠢ ᠪᠤᠢ ᠪᠤᠯᠭᠠᠵᠤ ᠲᠡᠢᠯᠬᠦ ᠶᠤᠮ ᠃ ᠬᠦᠳᠡᠯᠮᠦᠷᠢ ᠬᠠᠮᠤᠭ ᠢᠷᠠᠭᠤ ᠠᠯᠳᠠᠷ ᠲᠠᠢ ᠂ ᠬᠦᠳᠡᠯᠮᠦᠷᠢ ᠬᠠᠮᠤᠭ ᠡᠷᠬᠢᠮ ᠳᠡᠭᠡᠳᠦ ᠂ ᠬᠦᠳᠡᠯᠮᠦᠷᠢ ᠬᠠᠮᠤᠭ ᠠᠭᠤᠤ ᠶᠡᠬᠡ ᠂ ᠬᠦᠳᠡᠯᠮᠦᠷᠢ ᠬᠠᠮᠤᠭ ᠦᠵᠡᠰᠭᠦᠯᠡᠩ ᠭᠡᠰᠡᠨ ᠦᠵᠡᠯᠲᠡ ᠶᠢ ᠪᠤᠢ ᠪᠤᠯᠭᠠᠵᠤ ᠂ ᠪᠦᠬᠦ ᠠᠷᠠᠳ ᠲᠦᠮᠡᠨ  ᠢ ᠤᠯᠠᠮ ᠨᠢᠬᠡ ᠠᠯᠬᠤᠮ ᠬᠦᠳᠡᠯᠮᠦᠷᠢᠯᠡᠬᠦ ᠬᠠᠯᠠᠭᠤᠨ ᠰᠡᠳᠬᠢᠯᠭᠡ ᠶᠢ ᠤᠷᠠᠮᠰᠢᠭᠤᠯᠵᠤ ᠂ ᠡᠭᠦᠳᠦᠨ ᠪᠦᠲᠦᠭᠡᠬᠦ ᠳᠠᠯᠳᠠ ᠴᠢᠳᠠᠪᠤᠷᠢ ᠶᠢ ᠪᠠᠳᠠᠷᠠᠭᠤᠯᠵᠤ᠂ ᠰᠢᠷᠭᠠᠭᠤ ᠬᠦᠳᠡᠯᠮᠦᠷᠢ ᠂ ᠦᠨᠡᠨᠴᠢ ᠰᠢᠳᠤᠷᠭᠤ ᠬᠦᠳᠡᠯᠮᠦᠷᠢ ᠂ ᠡᠭᠦᠳᠦᠨ ᠪᠦᠲᠦᠭᠡᠯᠲᠡ ᠶᠢᠨ ᠬᠦᠳᠡᠯᠮᠦᠷᠢ ᠳᠦ ᠳᠦᠰᠢᠵᠦ ᠨᠡᠩ ᠰᠠᠢᠨ ᠠᠮᠢᠳᠤᠷᠠᠯ ᠢ ᠪᠤᠢ ᠪᠤᠯᠭᠠᠨ᠎ᠠ ᠃

ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠬᠦᠨᠳᠦ ᠮᠦᠷᠲᠡᠭᠡᠨ ᠵᠠᠮ ᠬᠤᠯᠠ ᠂ ᠰᠢᠨᠳᠠᠷᠠᠰᠢ ᠦᠭᠡᠢ ᠴᠢᠷᠮᠠᠢᠯᠲᠠ  ᠳᠤ ᠳᠦᠰᠢᠭᠯᠡᠨ᠎ᠠ ᠃ ᠵᠠᠮ ᠬᠡᠵᠢᠶᠡᠳᠡ ᠳᠡᠭᠰᠢ ᠪᠠᠢᠳᠠᠭ ᠦᠭᠡᠢ ᠂ ᠵᠢᠷᠤᠭ ᠲᠦᠰᠦᠪ ᠨᠢᠬᠡᠯᠡ ᠵᠢᠷᠤᠭᠰᠠᠭᠠᠷ ᠪᠦᠳᠦᠳᠡᠭ ᠪᠢᠰᠢ ᠂ ᠬᠦᠰᠡᠯᠡᠩ ᠤᠬᠤᠷ ᠬᠤᠭᠤᠴᠠᠭᠠᠨ ᠳᠤ ᠪᠡᠶᠡᠯᠡᠭᠳᠡᠬᠦ ᠦᠭᠡᠢ ᠶᠤᠮ ᠃ ᠪᠢᠳᠡ ᠨᠢᠭᠡᠨᠲᠡ ᠭᠡᠷᠡᠯ ᠰᠠᠴᠤᠷᠠᠩᠭᠤᠢ ᠠᠮᠵᠢᠯᠲᠠ ᠤᠯᠤᠭᠰᠠᠨ ᠪᠠᠢᠨ᠎ᠠ ᠂ ᠬᠦᠰᠡᠯᠡᠩ ᠲᠠᠢ ᠬᠠᠮᠤᠭ ᠤᠢᠷᠠᠯᠴᠠᠭ᠎ᠠ ᠪᠠᠢᠨ᠎ᠠ ᠃ ᠡᠭᠦᠨ ᠦ ᠬᠠᠮᠳᠤ᠂ ᠮᠢᠩᠭᠠᠨ ᠭᠠᠵᠠᠷ ᠠᠯᠬᠤᠭᠰᠠᠳ ᠤᠨ ᠬᠠᠭᠠᠰ ᠨᠢ ᠪᠦᠷ ᠲᠤᠷᠭᠤᠨ ᠬᠠᠶᠠᠳᠠᠭ ᠭᠡᠳᠡᠭ ᠢᠶᠡᠷ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢᠨ ᠬᠠᠷᠠᠯᠲᠠ ᠲᠠᠢ ᠭᠡᠳᠦᠢ ᠤᠢᠷᠠᠯᠴᠠᠭ᠎ᠠ ᠪᠤᠯᠬᠤ ᠳᠤᠳᠤᠮ ᠪᠢᠳᠡ ᠤᠯᠠᠮ ᠰᠢᠨᠲᠠᠷᠠᠵᠤ ᠪᠤᠯᠬᠤ ᠤᠯᠠᠮ ᠴᠢᠷᠮᠠᠢᠬᠤ ᠬᠡᠷᠡᠭᠲᠡᠢ ᠶᠢ ᠤᠯᠵᠤ ᠬᠠᠷᠠᠬᠤ ᠬᠡᠷᠡᠭᠲᠡᠢ ᠃ ᠦᠶ᠎ᠠ ᠦᠶ᠎ᠠ ᠶᠢᠨ ᠳᠤᠮᠳᠠᠳᠤ ᠤᠯᠤᠰ ᠤᠨ ᠬᠦᠮᠦᠨ ᠰᠡᠳᠬᠢᠯ ᠬᠦᠴᠦᠨ ᠢᠶᠡᠨ ᠨᠢᠭᠳᠠᠷᠠᠭᠤᠯᠤᠨ ᠂ ᠳᠠᠰᠤᠷᠠᠯᠲᠠ ᠦᠭᠡᠢ ᠬᠦᠭᠡᠴᠡᠯᠳᠦᠵᠤ ᠂ ᠴᠢᠷᠮᠠᠢᠨ ᠳᠡᠮᠡᠴᠡᠪᠡᠯ ᠂ ᠪᠢᠳᠡ ᠯᠠᠪᠳᠠᠢ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠬᠦᠰᠡᠯᠡᠩ ᠳᠦ ᠬᠦᠷᠴᠦ ᠲᠡᠢᠯᠬᠦ ᠶᠤᠮ ᠃

5.ᠳᠤᠮᠳᠠᠳᠤ ᠶᠢᠨ ᠬᠦᠰᠡᠯᠡᠩ ᠨᠢ ᠳᠡᠯᠡᠬᠡᠢ ᠶᠢᠨ ᠡᠯ᠎ᠠ ᠠᠷᠠᠳ ᠲᠦᠮᠡᠨ ᠦ ᠰᠠᠢᠨ ᠰᠠᠢᠬᠠᠨ ᠬᠦᠰᠡᠯᠡᠩ ᠲᠠᠢ ᠨᠡᠢᠯᠡᠵᠦ ᠪᠠᠢᠳᠠᠭ 

ᠳᠤᠮᠳᠠᠳᠤ ᠶᠢᠨ ᠬᠦᠰᠡᠯᠡᠩ ᠭᠠᠭᠴᠠ ᠬᠦ ᠤᠯᠤᠰ ᠤᠨ ᠳᠤᠳᠤᠭᠠᠳᠤ ᠳᠤ ᠬᠦᠷᠢᠶᠡᠯᠡᠯ ᠤᠯᠤᠭᠰᠠᠨ ᠪᠢᠰᠢ ᠳᠡᠯᠡᠬᠡᠢ ᠳᠡᠭᠡᠷ᠎ᠠ ᠪᠠᠰᠠ ᠴᠢᠩᠭ᠎ᠠ ᠳᠤᠰᠬᠠᠯ ᠭᠠᠷᠤᠭᠰᠠᠨ ᠪᠠᠢᠨ᠎ᠠ ᠃《ᠳᠤᠮᠳᠠᠳᠤ ᠶᠢᠨ ᠬᠦᠰᠡᠯᠡᠩ ᠨᠢ ᠳᠡᠯᠡᠬᠡᠢ ᠳ᠋ᠠᠬᠢᠨ ᠳᠤ ᠳᠠᠳᠠᠬᠤ ᠬᠦᠴᠦᠨ ᠲᠠᠢ 》᠂ 《ᠳᠤᠮᠳᠠᠳᠤ ᠶᠢᠨ ᠬᠦᠰᠡᠯᠡᠩ ᠨᠢ ᠵᠦᠪᠬᠡᠨ ᠳᠤᠮᠳᠠᠳᠤ ᠤᠯᠤᠰ ᠤᠨ ᠬᠤᠪᠢ ᠵᠠᠶᠠᠭ᠎ᠠ ᠲᠠᠢ ᠬᠤᠯᠪᠤᠭᠳᠠᠬᠤ ᠪᠢᠰᠢ ᠳᠡᠯᠡᠬᠡᠢ ᠶᠢᠨ ᠬᠤᠪᠢ ᠵᠠᠶᠠᠭ᠎ᠠ ᠲᠠᠢ ᠴᠤ ᠬᠤᠯᠪᠤᠭ᠎ᠠ ᠲᠠᠢ ᠶᠤᠮ》᠂ ᠡᠳᠡᠭᠡᠷ ᠨᠢ ᠳᠡᠯᠡᠬᠡᠢ ᠨᠡᠢᠲᠡ ᠡᠴᠡ ᠳᠤᠮᠳᠠᠳᠤ ᠶᠢᠨ ᠬᠦᠰᠡᠯᠡᠩ ᠦᠨ ᠳᠠᠨᠢᠯᠲᠠ ᠶᠢᠨ ᠭᠤᠤᠯ ᠤᠷᠤᠰᠬᠠᠯ ᠪᠤᠯᠵᠤ ᠪᠠᠢᠨ᠎ᠠ ᠃ ᠡᠭᠦᠨ ᠦ ᠬᠠᠮᠳᠤ ᠂ ᠳᠡᠯᠡᠬᠡᠢ ᠨᠡᠢᠲᠡ ᠳᠡᠭᠡᠷ᠎ᠠ ᠪᠠᠰᠠ ᠪᠤᠷᠤᠭᠤ ᠤᠢᠯᠭᠠᠯᠲᠠ ᠰᠡᠵᠢᠭᠯᠡᠯ ᠢᠯᠡᠷᠡᠵᠦ ᠪᠠᠢᠨ᠎ᠠ᠃ ᠳᠤᠮᠳᠠᠳᠤ ᠤᠯᠤᠰ ᠤᠨ ᠤᠯᠠᠮ ᠬᠦᠴᠦᠷᠭᠡᠭ ᠪᠤᠯᠬᠤ ᠪᠠᠢᠳᠠᠯ ᠳᠤ ᠂ ᠵᠠᠷᠢᠮ ᠬᠦᠮᠦᠰ ᠡᠬᠢᠯᠡᠨ ᠰᠠᠨᠠᠭ᠎ᠠ ᠵᠤᠪᠠᠵᠤ ᠂ ᠪᠠᠰᠠ ᠵᠠᠷᠢᠮ ᠨᠢ ᠪᠤᠷᠤᠭᠤ ᠬᠠᠷᠠᠴᠠ ᠳᠤᠮᠳᠠᠳᠤ ᠤᠯᠤᠰ ᠢ ᠬᠠᠷᠠᠵᠤ ᠂ ᠳᠤᠮᠳᠠᠳᠤ ᠤᠯᠤᠰ ᠬᠦᠭᠵᠢᠬᠦ ᠨᠢ ᠯᠠᠪᠲᠠᠢ ᠨᠢᠬᠡ ᠵᠦᠢᠯ ᠦᠨ《ᠰᠦᠷᠳᠡᠭᠦᠯᠦᠯ》᠂ ᠳᠤᠮᠳᠠᠳᠤ ᠶᠢᠨ ᠬᠦᠰᠡᠯᠡᠩ ᠢ《ᠥᠷᠭᠡᠳᠭᠡᠯ ᠦᠨ ᠵᠡᠭᠦᠳᠦ》᠂《ᠡᠵᠡᠷᠭᠡᠭ ᠵᠡᠭᠦᠳᠦ》ᠭᠡᠵᠦ ᠪᠤᠷᠤᠭᠤ ᠤᠢᠯᠭᠠᠵᠤ ᠂ ᠯᠠᠪᠳᠠᠢ《ᠰᠢᠦᠰᠢᠳᠢᠳᠸᠰ ‍ᠣᠨ ᠤᠨᠠᠭᠤᠯᠢ》ᠪᠤᠯᠬᠤ ᠳᠤᠮᠤ ᠤᠯᠤᠰ ᠤᠨ ᠵᠢᠭᠤᠷᠤᠯᠳᠤᠭᠠᠨ ᠮᠦᠷᠭᠦᠯᠳᠦᠭᠡᠨ ᠳᠦ ᠳᠠᠳᠠᠭᠳᠠᠨ ᠤᠷᠤᠨ᠎ᠠ᠂ ᠨᠡᠩ ᠴᠢᠨᠠᠭᠰᠢᠯᠠᠨ ᠳᠤᠮᠳᠠᠳᠤ ᠤᠯᠤᠰ ᠢ ᠭᠧᠲ᠋ᠸ  ᠦᠨ 《ᠹᠠᠦ᠋ᠰᠲ ‍》ᠲᠡᠬᠢ ᠠᠶᠤᠮᠰᠢᠭᠲᠤ《ᠮᠸᠹᠢᠰᠲ᠋ᠣ᠋》᠎ ᠢᠶᠡᠷ ᠲᠦᠷᠰᠦᠯᠡᠡᠭᠰᠡᠨ ᠪᠠᠢᠳᠠᠭ ᠃

ᠳᠤᠮᠳᠠᠳᠤ ᠶᠢᠨ ᠬᠦᠰᠡᠯᠡᠩ ᠪᠤᠯᠤᠨ ᠳᠡᠯᠡᠬᠡᠢ ᠶᠢᠨ ᠪᠤᠰᠤᠳ ᠤᠯᠤᠰ ᠤᠨ ᠠᠷᠠᠳ ᠲᠦᠮᠡᠨ ᠦ ᠬᠦᠰᠡᠯᠡᠩ ᠦᠨ ᠬᠠᠷᠢᠴᠠᠭ᠎ᠠ ᠶᠢ ᠬᠡᠷᠬᠢᠨ ᠦᠵᠡᠬᠦ ᠪᠤᠢ ᠂ ᠳᠤᠮᠳᠠᠳᠤ ᠶᠢᠨ ᠬᠦᠰᠡᠯᠡᠩ ᠳᠡᠯᠡᠬᠡᠢ ᠳ᠋ᠠᠬᠢᠨ ᠳᠤ ᠶᠠᠭᠤ ᠠᠪᠴᠢᠷᠠᠵᠤ ᠦᠭᠳᠡᠭ ᠪᠤᠢ? ᠡᠭᠦᠨ ᠳᠦ ᠬᠠᠨᠳᠤᠭᠤᠯᠤᠨ ᠂ ᠰᠢ ᠵᠢᠨ ᠫᠢᠩ ᠶᠡᠷᠦᠩᠬᠡᠢ ᠱᠦᠵᠢ ᠤᠯᠠᠨᠲᠠ ᠳᠤᠩᠬᠠᠯᠠᠭᠰᠠᠨ ᠨᠢ᠄ ᠳᠤᠮᠳᠠᠳᠤ ᠶᠢᠨ ᠬᠦᠰᠡᠯᠡᠩ ᠪᠤᠯ ᠡᠩᠬᠡ ᠳᠠᠢᠪᠤᠩ ᠂ ᠬᠦᠭᠵᠢᠯᠲᠡ ᠂ ᠬᠠᠮᠳᠤᠷᠤᠯᠴᠠᠭ᠎ᠠ᠂ ᠬᠠᠮᠳᠤᠪᠡᠷ ᠢᠯᠠᠬᠤ ᠬᠦᠰᠡᠯᠡᠩ ᠂ ᠪᠦᠬᠦ ᠳᠡᠯᠡᠬᠡᠢ ᠶᠢᠨ ᠠᠷᠠᠳ ᠲᠦᠮᠡᠨ ᠦ ᠰᠠᠢᠨ ᠰᠠᠢᠬᠠᠨ ᠬᠦᠰᠡᠯᠡᠩ ᠳᠠᠢ ᠨᠢᠭᠲᠠ ᠬᠤᠯᠪᠤᠭ᠎ᠠ ᠲᠠᠢ ᠂ ᠳᠤᠮᠳᠠᠳᠤ ᠤᠯᠤᠰ ᠤᠨ ᠠᠷᠠᠳ ᠲᠦᠮᠡᠨ ᠡᠯ᠎ᠠ ᠤᠯᠤᠰ ᠤᠨ ᠠᠷᠠᠳ ᠲᠦᠮᠡᠨ ᠲᠠᠢ ᠬᠠᠮᠳᠤ ᠦᠪᠡᠷ ᠦᠨ ᠬᠦᠰᠡᠯᠡᠩ ᠢᠶᠡᠨ ᠪᠡᠶᠡᠯᠡᠬᠦᠯᠬᠦ ᠶᠠᠪᠤᠴᠠ ᠳᠤ ᠬᠠᠷᠢᠯᠴᠠᠨ ᠵᠤᠷᠢᠭᠵᠢᠭᠤᠯᠵᠤ ᠬᠠᠷᠢᠯᠴᠠᠨ ᠬᠠᠪᠰᠴᠷᠤᠯᠴᠠᠬᠤ ᠶᠢ ᠵᠦᠪᠰᠢᠶᠡᠷᠡᠨ᠎ᠠ ᠃

ᠳᠤᠮᠳᠠᠳᠤ ᠶᠢᠨ ᠬᠦᠰᠡᠯᠡᠩ ᠪᠤᠯ ᠡᠩᠬᠡ ᠳᠠᠢᠪᠤᠩ ᠬᠦᠰᠡᠯᠡᠩ ᠮᠦᠨ ᠃ ᠳᠤᠮᠳᠠᠳᠤ ᠶᠢᠨ ᠬᠦᠰᠡᠯᠡᠩ ᠳᠦ ᠡᠩᠬᠡ ᠳᠠᠢᠪᠤᠩ ᠴᠢᠬᠤᠯᠠ ᠲᠠᠢ᠂ ᠡᠩᠬᠡ ᠳᠠᠢᠪᠤᠩ ᠪᠤᠯ ᠰᠠᠶᠢ ᠳᠤᠮᠳᠠᠳᠤ ᠶᠢᠨ ᠬᠦᠰᠡᠯᠡᠩ ᠢ ᠪᠡᠶᠡᠯᠡᠬᠦᠯᠵᠦ ᠳᠡᠢᠯᠦᠨ᠎ᠠ ᠃ ᠳᠤᠮᠳᠠᠳᠤ ᠶᠢᠨ ᠦᠨᠳᠦᠰᠦᠲᠡᠨ ᠤᠤᠯ ᠠᠴᠠ  ᠢᠶᠠᠨ ᠡᠩᠬᠡ ᠳᠠᠢᠪᠤᠩ ᠳᠤ ᠳᠤᠷᠠᠳᠠᠢ ᠦᠨᠳᠦᠰᠦᠲᠡᠨ ᠮᠦᠨ ᠂ ᠳᠡᠯᠡᠬᠡᠢ ᠳ᠋ᠠᠬᠢᠨ ᠠᠮᠤᠷ ᠳᠠᠢᠪᠤᠩ ᠂ ᠶᠡᠬᠡ ᠨᠢᠬᠡᠳᠦᠯ ᠢ ᠬᠠᠮᠳᠤᠪᠡᠷ ᠡᠳᠡᠯᠡᠬᠦ ᠪᠤᠯ ᠳᠤᠮᠳᠠᠳᠤ ᠶᠢᠨ ᠦᠨᠳᠦᠰᠦᠲᠡᠨ ᠦ ᠬᠡᠳᠦᠨ ᠮᠢᠩᠭᠠᠨ ᠵᠢᠯ ᠦᠨ ᠳᠤᠷᠰᠢᠬᠢ ᠬᠦᠰᠡᠯᠡᠩ ᠶᠤᠮ ᠃ ᠳᠤᠮᠳᠠᠳᠤ ᠤᠯᠤᠰ  ᠲᠡᠤᠬᠡᠨ ᠳᠡᠭᠡᠷ᠎ᠠ ᠤᠷᠳᠤ ᠬᠤᠭᠤᠴᠠᠭ᠎ᠠ ᠪᠠᠷ ᠬᠠᠮᠤᠭ ᠤᠨ ᠬᠦᠴᠦᠷᠭᠡᠭ ᠤᠯᠤᠰ ᠤᠨ ᠨᠢᠬᠡ ᠪᠠᠢᠵᠤ ᠂ ᠬᠡᠪᠡᠴᠦ ᠪᠤᠰᠤᠳ ᠤᠯᠤᠰ ᠢ ᠺᠣᠯᠣᠨᠢᠴᠢᠯᠠᠭᠰᠠᠨ ᠪᠠ ᠲᠦᠷᠢᠮᠡᠬᠡᠢᠯᠡᠭᠰᠡᠨ ᠳᠡᠮᠳᠡᠭᠯᠡᠯ ᠨᠢᠭᠡᠴᠦ ᠦᠭᠡᠢ ᠪᠠᠢᠳᠠᠭ ᠃ ᠤᠢᠷ᠎ᠠ ᠦᠶ᠎ᠠ ᠶᠢᠨ 100᠎ ᠭᠠᠷᠤᠢ ᠵᠢᠯ ᠳᠦ ᠂ ᠳᠤᠮᠳᠠᠳᠤ ᠤᠯᠤᠰ ᠤᠨ ᠤᠯᠤᠰ ᠤᠨ ᠳᠤᠳᠤᠭᠠᠳᠤ ᠶᠢᠨ ᠳᠠᠢᠨ ᠪᠠ ᠭᠠᠳᠠᠭᠠᠳᠤ ᠶᠢᠨ ᠳᠠᠢᠰᠤᠨ ᠤ ᠲᠦᠷᠢᠮᠡᠬᠡᠢᠯᠡᠯ ᠤᠯᠨ ᠡᠭᠦᠰᠴᠦ ᠂ ᠳᠤᠮᠳᠠᠳᠤ ᠤᠯᠤᠰ ᠤᠨ ᠠᠷᠠᠳ ᠲᠦᠮᠡᠨ ᠳᠠᠢᠨ ᠳᠠᠵᠢᠨ ᠠᠴᠠ ᠪᠤᠯᠤᠭᠰᠠᠨ ᠭᠠᠰᠠᠯᠠᠩ ᠵᠤᠪᠠᠯᠠᠩ  ᠶᠢ ᠡᠭᠦᠷᠢᠳᠡ ᠴᠡᠬᠡᠵᠢᠯᠡᠵᠦ ᠂ ᠡᠩᠬᠡ ᠳᠠᠢᠪᠤᠩ ᠤᠨ ᠲᠦᠯᠦᠭᠡ ᠬᠠᠯᠠᠰᠢᠷᠠᠯ ᠦᠭᠡᠢ ᠴᠢᠷᠮᠠᠢᠵᠤ ᠂ ᠡᠩᠬᠡ ᠳᠠᠢᠪᠤᠩ ᠳᠤᠭᠳᠠᠭᠤᠨ ᠠᠮᠢᠳᠤᠷᠠᠯ ᠢ ᠳᠤᠩ ᠨᠠᠨᠳᠢᠩᠨᠠᠳᠠᠭ ᠃ ᠳᠤᠮᠳᠠᠳᠤ ᠠᠷᠠᠳ ᠲᠦᠮᠡᠨ ᠦᠢᠮᠡᠭᠡᠨ ᠲᠦᠢᠪᠡᠭᠡᠨ ᠡᠴᠡ ᠵᠢᠷᠦᠭᠡᠰᠢᠶᠡᠵᠦ ᠂ ᠳᠤᠭᠳᠠᠭᠤᠨ ᠪᠠᠢᠳᠠᠯ ᠢ ᠡᠷᠬᠢᠮᠯᠡᠨ ᠂ ᠳᠡᠯᠡᠬᠡᠢ ᠳ᠋ᠠᠬᠢᠨ ᠡᠩᠬᠡ ᠲᠠᠢᠪᠤᠩ ᠢ ᠬᠦᠰᠡᠳᠡᠭ ᠃ ᠪᠢᠳᠡ ᠡᠩᠬᠡ ᠳᠠᠢᠪᠤᠩ ᠬᠦᠭᠵᠢᠯᠲᠡ ᠶᠢᠨ ᠵᠠᠮ ᠢ ᠰᠢᠯᠵᠢᠰᠢ ᠦᠭᠡᠢ ᠶᠠᠪᠤᠵᠤ ᠂ ᠡᠩᠬᠡ ᠳᠠᠢᠪᠤᠩ ᠤᠯᠠᠨ ᠤᠯᠤᠰ ᠤᠨ ᠤᠷᠴᠢᠨ ᠲᠤᠭᠤᠷᠢᠨ ᠤ ᠳᠤᠮᠳᠠ ᠦᠪᠡᠷ  ᠢ  ᠪᠡᠨ ᠭᠦᠭᠵᠢᠬᠦᠯᠬᠦ ᠮᠦᠷᠲᠡᠭᠡᠨ ᠦᠪᠡᠷ ᠦᠨ ᠬᠦᠭᠵᠢᠯᠲᠡ ᠪᠡᠷ ᠢᠶᠡᠨ ᠳᠡᠯᠡᠬᠡᠢ ᠳ᠋ᠠᠬᠢᠨ ᠤ ᠡᠩᠬᠡ ᠳᠠᠢᠪᠤᠩ ᠢ ᠠᠬᠢᠭᠤᠯᠤᠨ᠎ᠠ ᠃ ᠰᠢ ᠵᠢᠨ ᠫᠢᠩ ᠶᠡᠷᠦᠩᠬᠡᠢ ᠱᠦᠵᠢ ᠶᠢᠨ ᠵᠢᠭᠠᠵᠤ ᠭᠠᠷᠭᠠᠭᠰᠠᠨ ᠨᠢ ᠄ 《ᠳᠤᠮᠳᠠᠳᠤ ᠤᠯᠤᠰ ᠡᠨᠡᠬᠦ ᠠᠷᠰᠠᠯᠠᠨ ᠨᠢ ᠨᠢᠭᠡᠨᠲᠡ ᠰᠡᠷᠭᠦᠪᠡ ᠂ ᠭᠡᠪᠡᠴᠦ ᠡᠨᠡ ᠨᠢ ᠪᠤᠯ ᠨᠢᠭᠡᠨ ᠡᠩᠬᠡ ᠳᠠᠢᠪᠤᠩ ᠂ ᠬᠦᠭᠡᠷᠦᠬᠦᠨ ᠂ ᠪᠤᠯᠪᠠᠰᠤᠨ ᠠᠷᠰᠠᠯᠠᠨ ᠮᠦᠨ ᠃》ᠬᠠᠷᠢᠭᠤᠴᠠᠯᠭᠠᠲᠤ ᠲᠤᠮᠤ ᠤᠯᠤᠰ ᠪᠤᠭᠰᠠᠨ ᠬᠤᠪᠢ ᠳᠤ ᠂ ᠳᠤᠮᠳᠠᠳᠤ ᠤᠯᠤᠰ ᠶᠠᠭᠠᠬᠢᠭᠰᠠᠨ ᠴᠤ ᠡᠵᠡᠷᠬᠡᠭᠴᠢ ᠪᠤᠯᠬᠤ ᠦᠬᠡᠢ ᠂ ᠶᠠᠭᠠᠬᠢᠭᠰᠠᠨ ᠴᠤ ᠦᠷᠭᠡᠳᠬᠡᠯ ᠶᠠᠪᠤᠭᠤᠯᠬᠤ ᠦᠭᠡᠢ ᠂ ᠳᠤᠮᠳᠠᠳᠤ ᠤᠯᠤᠰ ᠤᠯᠠᠮ ᠬᠦᠭᠵᠢᠪᠡᠯ ᠳᠡᠯᠡᠬᠡᠢ ᠶᠢᠨ ᠡᠩᠬᠡ ᠳᠠᠢᠪᠤᠩ ᠪᠠ ᠬᠦᠭᠵᠢᠯᠲᠡ ᠳᠦ ᠳᠡᠳᠦᠢ ᠳᠤᠰᠠᠲᠠᠢ᠃

ᠳᠤᠮᠳᠠᠳᠤ ᠶᠢᠨ ᠬᠦᠰᠡᠯᠡᠩ ᠵᠦᠪᠬᠡᠨ ᠳᠤᠮᠳᠠᠳᠤ ᠤᠯᠤᠰ ᠤᠨ ᠠᠷᠠᠳ ᠲᠦᠮᠡᠨ ᠳᠦ ᠵᠤᠯ ᠵᠢᠷᠭᠠᠯ ᠠᠪᠴᠢᠷᠠᠬᠤ ᠪᠢᠰᠢ ᠂ ᠡᠯ᠎ᠡ ᠤᠯᠤᠰ ᠤᠨ ᠠᠷᠠᠳ ᠲᠦᠮᠡᠨ ᠦ ᠲᠦᠯᠦᠭᠡ ᠶᠤᠮ ᠃ 《ᠶᠠᠳᠠᠭᠤ ᠦᠶᠡᠰ ᠦᠪᠡᠷ ᠦᠨ ᠪᠡᠶ᠎ᠠ ᠳᠤ ᠪᠠᠨ ᠯᠡ ᠰᠠᠢᠨ ᠪᠠᠢᠵᠤ ᠂ ᠪᠠᠶᠠᠨ ᠪᠤᠯ ᠳᠡᠯᠡᠬᠡᠢ ᠳ᠋ᠠᠬᠢᠨ ᠰᠠᠢᠨ》᠃ ᠡᠨᠡ ᠪᠤᠯ ᠳᠤᠮᠳᠠᠳᠤ ᠶᠢᠨ ᠦᠨᠳᠦᠰᠦᠲᠡᠨ ᠡᠭᠦᠷᠢᠳᠡ ᠡᠷᠬᠢᠮᠯᠡᠳᠡᠭ ᠬᠡᠪ ᠰᠤᠷᠳᠠᠯ ᠪᠠ ᠠᠭᠤᠵᠢᠮ ᠴᠡᠭᠡᠵᠢ ᠮᠦᠨ ᠃ 13᠎ ᠳ᠋ᠦᠩᠰᠢᠭᠤᠷ ᠬᠦᠮᠦᠨ ᠠᠮᠤ ᠳᠠᠢ ᠬᠦᠭᠵᠢᠵᠦ ᠪᠠᠢᠭ᠎ᠠ ᠤᠯᠤᠰ ᠪᠤᠯᠤᠭᠰᠠᠨ ᠬᠤᠪᠢ ᠳᠤ ᠂ ᠳᠤᠮᠳᠠᠳᠤ ᠤᠯᠤᠰ ᠨᠢᠭᠡᠨ ᠰᠡᠳᠬᠢᠯ ᠢᠶᠡᠷ ᠦᠪᠡᠷ ᠦᠨ ᠶᠠᠪᠤᠳᠠᠯ ᠢᠶᠠᠨ ᠰᠠᠢᠳᠤᠷ ᠰᠢᠢᠳᠪᠦᠷᠢᠯᠡᠵᠦ ᠂ ᠤᠯᠤᠰ ᠤᠨ ᠬᠦᠭᠵᠢᠯᠲᠡ ᠪᠠ ᠳᠤᠭᠳᠠᠭᠤᠨ ᠢ ᠪᠡᠶᠡᠯᠡᠬᠦᠯᠬᠦ ᠨᠢ ᠳᠡᠯᠡᠬᠡᠢ ᠳ᠋ᠠᠬᠢᠨ ᠳᠤ ᠶᠡᠬᠡ ᠬᠤᠪᠢ ᠨᠡᠮᠡᠷᠢ ᠦᠵᠡᠭᠦᠯᠦᠭᠰᠡᠨ ᠶᠠᠪᠤᠳᠠᠯ ᠮᠦᠨ ᠃ ᠡᠭᠦᠨ ᠦ ᠬᠠᠮᠳᠤ ᠂ ᠳᠤᠮᠳᠠᠳᠤ ᠤᠯᠤᠰ ᠤᠨ ᠬᠦᠭᠵᠢᠯᠲᠡ ᠨᠢ ᠳᠡᠯᠡᠬᠡᠢ ᠶᠢᠨ ᠡᠯ᠎ᠠ ᠤᠯᠤᠰ ᠤᠨ ᠴᠢᠬᠤᠯᠠ ᠳᠤᠬᠢᠶᠠᠯ ᠮᠦᠨ᠃ ᠳᠤᠮᠳᠠᠳᠤ ᠤᠯᠤᠰ ᠰᠢᠨ᠎ᠠ ᠬᠡᠯᠪᠡᠷᠢ ᠶᠢᠨ ᠠᠵᠦ ᠦᠢᠯᠡᠳᠪᠦᠷᠢ ᠂ ᠰᠤᠷᠠᠭ ᠵᠠᠩᠬᠢᠴᠢᠯᠠᠯᠲᠠ ᠂ ᠬᠤᠳᠠᠴᠢᠯᠠᠯᠲᠠ ᠂ ᠲᠠᠷᠢᠶᠠᠯᠠᠩ ᠤᠨ ᠤᠳᠤᠭᠢᠴᠢᠯᠠᠯᠲᠠ ᠶᠢ ᠠᠬᠢᠭᠤᠯᠵᠤ ᠂ ᠰᠢᠨ᠎ᠠ ᠠᠵᠤ ᠠᠬᠤᠢ ᠶᠢᠨ ᠦᠰᠦᠯᠲᠡ ᠶᠢᠨ ᠴᠡᠭ ᠳᠠᠰᠤᠷᠠᠯᠲᠠ ᠦᠭᠡᠢ ᠢᠯᠡᠷᠡᠵᠦ ᠪᠠᠢᠨ᠎ᠠ ᠃ ᠡᠨᠡ ᠨᠢ ᠤᠯᠠᠨ ᠤᠯᠤᠰ ᠪᠠ ᠭᠠᠵᠠᠷ ᠤᠷᠤᠨ ᠤ ᠨᠠᠢᠵᠠ ᠨᠦᠬᠦᠷ ᠲᠦ ᠨᠡᠩ ᠦᠷᠭᠡᠨ ᠵᠠᠬ᠎ᠠ ᠳᠡᠯᠬᠡᠬᠦᠷ ᠢ ᠬᠠᠩᠭᠠᠵᠤ ᠂ ᠨᠡᠩ ᠬᠦᠢᠴᠡᠳ ᠪᠡᠯᠡ ᠮᠦᠩᠬᠦ ᠶᠢ ᠬᠠᠩᠭᠠᠵᠤ ᠂ ᠨᠡᠩ ᠡᠯᠪᠡᠭ ᠪᠦᠲᠦᠭᠡᠭᠳᠡᠭᠦᠨ ᠢ ᠬᠠᠩᠭᠠᠵᠤ ᠂ ᠨᠡᠩ ᠬᠤᠪᠤᠷ ᠴᠢᠬᠤᠯᠠ ᠬᠠᠮᠳᠤᠷᠠᠬᠤ ᠳᠤᠬᠢᠶᠠᠯ ᠢ ᠬᠠᠩᠭᠠᠨ᠎ᠠ ᠃ ᠡᠨᠡ ᠨᠢ ᠳᠡᠯᠡᠬᠡᠢ ᠶᠢᠨ ᠠᠵᠤ ᠠᠬᠤᠢ ᠶᠢᠨ ᠬᠦᠭᠵᠢᠯᠲᠡ ᠳᠦ ᠴᠢᠬᠤᠯᠠ ᠶᠡᠬᠡ ᠳᠤᠰᠠᠲᠠᠢ ᠶᠤᠮ ᠃ ᠳᠤᠮᠳᠠᠳᠤ ᠤᠯᠤᠰ ᠤᠨ ᠬᠦᠭᠵᠢᠯᠲᠡ ᠪᠤᠯ ᠳᠡᠯᠡᠬᠡᠢ ᠶᠢᠨ ᠡᠨᠬᠡ ᠳᠠᠢᠪᠤᠩ ᠤᠨ ᠬᠦᠴᠦᠨ ᠨᠡᠮᠡᠭᠳᠡᠵᠦ ᠪᠠᠢᠬᠤ ᠪᠤᠯᠤᠨ᠎ᠠ ᠂ ᠨᠦᠬᠦᠷᠯᠡᠯ ᠦᠨ ᠢᠳᠡᠪᠬᠢ ᠬᠦᠴᠦᠨ ᠢ ᠳᠠᠮᠵᠢᠭᠤᠯᠵᠤ ᠪᠠᠢᠬᠤ ᠶᠤᠮ ᠃ ᠲᠡᠤᠬᠡ ᠬᠡᠷᠡᠴᠢᠯᠡᠭᠰᠡᠨ ᠨᠢ ᠂ ᠳᠤᠮᠳᠠᠳᠤ ᠶᠢᠨ ᠬᠦᠰᠡᠯᠡᠩ ᠢ ᠪᠡᠶᠡᠯᠡᠬᠦᠯᠬᠦ ᠨᠢ ᠳᠡᠯᠡᠬᠡᠢ ᠳ᠋ᠠᠬᠢᠨ ᠳᠤ ᠳᠤᠬᠢᠶᠠᠯ ᠠᠪᠴᠢᠷᠠᠬᠤ ᠠᠴᠠ ᠪᠢᠰᠢ ᠰᠦᠷᠳᠡᠭᠦᠯᠦᠯ ᠦᠵᠡᠬᠦᠯᠬᠦ ᠪᠢᠰᠢ ᠂ ᠡᠩᠬᠡ ᠳᠠᠢᠪᠤᠩ ᠠᠴᠠ ᠪᠢᠰᠢ ᠬᠠᠷᠢᠨ ᠦᠢᠮᠡᠭᠡᠨ ᠲᠦᠢᠪᠡᠭᠡᠨ ᠪᠢᠰᠢ ᠂ ᠤᠷᠤᠭᠰᠢᠯᠠᠲᠠ ᠠᠴᠠ ᠪᠢᠰᠢ ᠬᠠᠷᠢᠨ ᠤᠬᠤᠷᠢᠯᠲᠠ ᠪᠢᠰᠢ ᠶᠤᠮ ᠃ ᠤᠯᠤᠰ ᠤᠨ ᠬᠦᠴᠦᠨ ᠦ ᠳᠠᠰᠤᠷᠤᠯᠲᠠ ᠦᠭᠡᠢ ᠨᠡᠮᠡᠭᠳᠡᠬᠦ ᠶᠢ ᠳᠠᠭᠠᠯᠳᠤᠨ ᠂ ᠳᠤᠮᠳᠠᠳᠤ ᠤᠯᠤᠰ ᠨᠢ ᠤᠯᠠᠮ ᠨᠢᠭᠡ ᠠᠯᠬᠤᠮ ᠬᠠᠷᠢᠭᠤᠴᠠᠯᠭᠠᠲᠤ ᠳᠤᠮᠤ ᠤᠯᠤᠰ ᠤᠨ ᠦᠢᠯᠡᠳᠦᠯ ᠢ ᠪᠠᠳᠠᠷᠠᠭᠤᠯᠵᠤ ᠂ ᠬᠡᠮᠵᠢᠶᠡᠨ ᠳᠦ ᠪᠡᠨ ᠬᠦᠷᠦᠭᠰᠡᠨ ᠬᠡᠪᠴᠢᠶᠡᠨ ᠳᠦ ᠤᠯᠠᠨ ᠤᠯᠤᠰ ᠤᠨ ᠡᠭᠦᠷᠭᠡ ᠬᠠᠷᠢᠭᠤᠴᠠᠯᠭ᠎ᠠ ᠶᠢ ᠡᠭᠦᠷᠭᠡᠯᠡᠵᠦ ᠂ ᠬᠦᠮᠦᠨ ᠲᠦᠷᠦᠯᠬᠢᠲᠡᠨ ᠦ ᠡᠩᠬᠡ ᠳᠠᠢᠪᠤᠩ ᠪᠤᠯᠤᠨ ᠬᠦᠭᠵᠢᠯᠲᠡ ᠶᠢᠨ ᠠᠭᠤᠤ ᠦᠢᠯᠡᠰ ᠲᠦ ᠬᠦᠴᠦᠨ  ᠢᠶᠡᠨ ᠡᠷᠭᠦᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )