【《 ᠹᠧᠩ ᠴᠢᠶᠣᠤ ᠶ᠋ᠢᠨ ᠲᠤᠷᠰᠢᠯᠭ᠎ᠠ 》 ᠶ᠋ᠢᠨ ᠰᠢᠨ᠎ᠡ ᠦᠢᠯᠡᠳᠦᠯᠭᠡ 】 ᠣᠷᠳᠣᠰ ᠬᠣᠲᠠ ᠶ᠋ᠢᠨ ᠰᠢᠭᠦᠬᠦ ᠬᠣᠷᠢᠶ᠎ᠠ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢ ᠣᠷᠣᠯᠠᠨ ᠭᠦᠢᠴᠡᠳᠬᠡᠬᠦ ᠳᠦᠷᠢᠮ ᠢ᠋ ᠢᠳᠡᠪᠬᠢᠲᠡᠢ ᠬᠡᠷᠡᠭᠵᠢᠭᠦᠯᠪᠡ ︱ ᠳ᠋ᠦᠩᠱᠧᠩ ᠲᠣᠭᠣᠷᠢᠭ ᠤ᠋ᠨ ᠠᠷᠠᠳ ᠤ᠋ᠨ ᠰᠢᠭᠦᠬᠦ ᠬᠣᠷᠢᠶ ᠠ
2023.09.25 ᠲᠣᠰ ᠥᠷᠲᠡᠭᠡᠨ᠎ᠦ ᠨᠠᠢᠷᠠᠭᠤᠯᠤᠭᠴᠢ

    ᠵᠠᠷᠭᠤ ᠳ᠋ᠤ᠌ ᠬᠣᠯᠪᠣᠭᠳᠠᠭᠰᠠᠨ 2 ᠳ᠋ᠤᠭᠠᠷ ᠬᠤᠭᠤᠴᠠᠭᠠᠨ ᠤ᠋ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠬᠦ ᠳᠦᠷᠢᠮ ᠢ᠋ ᠢᠳᠡᠪᠬᠢᠲᠡᠢ ᠬᠡᠷᠡᠭᠵᠢᠭᠦᠯᠪᠡ

    ᠶᠡᠷᠦᠩᠬᠡᠢ ᠱᠦᠵᠢ ᠰᠢ ᠵᠢᠨ ᠫᠢᠩ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠢᠯᠡᠳᠬᠡᠯ ᠳ᠋ᠡᠭᠡᠨ ᠄ 《 ᠨᠡᠢᠭᠡᠮ ᠦᠨ ᠦᠨᠳᠦᠰᠦᠨ ᠱᠠᠲᠤᠨ ᠳ᠋ᠤ᠌ ᠰᠢᠨ᠎ᠡ ᠴᠠᠭ ᠦᠶ᠎ᠡ ᠶ᠋ᠢᠨ 〈 ᠹᠧᠩ ᠴᠢᠶᠣᠤ ᠶ᠋ᠢᠨ ᠲᠤᠷᠰᠢᠯᠭ᠎ᠠ 〉 ᠶ᠋ᠢ ᠪᠠᠷᠢᠮᠲᠠᠯᠠᠨ ᠬᠥᠭᠵᠢᠭᠦᠯᠵᠦ ᠂ ᠰᠢᠨ᠎ᠡ ᠪᠠᠢᠳᠠᠯ ᠳᠣᠣᠷᠠᠬᠢ ᠠᠷᠠᠳ ᠤ᠋ᠨ ᠳᠣᠲᠣᠭᠠᠳᠤ ᠶ᠋ᠢᠨ ᠵᠥᠷᠢᠴᠡᠯ ᠢ᠋ ᠵᠥᠪ ᠢ᠋ᠶ᠋ᠡᠷ ᠰᠢᠢᠳᠪᠦᠷᠢᠯᠡᠬᠦ ᠲᠣᠭᠲᠠᠴᠠ ᠶ᠋ᠢ ᠲᠡᠭᠦᠯᠳᠡᠷᠵᠢᠭᠦᠯᠵᠦ ᠂ ᠠᠷᠠᠳ ᠤ᠋ᠨ ᠵᠠᠬᠢᠳᠠᠯ ᠰᠤᠷᠪᠤᠯᠵᠢᠯᠠᠭ᠎ᠠ ᠶ᠋ᠢᠨ ᠠᠵᠢᠯ ᠢ᠋ ᠴᠢᠩᠭᠠᠳᠬᠠᠨ ᠰᠠᠢᠵᠢᠷᠠᠭᠤᠯᠵᠤ ᠂ ᠣᠯᠠᠨ ᠲᠦᠮᠡᠨ ᠦ᠌ ᠬᠦᠰᠡᠯ ᠱᠠᠭᠠᠷᠳᠠᠯᠭ᠎ᠠ ᠪᠠᠨ ᠢᠯᠡᠳᠬᠡᠬᠦ ᠂ ᠠᠰᠢᠭ ᠲᠤᠰᠠ ᠶ᠋ᠢ ᠵᠣᠬᠢᠴᠠᠭᠤᠯᠬᠤ ᠂ ᠡᠷᠬᠡ ᠠᠰᠢᠭ ᠢ᠋ ᠪᠠᠲᠤᠯᠠᠬᠤ ᠵᠠᠮ ᠱᠤᠭᠤᠮ ᠢ᠋ ᠰᠠᠭᠠᠳ ᠦᠭᠡᠢ ᠨᠡᠪᠲᠡᠷᠡᠭᠦᠯᠬᠦ ᠪᠠ ᠳᠦᠷᠢᠮᠵᠢᠭᠦᠯᠵᠦ ᠂ ᠲᠣᠣᠷᠵᠢᠭᠤᠯᠤᠭᠰᠠᠨ ᠬᠠᠮᠢᠶᠠᠷᠤᠯᠲᠠ ᠂ ᠨᠠᠷᠢᠯᠢᠭᠵᠢᠭᠤᠯᠤᠭᠰᠠᠨ ᠦᠢᠯᠡᠴᠢᠯᠡᠭᠡ ᠂ ᠮᠡᠳᠡᠭᠡ ᠵᠠᠩᠭᠢᠵᠢᠯᠲᠠ ᠪᠠᠷ ᠲᠤᠯᠭᠠᠭᠤᠷᠢᠯᠠᠭᠰᠠᠨ ᠦᠨᠳᠦᠰᠦᠨ ᠱᠠᠲᠤᠨ ᠤ᠋ ᠵᠠᠰᠠᠯᠲᠠ ᠶ᠋ᠢᠨ ᠲᠠᠪᠴᠠᠩ ᠢ᠋ ᠲᠡᠭᠦᠯᠳᠡᠷᠵᠢᠭᠦᠯᠵᠦ ᠂ ᠬᠣᠲᠠ ᠬᠥᠳᠡᠭᠡ ᠶ᠋ᠢᠨ ᠨᠡᠢᠭᠡᠮ ᠲᠣᠭᠣᠷᠢᠭ ᠤ᠋ᠨ ᠵᠠᠰᠠᠯᠲᠠ ᠶ᠋ᠢᠨ ᠰᠢᠰᠲ᠋ᠧᠮ ᠢ᠋ ᠪᠦᠷᠢᠨᠰᠢᠭᠦᠯᠵᠦ ᠂ ᠵᠥᠷᠢᠴᠡᠯ ᠵᠢᠭᠤᠷᠠᠯᠳᠤᠭᠠᠨ ᠢ᠋ ᠦᠨᠳᠦᠰᠦᠨ ᠱᠠᠲᠤᠨ ᠳ᠋ᠤ᠌ ᠴᠠᠭ ᠲᠤᠬᠠᠢ ᠳ᠋ᠤᠨᠢ ᠨᠠᠮᠳᠠᠭᠤᠯᠤᠨ ᠂ ᠴᠤᠬᠤᠢᠵᠤ ᠪᠠᠢᠭ᠎ᠠ ᠪᠠᠢᠳᠠᠯ ᠳ᠋ᠤ᠌ᠨᠢ ᠨᠠᠮᠳᠠᠭᠤᠯᠤᠨ᠎ᠠ ᠃ 》 

    ᠪᠥᠬᠥ ᠬᠣᠲᠠ ᠶ᠋ᠢᠨ ᠬᠣᠶᠠᠷ ᠱᠠᠲᠤᠨ ᠤ᠋ ᠰᠢᠭᠦᠬᠦ ᠬᠣᠷᠢᠶ᠎ᠠ ᠰᠢ ᠵᠢᠨ ᠫᠢᠩ ᠦᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠᠷ ᠵᠢᠯᠣᠭᠣᠳᠤᠯᠭ᠎ᠠ ᠪᠣᠯᠭᠠᠬᠤ ᠶ᠋ᠢ ᠪᠠᠷᠢᠮᠲᠠᠯᠠᠨ ᠂ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠶ᠋ᠢ ᠬᠢᠨᠠᠮᠠᠭᠠᠢ ᠰᠤᠷᠤᠯᠴᠠᠨ ᠲᠤᠤᠱᠯᠠᠭᠤᠯᠵᠤ ᠂ ᠶᠡᠷᠦᠩᠬᠡᠢ ᠱᠦᠵᠢ ᠰᠢ ᠵᠢᠨ ᠫᠢᠩ ᠦᠨ ᠠᠷᠠᠳ ᠤ᠋ᠨ ᠵᠠᠬᠢᠳᠠᠯ ᠰᠤᠷᠪᠤᠯᠵᠢᠯᠠᠭ᠎ᠠ ᠶ᠋ᠢᠨ ᠠᠵᠢᠯ ᠢ᠋ ᠴᠢᠩᠭᠠᠳᠬᠠᠨ ᠰᠠᠢᠵᠢᠷᠠᠭᠤᠯᠬᠤ ᠲᠤᠬᠠᠢ ᠴᠢᠬᠤᠯᠠ ᠦᠵᠡᠯ ᠰᠠᠨᠠᠭ᠎ᠠ ᠶ᠋ᠢ ᠲᠤᠤᠱᠯᠠᠭᠤᠯᠤᠨ ᠨᠠᠢᠳᠠᠪᠤᠷᠢᠵᠢᠭᠤᠯᠵᠤ ᠂ ᠰᠢᠨ᠎ᠡ ᠴᠠᠭ ᠦᠶ᠎ᠡ ᠶ᠋ᠢᠨ 《 ᠹᠧᠩ ᠴᠢᠶᠣᠤ ᠶ᠋ᠢᠨ ᠲᠤᠷᠰᠢᠯᠭ᠎ᠠ 》 ᠶ᠋ᠢ ᠪᠠᠷᠢᠮᠲᠠᠯᠠᠨ ᠬᠥᠭᠵᠢᠭᠦᠯᠵᠦ ᠂ ᠥᠪᠡᠷᠲᠡᠭᠡᠨ ᠵᠠᠰᠠᠬᠤ ᠣᠷᠣᠨ ᠤ᠋ ᠥᠨᠳᠥᠷ ᠵᠡᠷᠭᠡ ᠶ᠋ᠢᠨ ᠰᠢᠭᠦᠬᠦ ᠬᠣᠷᠢᠶᠠᠨ ᠤ᠋ ᠪᠠᠢᠷᠢᠯᠠᠭᠤᠯᠤᠯᠲᠠ ᠶ᠋ᠢᠨ ᠱᠠᠭᠠᠷᠳᠠᠯᠭ᠎ᠠ ᠶᠣᠰᠣᠭᠠᠷ ᠂ ᠲᠤᠬᠠᠢ ᠶ᠋ᠢᠨ ᠭᠠᠵᠠᠷ ᠣᠷᠣᠨ ᠤ᠋ ᠪᠠᠢᠳᠠᠯ ᠳ᠋ᠠᠭᠠᠨ ᠲᠣᠬᠢᠷᠠᠭᠤᠯᠤᠨ ᠂ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢ ᠣᠷᠣᠯᠠᠨ ᠭᠦᠢᠴᠡᠳᠬᠡᠬᠦ ᠳᠦᠷᠢᠮ ᠢ᠋ ᠢᠳᠡᠪᠬᠢᠲᠡᠢ ᠬᠡᠷᠡᠭᠵᠢᠭᠦᠯᠵᠦ ᠂ ᠬᠣᠰᠢᠭᠤ ᠰᠢᠶᠠᠨ ( ᠬᠣᠲᠠ ᠲᠣᠭᠣᠷᠢᠭ ) ᠂ ᠰᠤᠮᠤ ᠰᠢᠶᠠᠩ ᠪᠠᠯᠭᠠᠰᠤ ( ᠵᠡᠭᠡᠯᠢ ᠭᠤᠳᠤᠮᠵᠢ ) ᠤ᠋ᠨ ᠵᠠᠬᠢᠳᠠᠯ ᠰᠤᠷᠪᠤᠯᠵᠢᠯᠠᠭ᠎ᠠ ᠶ᠋ᠢ ᠣᠷᠣᠯᠠᠨ ᠭᠦᠢᠴᠡᠳᠬᠡᠬᠦ ᠪᠠᠢᠭᠤᠯᠤᠮᠵᠢ ᠳ᠋ᠤ᠌ ᠲᠦᠰᠢᠭᠯᠡᠨ ᠂ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢ ᠣᠷᠣᠯᠠᠨ ᠭᠦᠢᠴᠡᠳᠬᠡᠬᠦ ᠲᠤᠰᠬᠠᠢ ᠲᠤᠰᠢᠶᠠᠯ ᠤ᠋ᠨ ᠪᠠ ᠵᠠᠬᠢᠳᠠᠯ ᠰᠤᠷᠪᠤᠯᠵᠢᠯᠠᠭ᠎ᠠ ᠶ᠋ᠢ ᠣᠷᠣᠯᠠᠨ ᠭᠦᠢᠴᠡᠳᠬᠡᠬᠦ ᠡᠩᠨᠡᠭᠡ ᠶ᠋ᠢ ᠪᠠᠢᠭᠤᠯᠵᠤ ᠂ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢ ᠣᠷᠣᠯᠠᠨ ᠭᠦᠢᠴᠡᠳᠬᠡᠬᠦ ᠦᠢᠯᠡᠴᠢᠯᠡᠭᠡᠨ ᠦ᠌ ᠪᠠᠢᠭᠤᠯᠤᠮᠵᠢ ᠶ᠋ᠢ ᠪᠠᠢᠭᠤᠯᠤᠨ ᠂ ᠵᠠᠷᠭᠤ ᠳᠤ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ ᠠ ᠶᠢ ᠣᠷᠣᠯᠠᠨ ᠰᠢᠶᠳᠪᠦᠷᠢᠯᠡᠬᠦ ᠦᠢᠯᠡᠴᠢᠯᠡᠭᠡ ᠶᠢ ᠪᠦᠬᠦ ᠲᠠᠯ ᠠ ᠪᠠᠷ ᠥᠷᠨᠢᠭᠦᠯᠵᠦ᠂ 《 ᠠᠷᠠᠳ ᠲᠦᠮᠡᠨ ᠳᠤᠤᠭᠠᠷᠪᠠᠯ  ᠪᠢ ᠰᠣᠨᠤᠰᠴᠤ 》 《ᠵᠠᠷᠭᠤ ᠶᠢ ᠬᠦᠯᠢᠶᠡᠨ ᠠᠪᠤᠪᠠᠯ ᠳᠠᠷᠤᠶ ᠰᠢᠶᠳᠪᠦᠷᠢᠯᠡᠬᠦ》 ᠠᠵᠢᠯ ᠢ ᠲᠦᠯᠬᠢᠨ ᠠᠬᠢᠭᠤᠯᠵᠤ᠂ ᠵᠠᠬᠢᠳᠠᠯ ᠰᠤᠷᠪᠤᠯᠵᠢᠯᠠᠭ ᠠ ᠶᠢ ᠬᠦᠯᠢᠶᠡᠨ ᠠᠪᠬᠤ ᠴᠣᠩᠬᠣ ᠶᠢ ᠤᠷᠢᠳᠴᠢᠯᠠᠭᠤᠯᠵᠤ᠂ ᠤᠯᠠᠨ ᠲᠦᠮᠡᠨ ᠦ ᠲᠤᠰᠬᠠᠭᠰᠠᠨ ᠠᠰᠠᠭᠤᠳᠠᠯ ᠢ ᠦᠨᠳᠦᠰᠦᠨ ᠱᠠᠲᠤᠨ ᠳᠤ ᠬᠦᠯᠢᠶᠡᠨ ᠠᠪᠬᠤ ᠬᠥᠮᠦᠨ ᠲᠡᠶ᠂ ᠬᠠᠮᠢᠶᠠᠷᠬᠤ ᠬᠥᠮᠦᠨ ᠲᠡᠶ᠂ ᠰᠢᠶᠳᠪᠦᠷᠢᠯᠡᠬᠦ ᠬᠥᠮᠦᠨ ᠲᠡᠶ ᠪᠣᠯᠭᠠᠵᠤ᠂ 《 ᠪᠠᠭ᠎ᠠ ᠶᠠᠪᠤᠳᠠᠯ ᠢ ᠭᠠᠴᠠᠭ᠎ᠠ ᠲᠣᠰᠬᠣᠨ  ᠠ᠋ᠴᠠ ᠭᠠᠷᠭᠠᠬᠤ ᠦᠭᠡᠢ᠂ ᠶᠡᠬᠡ ᠶᠠᠪᠤᠳᠠᠯ ᠢ ᠪᠠᠯᠭᠠᠰᠤᠨ ᠠ᠋ᠴᠠ ᠭᠠᠷᠭᠠᠬᠤ ᠦᠭᠡᠢ᠂ ᠣᠷᠣᠯᠠᠨ ᠰᠤᠷᠪᠤᠯᠵᠢᠯᠠᠵᠤ ᠠᠷᠠᠳ ᠤᠨ ᠵᠣᠪᠠᠭᠤᠷᠢ ᠶ᠋ᠢ ᠠᠷᠢᠯᠭᠠᠬᠤ 》 ᠶᠢ ᠴᠢᠷᠮᠠᠶᠢᠨ ᠪᠡᠶᠡᠯᠡᠭᠦᠯᠦᠨ ᠡ᠃

    ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠸᠢᠴᠠᠲ ᠤ᠋ᠨ ᠣᠯᠠᠨ ᠨᠡᠢᠲᠡ ᠶ᠋ᠢᠨ ᠲᠠᠪᠴᠠᠩ ᠳ᠋ᠤ 《 ᠹᠧᠩ ᠴᠢᠶᠣᠤ ᠶ᠋ᠢᠨ ᠲᠤᠷᠰᠢᠯᠭ᠎ᠠ 》 ᠶ᠋ᠢᠨ ᠰᠢᠨ᠎ᠡ ᠦᠢᠯᠡᠳᠦᠯᠭᠡ  ᠣᠷᠳᠣᠰ ᠬᠣᠲᠠ ᠶ᠋ᠢᠨ ᠰᠢᠭᠦᠬᠦ ᠬᠣᠷᠢᠶ᠎ᠠ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠬᠦ ᠳᠦᠷᠢᠮ ᠢ᠋ ᠢᠳᠡᠪᠬᠢᠲᠡᠢ ᠬᠡᠷᠡᠭᠵᠢᠭᠦᠯᠬᠦ ᠲᠤᠰᠭᠠᠢ ᠪᠤᠯᠤᠩ  ᠢ᠋ ᠨᠡᠭᠡᠭᠡᠵᠦ ᠂ ᠡᠯ᠎ᠡ ᠬᠣᠰᠢᠭᠤ ᠲᠣᠭᠣᠷᠢᠭ ᠤ᠋ᠨ ᠰᠢᠭᠦᠬᠦ ᠬᠣᠷᠢᠶ᠎ᠠ ᠶ᠋ᠢᠨ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠬᠦ ᠠᠵᠢᠯ ᠤ᠋ᠨ ᠬᠥᠳᠡᠯᠦᠯ ᠪᠠᠢᠳᠠᠯ ᠪᠠ ᠲᠤᠷᠰᠢᠯᠭ᠎ᠠ ᠠᠷᠭ᠎ᠠ ᠬᠢᠳᠡᠯ ᠢ᠋ ᠬᠦᠷᠭᠡᠵᠦ ᠂ ᠪᠥᠬᠥ ᠬᠣᠲᠠ ᠶ᠋ᠢᠨ ᠰᠢᠭᠦᠬᠦ ᠬᠣᠷᠢᠶ᠎ᠠ ᠶ᠋ᠢᠨ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠬᠦ ᠠᠵᠢᠯ ᠤ᠋ᠨ ᠰᠢᠨ᠎ᠡ ᠪᠣᠳᠠᠲᠤ ᠦᠷ᠎ᠡ ᠪᠦᠲᠦᠮᠵᠢ ᠣᠯᠬᠤ ᠶ᠋ᠢ ᠠᠬᠢᠭᠤᠯᠪᠠ ᠃

 

 

ᠳ᠋ᠦᠩᠱᠧᠩ ᠲᠣᠭᠣᠷᠢᠭ ᠤ᠋ᠨ ᠠᠷᠠᠳ ᠶ᠋ᠢᠨ ᠰᠢᠭᠦᠬᠦ ᠬᠣᠷᠢᠶ ᠠ

    ᠬᠠᠤᠯᠢ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢᠨ ᠬᠡᠷᠡᠭ ᠢ᠋ ᠨᠠᠮᠳᠠᠭᠤᠯᠬᠤ ᠶ᠋ᠢ ᠨᠡᠩ ᠰᠠᠢᠲᠤᠷ ᠠᠬᠢᠭᠤᠯᠵᠤ ᠂ ᠵᠥᠷᠢᠴᠡᠯ ᠵᠢᠭᠤᠷᠠᠯᠳᠤᠭᠠᠨ ᠢ᠋ ᠬᠠᠤᠯᠢ ᠶᠣᠰᠣᠭᠠᠷ ᠴᠠᠭ ᠲᠤᠬᠠᠢ ᠳ᠋ᠤᠨᠢ ᠦᠨᠳᠦᠰᠦᠨ ᠱᠠᠲᠤᠨ ᠳ᠋ᠤ᠌ ᠨᠠᠮᠳᠠᠭᠤᠯᠬᠤ ᠶ᠋ᠢ ᠠᠬᠢᠭᠤᠯᠬᠤ ᠶ᠋ᠢᠨ ᠲᠥᠯᠥᠭᠡ ᠂ ᠣᠢᠷ᠎ᠠ ᠳ᠋ᠤ᠌ ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠰᠢᠭᠦᠬᠦ ᠬᠣᠷᠢᠶ᠎ᠠ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠬᠦ ᠠᠵᠢᠯᠲᠠᠨ ᠢ᠋ ᠤᠷᠢᠨ ᠲᠣᠮᠢᠯᠠᠬᠤ ᠶᠣᠰᠣᠯᠠᠯ ᠶᠠᠪᠤᠭᠤᠯᠤᠭᠰᠠᠨ ᠮᠥᠷᠲᠡᠭᠡᠨ ᠶᠠᠷᠢᠯᠴᠠᠬᠤ ᠬᠤᠷᠠᠯ ᠬᠢᠵᠦ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠬᠢᠨᠠᠨ ᠪᠠᠢᠴᠠᠭᠠᠬᠤ ᠵᠥᠪᠯᠡᠯ ᠦᠨ ᠲᠤᠰᠬᠠᠢ ᠲᠤᠰᠢᠶᠠᠯᠲᠤ ᠭᠡᠰᠢᠭᠦᠨ  ᠵᠢᠶᠧ ᠺᠧ ᠨᠢᠩ ᠂ ᠳ᠋ᠦᠩᠱᠧᠩ ᠲᠣᠭᠣᠷᠢᠭ ᠤ᠋ᠨ ᠰᠠᠬᠢᠯᠭ᠎ᠠ ᠪᠠᠲᠤ ᠪᠠᠢᠴᠠᠭᠠᠬᠤ ᠬᠣᠷᠢᠶᠠᠨ ᠤ᠋ ᠬᠢᠨᠠᠨ ᠪᠠᠢᠴᠠᠭᠠᠬᠤ ᠵᠥᠪᠯᠡᠯ ᠦᠨ ᠳᠡᠳ᠋ ᠱᠦᠵᠢ ᠶᠤᠸᠠᠨ ᠹᠧᠩ ᠂ ᠳ᠋ᠦᠩᠱᠧᠩ ᠲᠣᠭᠣᠷᠢᠭ ᠤ᠋ᠨ ᠨᠠᠮ ᠤ᠋ᠨ ᠬᠣᠷᠢᠶᠠᠨ ᠤ᠋ ᠤᠯᠤᠰ ᠲᠥᠷᠥ ᠬᠠᠤᠯᠢ ᠴᠠᠭᠠᠵᠠ ᠶ᠋ᠢᠨ ᠵᠥᠪᠯᠡᠯ ᠦᠨ ᠳᠡᠳ᠋ ᠱᠦᠵᠢ ᠸᠠᠩ ᠰᠢᠶᠣᠤ ᠫᠢᠩ ᠂ ᠳ᠋ᠦᠩᠱᠧᠩ ᠲᠣᠭᠣᠷᠢᠭ ᠤ᠋ᠨ ᠵᠠᠬᠢᠳᠠᠯ ᠰᠤᠷᠪᠤᠯᠵᠢᠯᠠᠭ᠎ᠠ ᠶ᠋ᠢᠨ ᠲᠣᠪᠴᠢᠶ᠎ᠠ ᠶ᠋ᠢᠨ ᠨᠠᠮ ᠤ᠋ᠨ ᠤᠳᠤᠷᠢᠳᠬᠤ ᠳᠤᠭᠤᠢᠯᠠᠩ ᠤ᠋ᠨ ᠱᠦᠵᠢ ᠽᠢ ᠶᠦᠩ ᠪᠢᠨ ᠬᠤᠷᠠᠯ ᠳ᠋ᠤ᠌ ᠤᠷᠢᠭᠳᠠᠨ ᠣᠷᠣᠯᠴᠠᠪᠠ ᠃

 

 

    ᠤᠷᠢᠨ ᠲᠣᠮᠢᠯᠠᠬᠤ ᠶᠣᠰᠣᠯᠠᠯ ᠳᠡᠭᠡᠷ᠎ᠡ ᠂ 《 ᠳ᠋ᠦᠩᠱᠧᠩ ᠲᠣᠭᠣᠷᠢᠭ ᠤ᠋ᠨ ᠠᠷᠠᠳ ᠤ᠋ᠨ ᠰᠢᠭᠦᠬᠦ ᠬᠣᠷᠢᠶ᠎ᠠ ᠶ᠋ᠢᠨ ᠵᠠᠬᠢᠳᠠᠯ ᠰᠤᠷᠪᠤᠯᠵᠢᠯᠠᠭ᠎ᠠ ᠶ᠋ᠢ ᠣᠷᠣᠯᠠᠨ ᠭᠦᠢᠴᠡᠳᠬᠡᠬᠦ ᠠᠵᠢᠯ ᠤ᠋ᠨ ᠳᠦᠷᠢᠮ 》  ᠢ᠋ ᠤᠩᠰᠢᠨ ᠨᠡᠢᠲᠡᠯᠡᠵᠦ ᠂ ᠵᠠᠷᠭᠤ ᠳ᠋ᠤ᠌ ᠬᠣᠯᠪᠣᠭᠳᠠᠭᠰᠠᠨ 16 ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠭᠴᠢ ᠳ᠋ᠦ᠍ ᠤᠷᠢᠨ ᠲᠣᠮᠢᠯᠠᠭᠰᠠᠨ ᠦᠨᠡᠮᠯᠡᠯ ᠣᠯᠭᠣᠪᠠ ᠃

    ᠬᠤᠷᠠᠯ ᠠ᠋ᠴᠠ ᠴᠢᠩᠭᠠᠳᠭ᠋ᠠᠭᠰᠠᠨ ᠨᠢ ᠂ ᠨᠢᠭᠡ ᠳ᠋ᠦ᠍ ᠤᠯᠤᠰ ᠲᠥᠷᠥ ᠶ᠋ᠢᠨ ᠵᠣᠭᠰᠣᠴᠠ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠬᠦ ᠬᠡᠷᠡᠭᠲᠡᠢ ᠃ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠭᠴᠢ ᠨᠢ 《 ᠰᠡᠳᠬᠢᠯ ᠢ᠋ᠶ᠋ᠡᠨ ᠬᠣᠯᠪᠣᠬᠤ ᠬᠥᠭᠥᠷᠭᠡ 》 《 ᠳᠠᠭᠤ ᠳᠠᠮᠵᠢᠭᠤᠯᠬᠤ ᠬᠣᠭᠣᠯᠠᠢ 》 ᠶ᠋ᠢᠨ ᠦᠢᠯᠡᠳᠦᠯ ᠢ᠋ᠶ᠋ᠡᠨ ᠭᠦᠢᠴᠡᠳ ᠪᠠᠳᠠᠷᠠᠭᠤᠯᠵᠤ ᠂ ᠣᠯᠠᠨ ᠲᠦᠮᠡᠨ ᠳ᠋ᠦ᠍ ᠢᠳᠡᠪᠬᠢᠲᠡᠢ ᠪᠡᠷ ᠬᠠᠤᠯᠢ ᠴᠠᠭᠠᠵᠠ ᠶ᠋ᠢᠨ ᠰᠠᠨᠠᠯ ᠰᠠᠨᠠᠭᠤᠯᠭ᠎ᠠ ᠬᠠᠩᠭᠠᠨ ᠂ ᠥᠨᠳᠥᠷ ᠲᠦ᠍ ᠵᠣᠭᠰᠣᠵᠤ ᠠᠵᠢᠯᠯᠠᠬᠤ ᠪᠠᠢᠷᠢ ᠶ᠋ᠢᠨ ᠦᠵᠡᠯ ᠰᠠᠨᠠᠭ᠎ᠠ ᠪᠠᠷ ᠶᠡᠬᠡ ᠲᠠᠯ᠎ᠠ ᠶ᠋ᠢ ᠬᠠᠷᠠᠭᠠᠯᠵᠠᠬᠤ ᠦᠵᠡᠯ ᠤᠬᠠᠮᠰᠠᠷ ᠢ᠋ᠶ᠋ᠠᠷ ᠠᠰᠠᠭᠤᠳᠠᠯ ᠢ᠋ ᠵᠠᠳᠠᠯᠤᠨ ᠂ ᠠᠰᠠᠭᠤᠳᠠᠯ ᠢ᠋ ᠰᠢᠢᠳᠪᠦᠷᠢᠯᠡᠵᠦ ᠂ ᠣᠯᠠᠨ ᠲᠦᠮᠡᠨ ᠦ᠌ ᠵᠠᠬᠢᠳᠠᠯ ᠰᠤᠷᠪᠤᠯᠵᠢᠯᠠᠭ᠎ᠠ ᠶ᠋ᠢᠨ ᠬᠠᠨᠤᠮᠵᠢ ᠶ᠋ᠢᠨ ᠬᠡᠮᠵᠢᠶ᠎ᠡ ᠶ᠋ᠢ ᠦᠨᠡᠨᠬᠦ ᠳᠡᠭᠡᠭᠰᠢᠯᠡᠭᠦᠯᠬᠦ ᠬᠡᠷᠡᠭᠲᠡᠢ ᠃

    ᠬᠣᠶᠠᠷ ᠲᠤ᠌ ᠣᠷᠣᠯᠠᠨ ᠭᠦᠢᠴᠡᠳᠬᠡᠬᠦ ᠳᠠᠪᠠᠭᠤᠯᠢᠭ ᠢ᠋ᠶ᠋ᠠᠨ ᠤᠯᠠᠮ ᠨᠢᠭᠡ ᠠᠯᠬᠤᠮ ᠪᠠᠳᠠᠷᠠᠭᠤᠯᠬᠤ ᠬᠡᠷᠡᠭᠲᠡᠢ ᠃ 《 ᠭᠤᠷᠪᠠ ᠶ᠋ᠢ ᠣᠷᠣᠨ ᠳ᠋ᠤᠨᠢ ᠣᠷᠣᠭᠤᠯᠵᠤ ᠨᠢᠭᠡ ᠶ᠋ᠢ ᠰᠢᠢᠳᠪᠦᠷᠢᠯᠡᠬᠦ 》 ᠱᠠᠭᠠᠷᠳᠠᠯᠭ᠎ᠠ ᠶᠣᠰᠣᠭᠠᠷ ᠂ ᠬᠠᠢᠷ᠎ᠠ ᠰᠡᠳᠬᠢᠯᠭᠡ ᠪᠠ ᠬᠠᠷᠢᠭᠤᠴᠠᠯᠭ᠎ᠠ ᠪᠠᠨ ᠠᠪᠴᠤ ᠣᠯᠠᠨ ᠲᠦᠮᠡᠨ ᠦ᠌ ᠵᠠᠬᠢᠳᠠᠯ ᠰᠤᠷᠪᠤᠯᠵᠢᠯᠠᠭ᠎ᠠ ᠶ᠋ᠢᠨ ᠬᠡᠷᠡᠭ ᠪᠦᠬᠦᠨ ᠢ᠋ ᠣᠷᠣᠯᠠᠨ ᠭᠦᠢᠴᠡᠳᠭᠡᠵᠦ ᠂ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢᠨ ᠬᠡᠷᠡᠭ ᠢ᠋ ᠰᠢᠢᠳᠪᠦᠷᠢᠯᠡᠭᠰᠡᠨ ᠪᠠᠢᠳᠠᠯ ᠢ᠋ ᠪᠥᠬᠥ ᠶᠠᠪᠤᠴᠠ ᠳ᠋ᠤ᠌ ᠠᠩᠬᠠᠷᠴᠤ ᠂ ᠰᠡᠵᠢᠭ ᠢ᠋ ᠠᠯᠳᠠᠷᠠᠭᠠᠨ ᠲᠥᠭᠡᠷᠢᠭᠳᠡᠯ ᠢ᠋ ᠠᠯᠳᠠᠷᠠᠭᠠᠬᠤ ᠪᠠ ᠵᠠᠬᠢᠳᠠᠯ ᠰᠤᠷᠪᠤᠯᠵᠢᠯᠠᠭ᠎ᠠ ᠶ᠋ᠢ ᠢᠳᠬᠠᠨ ᠰᠤᠷᠭᠠᠬᠤ ᠠᠵᠢᠯ ᠢ᠋ ᠬᠦᠯᠢᠴᠡᠩᠭᠦᠢ ᠨᠢᠮᠪᠠᠢ ᠰᠠᠢᠲᠤᠷ ᠬᠢᠵᠦ ᠂ ᠰᠢᠭᠦᠬᠦ ᠬᠣᠷᠢᠶ᠎ᠠ ᠲᠠᠢ ᠬᠠᠮᠲᠤᠪᠠᠷ ᠬᠠᠮᠵᠢᠯᠴᠠᠵᠤ ᠵᠠᠬᠢᠳᠠᠯ ᠰᠤᠷᠪᠤᠯᠵᠢᠯᠠᠭ᠎ᠠ ᠬᠢᠭᠰᠡᠳ ᠢ᠋ ᠬᠥᠲᠥᠯᠦᠨ ᠵᠢᠯᠣᠭᠣᠳᠬᠤ ᠬᠥᠮᠦᠵᠢᠯ ᠦᠨ ᠠᠵᠢᠯ ᠢ᠋ ᠰᠠᠢᠲᠤᠷ ᠬᠢᠬᠦ ᠬᠡᠷᠡᠭᠲᠡᠢ ᠃

    ᠭᠤᠷᠪᠠ ᠳ᠋ᠤ᠌ ᠣᠷᠣᠯᠠᠨ ᠭᠦᠢᠴᠡᠳᠬᠡᠬᠦ ᠡᠩᠨᠡᠭᠡᠨ ᠦ᠌ ᠪᠠᠢᠭᠤᠯᠤᠯᠲᠠ ᠶ᠋ᠢ ᠤᠯᠠᠮ ᠨᠢᠭᠡ ᠠᠯᠬᠤᠮ ᠴᠢᠩᠭᠠᠳᠬᠠᠬᠤ ᠬᠡᠷᠡᠭᠲᠡᠢ ᠃ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠭᠴᠢ ᠶ᠋ᠢᠨ ᠲᠤᠰ ᠪᠡᠶ᠎ᠡ ᠶ᠋ᠢᠨ ᠲᠤᠬᠠᠢᠯᠠᠭᠰᠠᠨ ᠠᠵᠢᠯ ᠤ᠋ᠨ ᠬᠢᠷᠢ ᠬᠡᠮᠵᠢᠶ᠎ᠡ ᠪᠠ ᠦᠢᠯᠡᠴᠢᠯᠡᠭᠡᠨ ᠦ᠌ ᠴᠢᠳᠠᠪᠤᠷᠢ ᠶ᠋ᠢ ᠦᠨᠡᠨᠬᠦ ᠳᠡᠭᠡᠭᠰᠢᠯᠡᠭᠦᠯᠵᠦ ᠂ ᠵᠠᠬᠢᠳᠠᠯ ᠰᠤᠷᠪᠤᠯᠵᠢᠯᠠᠭ᠎ᠠ ᠶ᠋ᠢᠨ ᠳᠠᠷᠤᠭᠳᠠᠮᠠᠯ ᠬᠡᠷᠡᠭ ᠪᠣᠯᠤᠨ ᠠᠷᠠᠳ ᠣᠯᠠᠨ ᠤ᠋ ᠲᠤᠰᠬᠠᠯ ᠴᠢᠩᠭ᠎ᠠ ᠪᠠᠢᠭ᠎ᠠ ᠳᠣᠪᠣᠢᠮ᠎ᠠ ᠠᠰᠠᠭᠤᠳᠠᠯ ᠢ᠋ ᠰᠢᠢᠳᠪᠦᠷᠢᠯᠡᠬᠦ ᠳ᠋ᠦ᠍ ᠢᠳᠡᠪᠬᠢᠲᠡᠢ ᠣᠷᠣᠯᠴᠠᠵᠤ ᠂ ᠵᠠᠬᠢᠳᠠᠯ ᠰᠤᠷᠪᠤᠯᠵᠢᠯᠠᠭ᠎ᠠ ᠶ᠋ᠢᠨ ᠠᠵᠢᠯ ᠤ᠋ᠨ ᠬᠥᠭᠥᠷᠭᠡ ᠪᠠ ᠬᠣᠯᠪᠣᠭᠠᠰᠤ ᠶ᠋ᠢᠨ ᠦᠢᠯᠡᠳᠦᠯ ᠢ᠋ ᠭᠦᠢᠴᠡᠳ ᠪᠠᠳᠠᠷᠠᠭᠤᠯᠤᠨ ᠂ ᠬᠠᠤᠯᠢ ᠴᠠᠭᠠᠵᠠ ᠵᠠᠬᠢᠳᠠᠯ ᠰᠤᠷᠪᠤᠯᠵᠢᠯᠠᠭ᠎ᠠ ᠶ᠋ᠢᠨ ᠵᠥᠷᠢᠴᠡᠯ ᠢ᠋ ᠨᠠᠮᠳᠠᠭᠤᠯᠬᠤ ᠣᠯᠠᠨ ᠡᠰᠢᠲᠦ ᠠᠵᠢᠯ ᠤ᠋ᠨ ᠪᠠᠢᠷᠢᠰᠢᠯ ᠢ᠋ ᠬᠠᠮᠲᠤ ᠪᠠᠷ ᠪᠠᠢᠭᠤᠯᠬᠤ ᠬᠡᠷᠡᠭᠲᠡᠢ ᠃

     ᠳᠥᠷᠪᠡ ᠳ᠋ᠦ᠍ ᠤᠬᠠᠭᠤᠯᠭ᠎ᠠ ᠶ᠋ᠢᠨ ᠡᠷᠴᠢᠮ ᠢ᠋ᠶ᠋ᠡᠨ ᠤᠯᠠᠮ ᠨᠢᠭᠡ ᠠᠯᠬᠤᠮ ᠨᠡᠮᠡᠭᠳᠡᠭᠦᠯᠬᠦ ᠬᠡᠷᠡᠭᠲᠡᠢ ᠃ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠬᠦ ᠳᠦᠷᠢᠮ ᠦᠨ ᠪᠣᠳᠠᠲᠠᠢ ᠠᠭᠤᠯᠭ᠎ᠠ ᠶ᠋ᠢ ᠭᠦᠨᠵᠡᠭᠡᠢ ᠤᠩᠰᠢᠨ ᠲᠠᠢᠯᠪᠤᠷᠢᠯᠠᠵᠤ ᠂ ᠵᠠᠬᠢᠳᠠᠯ ᠰᠤᠷᠪᠤᠯᠵᠢᠯᠠᠭ᠎ᠠ ᠶ᠋ᠢᠨ ᠬᠦᠯᠢᠶᠡᠨ ᠠᠪᠬᠤ ᠭᠦᠢᠴᠡᠳᠬᠡᠬᠦ ᠠᠯᠬᠤᠮ ᠳᠠᠷᠠᠭ᠎ᠠ ᠂ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠬᠦ ᠳᠠᠪᠠᠭᠤᠯᠢᠭ ᠢ᠋ ᠰᠠᠨᠠᠭᠠᠴᠢᠯᠠᠭ᠎ᠠ ᠠ᠋ᠴᠠ ᠪᠠᠨ ᠣᠯᠠᠨ ᠲᠦᠮᠡᠨ ᠳ᠋ᠦ᠍ ᠲᠦᠭᠡᠮᠡᠯᠵᠢᠭᠦᠯᠵᠦ ᠂ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠬᠦ ᠠᠵᠢᠯ ᠳ᠋ᠤ᠌ ᠣᠯᠠᠨ ᠲᠦᠮᠡᠨ ᠦ᠌ ᠮᠡᠳᠡᠵᠦ ᠮᠡᠳᠡᠬᠦ ᠨᠣᠷᠮ᠎ᠠ ᠪᠣᠯᠤᠨ ᠵᠠᠬᠢᠳᠠᠯ ᠰᠤᠷᠪᠤᠯᠵᠢᠯᠠᠭ᠎ᠠ ᠶ᠋ᠢᠨ ᠣᠷᠣᠯᠠᠨ ᠭᠦᠢᠴᠡᠳᠬᠡᠬᠦ ᠶᠠᠪᠤᠳᠠᠯ ᠤ᠋ᠨ ᠣᠯᠠᠨ ᠲᠦᠮᠡᠨ ᠦ᠌ ᠳᠤᠮᠳᠠᠬᠢ ᠨᠥᠯᠥᠭᠡᠯᠡᠬᠦ ᠬᠦᠴᠦᠨ ᠢ᠋ ᠳᠡᠭᠡᠭᠰᠢᠯᠡᠭᠦᠯᠵᠦ ᠂ ᠣᠯᠠᠨ ᠲᠦᠮᠡᠨ ᠢ᠋ ᠬᠥᠲᠥᠯᠦᠨ ᠵᠢᠯᠣᠭᠣᠳᠴᠤ ᠪᠠᠢᠭᠠᠳ ᠬᠠᠤᠯᠢ ᠴᠠᠭᠠᠵᠠ ᠶ᠋ᠢᠨ ᠠᠷᠭ᠎ᠠ ᠪᠠᠷᠢᠯ ᠢ᠋ᠶ᠋ᠠᠷ ᠳᠠᠮᠵᠢᠭᠤᠯᠤᠨ ᠠᠰᠠᠭᠤᠳᠠᠯ ᠢ᠋ ᠨᠢ ᠰᠢᠢᠳᠪᠦᠷᠢᠯᠡᠵᠦ ᠂ ᠡᠶ᠎ᠡ ᠵᠣᠬᠢᠴᠠᠯ ᠲᠠᠢ ᠪᠥᠭᠡᠳ ᠲᠣᠭᠲᠠᠭᠤᠨ ᠨᠡᠢᠭᠡᠮ ᠦᠨ ᠣᠷᠴᠢᠨ ᠠᠬᠤᠢ ᠶ᠋ᠢ ᠪᠣᠢ ᠪᠣᠯᠭᠠᠬᠤ ᠬᠡᠷᠡᠭᠲᠡᠢ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )