ᠠᠯᠪᠠᠨ ᠵᠠᠷ
2020.12.15 ᠲᠣᠰ ᠥᠷᠲᠡᠭᠡᠨ᠎ᠦ ᠨᠠᠢᠷᠠᠭᠤᠯᠤᠭᠴᠢ

     ᠲᠣᠰ ᠬᠣᠷᠢᠶ᠎ᠠ  ᠪᠤᠤ ᠱᠠᠩ ᠪᠠᠩᠬᠢ ᠶᠢᠨ ᠬᠤᠪᠢ ᠣᠷᠣᠭᠤᠯᠤᠭᠰᠠᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠪᠤᠭᠤᠲᠤ  ᠳ᠋ᠡᠬᠢ ᠶᠢᠨ ᠾᠧ ᠰᠠᠯᠪᠤᠷᠢ ᠪᠠᠩᠬᠢ ᠶᠢᠨ ᠣᠷᠳᠣᠰ ᠬᠣᠲᠠ ᠶᠢᠨ ᠸᠠᠨ ᠴᠢᠶᠠᠨ ᠵᠢᠶᠠᠨ ᠭᠡᠷ ᠪᠠᠢᠰᠢᠩ ᠭᠠᠵᠠᠷ ᠬᠥᠷᠥᠩᠭᠡ ᠶᠢᠨ ᠨᠡᠭᠡᠭᠡᠯᠲᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠂ ᠣᠷᠳᠣᠰ ᠬᠣᠲᠠ ᠶᠢᠨ ᠳ᠋ᠦᠩᠱᠧᠩ ᠲᠣᠭᠣᠷᠢᠭ ᠤᠨ  ᠪᠠ ᠯᠢ  ᠴᠦᠨ ᠲᠢᠶᠠᠨ ᠪᠦᠷᠢᠨ ᠪᠠᠷᠠᠭᠠᠲᠤ ᠳᠡᠯᠭᠡᠭᠦᠷ ᠤ᠋ᠨ ᠬᠢᠵᠠᠭᠠᠷᠲᠤ ᠺᠣᠮᠫᠠᠨᠢ ᠂ ᠸᠠᠩ ᠵᠢᠶᠦ᠋ᠨ ᠵᠧᠨ ᠂ ᠸᠠᠨ ᠴᠧᠩ ᠂ ᠸᠠᠩ  ᠮᠠᠨ ᠴᠢ ᠮᠥᠩᠭᠥᠨ  ᠭᠦᠢᠯᠭᠡᠭᠡᠨ ᠦ ᠵᠣᠭᠣᠰ ᠵᠢᠭᠡᠯᠡᠬᠦ ᠭᠡᠷ᠎ᠡ ᠶᠢᠨ ᠵᠢᠭᠤᠷᠠᠯᠳᠤᠭᠠᠨ ᠢ᠋ ᠭᠦᠶᠴᠡᠳᠬᠡᠭᠦᠯᠬᠦ ᠪᠡᠷ ᠭᠤᠶᠤᠴᠢᠯᠠᠭᠰᠠᠨ ᠬᠡᠷᠡᠭ ᠢ ᠭᠥᠯᠢᠶᠡᠨ ᠠᠪᠴᠤ  ᠰᠢᠢᠳᠪᠦᠷᠢᠯᠡᠭᠰᠡᠨ ᠪᠠᠢᠨ᠎ᠠ ᠂ (  ᠬᠡᠷᠡᠭ ᠦᠨ ᠳ᠋ᠤᠭᠠᠷ (2020) 06 ᠳ᠋ᠤᠭᠠᠷ ᠨᠣᠮᠧᠷ  116 ᠳ᠋ᠤᠭᠠᠷ ᠲᠣᠭᠠᠲᠤ ) ᠃  ᠣᠳᠣ ᠲᠠᠨᠠᠷ ᠲᠤ ᠬᠠᠸᠯᠢ ᠶᠣᠰᠣᠭᠠᠷ ᠠᠯᠪᠠᠨ ᠵᠠᠷ ᠢ᠋ ᠮᠡᠳᠡᠭᠳᠡᠶ᠎ᠡ (2020 ᠣᠨ ) 06 ᠳ᠋ᠤᠭᠠᠷ ᠨᠣᠮᠧᠷ  116 ᠳ᠋ᠤᠭᠠᠷ ᠲᠣᠭᠠᠲᠤ ᠭᠦᠶᠴᠡᠳᠬᠡᠬᠦ ᠲᠣᠭᠲᠠᠭᠠᠯᠲᠠ ᠶᠢᠨ  ᠪᠢᠴᠢᠭ᠌ ( ᠲᠣᠭᠲᠠᠭᠠᠯᠲᠠ ᠵᠢᠨ ᠭᠣᠣᠯ ᠠᠭᠤᠯᠠᠨ᠎ᠠ ᠄ ᠨᠢᠭᠡ ᠂ ᠭᠦᠶᠴᠡᠳᠬᠡᠭᠳᠡᠭᠴᠢ ᠣᠷᠳᠣᠰ ᠬᠣᠲᠠ ᠶᠢᠨ ᠸᠠᠨ ᠴᠢᠶᠠᠨ ᠵᠢᠶᠠᠨ ᠭᠡᠷ ᠪᠠᠶᠢᠰᠢᠩ ᠭᠠᠵᠠᠷ ᠬᠥᠷᠥᠩᠭᠡ ᠶᠢᠨ ᠨᠡᠭᠡᠭᠡᠯᠲᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠥᠮᠴᠢᠯᠡᠵᠦ ᠪᠠᠶᠭ᠎ᠠ ᠣᠷᠳᠣᠰ ᠬᠣᠲᠠ ᠶᠢᠨ ᠳ᠋ᠦᠩᠱᠧᠩ ᠲᠣᠭᠣᠷᠢᠭ ᠤᠨ  ᠰᠢᠶᠣᠣ ᠶᠤᠸᠠᠨ ᠵᠠᠮ ᠤ᠋ᠨ 25 ᠳ᠋ᠤᠭᠠᠷ ᠨᠣᠮᠧᠷᠲᠤ ᠹᠧᠩ ᠬᠤᠸᠠᠩ ᠴᠧᠩ ᠰᠢᠨ᠎ᠡ ᠬᠣᠲᠠ ᠶᠢᠨ 5 ᠳ᠋ᠤᠭᠠᠷ ᠠᠰᠠᠷ  ᠤ᠋ᠨ 1 ᠳ᠋ᠤᠭᠡᠷ ᠳᠠᠪᠬᠤᠷᠭ᠎ᠠ  ᠵᠢᠨ 109 ᠲᠠᠰᠤᠭ ᠢ ᠪᠠᠶᠢᠴᠠᠭᠠᠨ ᠪᠢᠲᠡᠭᠦᠮᠵᠢᠯᠡᠪᠡ ᠃  ᠥᠮᠴᠢᠯᠡᠬᠦ ᠡᠷᠬᠡ ᠶᠢᠨ ᠦᠨᠡᠮᠯᠡᠯ ᠦᠨ ᠨᠣᠮᠧᠷ ᠄ ᠮᠣᠩᠭᠣᠯ ᠬᠡᠷ ᠪᠠᠶᠢᠰᠢᠩ ᠤᠨ ᠡᠷᠬᠡ ᠶᠢᠨ ᠦᠨᠡᠮᠯᠡᠯ ᠦᠨ ᠳ᠋ᠦᠩᠱᠧᠩ ᠲᠣᠭᠣᠷᠢᠭ ᠂ᠥᠰᠥᠭ 1051214414  ᠳ᠋ᠤᠭᠡᠷ ᠬᠡᠷ ︔ ᠬᠣᠶᠠᠷ ᠂ ᠭᠦᠶᠴᠡᠳᠬᠡᠭᠳᠡᠭᠴᠢ ᠣᠷᠳᠣᠰ ᠬᠣᠲᠠ ᠶᠢᠨ  ᠴᠢᠶᠠᠨ ᠸᠠᠨ ᠵᠢᠶᠠᠨ ᠭᠡᠷ  ᠪᠠᠢᠰᠢᠶᠩ ᠭᠠᠵᠠᠷ ᠬᠥᠷᠥᠩᠭᠡ ᠶᠢᠨᠨᠡᠭᠡᠭᠡᠯᠲᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠥᠮᠴᠢᠯᠡᠵᠦ  ᠪᠠᠢᠭ᠎ᠠ ᠣᠷᠳᠣᠰ ᠬᠣᠲᠠ ᠶᠢᠨ ᠳ᠋ᠦᠩᠱᠧᠩ ᠲᠣᠭᠣᠷᠢᠭ ᠤᠨ ᠣᠲᠣᠭ ᠵᠡᠭᠡᠯᠢ ᠶᠢᠨ  ᠬᠣᠢᠲᠤ ᠬᠡᠰᠡᠭ ᠂ ᠬᠠᠩᠭᠢᠨ  ᠬᠣᠢᠲᠤ ᠵᠠᠮ ᠤᠨ ᠪᠠᠷᠠᠭᠤᠨ ᠬᠡᠰᠡᠭ  ᠵᠢ ᠪᠢᠲᠡᠭᠦᠮᠵᠢᠯᠡᠪᠡ ᠃ ᠥᠮᠴᠢᠯᠡᠬᠦ ᠡᠷᠬᠡ ᠶᠢᠨ ᠦᠨᠡᠮᠯᠡᠯ ᠦᠨ ᠨᠣᠮᠧᠷ ᠄ ᠬᠤᠪᠸᠢ ᠵᠢᠨ ᠬᠡᠷᠡᠭᠯᠡᠭᠡᠨ ᠤ᠋ ᠨᠤᠮᠸᠷ ( 2012 ) 000350 ᠳ᠋ᠤᠭᠠᠷ ᠤᠯᠤᠰ ᠠᠴᠠ ᠥᠮᠴᠢᠯᠡᠯ ᠦᠨ ᠭᠠᠵᠠᠷ ᠰᠢᠷᠣᠶ ᠶᠢᠨ ᠬᠡᠷᠡᠭᠯᠡᠬᠦ ᠡᠷᠬᠡ ) ᠵᠢᠴᠢ (2020 ᠣᠨ ) ᠳᠣᠲᠣᠷᠠᠬᠢ 06 ᠳ᠋ᠤᠭ ᠠᠷ ᠣᠨ ᠭᠦᠶᠴᠡᠳᠬᠡᠬᠦ ᠬᠤᠶᠠᠳᠤᠭᠠᠷ ᠤᠨ ᠭᠦᠶᠴᠡᠳᠬᠡᠬᠦ ᠲᠣᠭᠲᠠᠭᠠᠯᠲᠠ ᠶᠢᠨ  ᠪᠢᠴᠢᠭ᠌ ( ᠲᠣᠭᠲᠠᠭᠠᠯᠲᠠ ᠶᠢᠨ  ᠭᠣᠣᠯ ᠠᠭᠤᠯᠭ᠎ᠠ ᠄ ᠲᠣᠰ ᠤᠳᠠᠭᠠᠨ ᠤ ᠭᠦᠶᠴᠡᠳᠬᠡᠬᠦ ᠵᠢᠷᠤᠮ ᠢ ᠳᠠᠭᠤᠰᠬᠠᠨ᠎ᠠ )᠂ ᠲᠤᠰ ᠠᠯᠪᠠᠨ ᠵᠠᠷ ᠨᠡᠢᠲᠡᠯᠡᠭᠰᠡᠨ ᠡᠳᠦᠷ ᠡᠴᠡ ᠡᠬᠢᠯᠡᠨ 60 ᠡᠳᠦᠷ ᠦᠨ ᠳᠣᠲᠣᠷ᠎ᠠ ᠲᠤᠰ ᠬᠣᠷᠢᠶᠠᠨ ᠳᠤ ᠬᠦᠷᠴᠦ ᠭᠦᠢᠴᠡᠳᠭᠡᠭᠰᠡᠨ ᠲᠣᠭᠲᠠᠭᠠᠯᠲᠠ ᠶᠢᠨ ᠪᠢᠴᠢᠭ᠌ ᠢ ᠠᠪᠬᠤ ᠬᠡᠷᠡᠭᠲᠡᠢ᠂ ᠬᠤᠭᠤᠴᠠᠭ᠎ᠠ ᠬᠡᠲᠦᠷᠡᠪᠡᠯ ᠬᠦᠷᠭᠡᠭᠰᠡᠨ ᠢᠶᠡᠷ  ᠰᠢᠢᠳᠪᠦᠷᠢᠯᠡᠨ᠎ᠡ᠃ 

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )