3 ᠰᠠᠷ᠎ᠠ ᠶ᠋ᠢᠨ 26 ᠤ᠋ ᠡᠳᠦᠷ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠬᠥᠳᠡᠯᠮᠦᠷᠢ ᠵᠠᠮ ᠬᠠᠷᠢᠯᠴᠠᠭᠠᠨ ᠤ᠋ ᠰᠤᠷᠭᠠᠨ ᠬᠥᠮᠦᠵᠢᠯ ᠦ᠋ᠨ ᠬᠠᠮᠲᠤᠷᠠᠨ ᠵᠥᠪᠯᠡᠬᠦ ᠲᠢᠩᠬᠢᠮ ᠦ᠋ᠨ ᠰᠢᠭᠦᠭᠴᠢ ᠨᠢ ᠰᠢᠭᠦᠯᠲᠡ ᠡᠬᠢᠯᠡᠬᠦ ᠲᠣᠬᠢᠶᠠᠯ ᠢ᠋ ᠠᠰᠢᠭᠯᠠᠨ ᠣᠲᠣᠭ ᠬᠤᠰᠢᠭᠤᠨ ᠤ᠋ ᠠᠷᠠᠳ ᠤ᠋ᠨ ᠰᠢᠭᠦᠬᠦ ᠬᠣᠷᠢᠶ᠎ᠠ ᠶ᠋ᠢᠨ ᠢᠷᠭᠡᠨ ᠦ᠌ ᠪᠠ ᠬᠤᠳᠠᠯᠳᠤᠭᠠᠨ ᠤ᠋ ᠬᠡᠷᠡᠭ ᠦ᠋ᠨ ᠰᠢᠭᠦᠭᠴᠢ ᠲᠡᠢ ᠶᠠᠷᠢᠯᠴᠠᠬᠤ ᠬᠤᠷᠠᠯ ᠬᠢᠵᠦ ᠬᠥᠳᠡᠯᠮᠦᠷᠢ ᠶ᠋ᠢᠨ ᠮᠠᠷᠭᠤᠯᠳᠤᠭᠠᠨ ᠂ ᠵᠠᠮ ᠬᠠᠷᠢᠯᠴᠠᠭᠠᠨ ᠤ᠋ ᠡᠨᠳᠡᠯ ᠂ ᠡᠷᠬᠡ ᠳ᠋ᠦ᠍ ᠬᠠᠯᠳᠠᠭᠰᠠᠨ ᠵᠢᠴᠢ ᠭᠦᠢᠴᠡᠳᠬᠡᠬᠦ ᠳ᠋ᠦ᠍ ᠣᠨᠳᠣᠣ ᠰᠠᠨᠠᠯ ᠳᠤᠷᠠᠳᠤᠭᠰᠠᠨ ᠵᠠᠷᠭᠤ ᠶ᠋ᠢᠨ ᠬᠡᠷᠡᠭ ᠦ᠋ᠨ ᠰᠢᠭᠦᠨ ᠲᠠᠰᠤᠯᠤᠯᠲᠠ ᠳ᠋ᠠᠬᠢ ᠬᠠᠯᠠᠮᠰᠢᠯ ᠂ ᠬᠦᠴᠢᠷ ᠠᠰᠠᠭᠤᠳᠠᠯ ᠤ᠋ᠨ ᠲᠤᠬᠠᠢ ᠰᠢᠭᠦᠨ ᠲᠠᠰᠤᠯᠬᠤ ᠰᠡᠳᠬᠢᠴᠡ ᠪᠡᠨ ᠲᠣᠳᠣᠷᠬᠠᠢ ᠪᠣᠯᠭᠠᠵᠠᠢ ᠃
ᠬᠤᠷᠠᠯ ᠳᠡᠭᠡᠷ᠎ᠡ ᠂ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠬᠥᠳᠡᠯᠮᠦᠷᠢ ᠵᠠᠮ ᠬᠠᠷᠢᠯᠴᠠᠭ᠎ᠠ ᠡᠮ ᠡᠮᠨᠡᠯᠭᠡ ᠶ᠋ᠢᠨ ᠰᠤᠷᠭᠠᠨ ᠬᠥᠮᠦᠵᠢᠯ ᠦ᠋ᠨ ᠬᠠᠮᠲᠤᠷᠠᠨ ᠵᠥᠪᠯᠡᠬᠦ ᠲᠢᠩᠬᠢᠮ ᠨᠢ ᠣᠲᠣᠭ ᠬᠤᠰᠢᠭᠤᠨ ᠤ᠋ ᠠᠷᠠᠳ ᠤ᠋ᠨ ᠰᠢᠭᠦᠬᠦ ᠬᠣᠷᠢᠶᠠᠨ ᠤ᠋ 2019 ᠣᠨ ᠤ᠋ ᠢᠷᠭᠡᠨ ᠦ᠌ ᠪᠠ ᠬᠤᠳᠠᠯᠳᠤᠭᠠᠨ ᠤ᠋ ᠬᠡᠷᠡᠭ ᠦ᠋ᠨ ᠰᠢᠭᠦᠨ ᠲᠠᠰᠤᠯᠤᠯᠲᠠ ᠶ᠋ᠢᠨ ᠭᠦᠢᠴᠡᠳᠬᠡᠯ ᠲᠣᠭ᠎ᠠ ᠶ᠋ᠢ ᠪᠡᠶᠡᠯᠡᠭᠦᠯᠦᠭᠰᠡᠨ ᠪᠠᠢᠳᠠᠯ ᠢ᠋ ᠨᠠᠷᠢᠨ ᠣᠢᠯᠠᠭᠠᠵᠤ ᠂ 2019 ᠣᠨ ᠤ᠋ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠬᠥᠳᠡᠯᠮᠦᠷᠢ ᠵᠠᠮ ᠬᠠᠷᠢᠯᠴᠠᠭ᠎ᠠ ᠡᠮ ᠡᠮᠨᠡᠯᠭᠡ ᠶ᠋ᠢᠨ ᠰᠤᠷᠭᠠᠨ ᠬᠥᠮᠦᠵᠢᠯ ᠦ᠋ᠨ ᠬᠠᠮᠲᠤᠷᠠᠨ ᠵᠥᠪᠯᠡᠬᠦ ᠲᠢᠩᠬᠢᠮ ᠦ᠋ᠨ ᠲᠤᠰ ᠬᠣᠷᠢᠶᠠᠨ ᠳ᠋ᠤ᠌ ᠳᠡᠭᠡᠭᠰᠢ ᠵᠠᠭᠠᠯᠳᠤᠭᠰᠠᠨ ᠬᠡᠷᠡᠭ ᠢ᠋ ᠪᠤᠴᠠᠭᠠᠬᠤ ᠂ ᠥᠭᠡᠷᠡᠴᠢᠯᠡᠨ ᠲᠠᠰᠤᠯᠤᠭᠰᠠᠨ ᠪᠠᠢᠳᠠᠯ ᠢ᠋ ᠰᠢᠭᠦᠨ ᠲᠠᠰᠤᠯᠤᠯᠲᠠ ᠳ᠋ᠠᠬᠢ ᠰᠢᠭᠦᠨ ᠲᠠᠰᠤᠯᠤᠯᠲᠠ ᠶ᠋ᠢᠨ ᠪᠠᠷᠢᠮᠵᠢᠶ᠎ᠠ ᠪᠣᠯᠤᠨ ᠨᠢᠭᠡᠳᠦᠭᠡᠷ ᠹᠷᠣᠨᠲ ᠲᠤ᠌ ᠳᠠᠮᠵᠢᠭᠤᠯᠤᠨ ᠥᠭᠴᠡᠢ ᠃
ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠬᠥᠳᠡᠯᠮᠦᠷᠢ ᠵᠠᠮ ᠬᠠᠷᠢᠯᠴᠠᠭ᠎ᠠ ᠰᠤᠷᠭᠠᠨ ᠬᠥᠮᠦᠵᠢᠯ ᠦ᠋ᠨ ᠬᠠᠮᠲᠤᠷᠠᠨ ᠵᠥᠪᠯᠡᠬᠦ ᠲᠢᠩᠬᠢᠮ ᠲᠤᠰᠬᠠᠢ ᠬᠠᠷᠢᠶᠠᠲᠤ ᠬᠡᠷᠡᠭ ᠦ᠋ᠨ ᠲᠤᠬᠠᠢ ᠳᠣᠣᠷᠠᠬᠢ ᠮᠡᠲᠦ ᠰᠠᠨᠠᠯ ᠳᠤᠷᠠᠳᠪᠠ ᠄ ᠨᠢᠭᠡ ᠳ᠋ᠦ᠍ ᠬᠢᠵᠢᠭ᠌ ᠦ᠋ᠨ ᠪᠠᠢᠳᠠᠯ ᠤ᠋ᠨ ᠨᠥᠯᠥᠭᠡᠯᠡᠯ ᠡᠴᠡ ᠪᠣᠯᠤᠭᠰᠠᠨ ᠬᠥᠳᠡᠯᠮᠦᠷᠢ ᠶ᠋ᠢᠨ ᠮᠠᠷᠭᠤᠯᠳᠤᠭᠠᠨ ᠤ᠋ ᠬᠡᠷᠡᠭ ᠢ᠋ ᠲᠣᠬᠢᠲᠠᠢ ᠰᠢᠭᠦᠨ ᠰᠢᠢᠳᠪᠦᠷᠢᠯᠡᠬᠦ ᠬᠡᠷᠡᠭᠲᠡᠢ ᠂ ᠲᠡᠩᠴᠡᠭᠦᠷᠢᠲᠡᠢ ᠬᠠᠮᠠᠭᠠᠯᠠᠬᠤ ᠣᠨᠣᠯᠵᠢᠬᠤᠨ ᠢ᠋ ᠪᠣᠢ ᠪᠣᠯᠭᠠᠨ ᠬᠥᠳᠡᠯᠮᠦᠷᠢᠴᠢᠨ ᠦ᠌ ᠬᠠᠤᠯᠢ ᠶᠣᠰᠣᠨ ᠤ᠋ ᠡᠷᠬᠡ ᠠᠰᠢᠭ ᠢ᠋ ᠰᠠᠢᠲᠤᠷ ᠬᠠᠮᠠᠭᠠᠯᠠᠬᠤ ᠶ᠋ᠢᠨ ᠬᠠᠮᠲᠤ ᠬᠥᠮᠦᠨ ᠬᠡᠷᠡᠭᠯᠡᠬᠦ ᠨᠢᠭᠡᠴᠡ ᠶ᠋ᠢᠨ ᠬᠥᠭᠵᠢᠯᠲᠡ ᠶ᠋ᠢᠨ ᠡᠷᠬᠡ ᠠᠰᠢᠭ ᠢ᠋ ᠢᠳᠡᠪᠬᠢᠲᠡᠢ ᠬᠥᠲᠥᠯᠦᠨ ᠵᠢᠯᠣᠭᠣᠳᠴᠤ ᠡᠶ᠎ᠡ ᠵᠣᠬᠢᠴᠠᠯ ᠲᠠᠢ ᠲᠣᠭᠲᠠᠭᠤᠨ ᠪᠠᠢᠬᠤ ᠶ᠋ᠢ ᠪᠠᠲᠤᠯᠠᠨ᠎ᠠ ᠃ ᠬᠣᠶᠠᠷ ᠲᠤ᠌ ᠵᠠᠮ ᠬᠠᠷᠢᠯᠴᠠᠭᠠᠨ ᠤ᠋ ᠡᠨᠳᠡᠯ ᠂ ᠡᠮᠴᠢᠯᠡᠭᠡᠨ ᠦ᠌ ᠬᠣᠬᠢᠷᠠᠯ ᠤ᠋ᠨ ᠬᠠᠷᠢᠭᠤᠴᠠᠯᠭ᠎ᠠ ᠶ᠋ᠢᠨ ᠵᠢᠭᠤᠷᠠᠯᠳᠤᠭᠠᠨ ᠂ ᠬᠥᠳᠡᠯᠮᠦᠷᠢ ᠦᠢᠯᠡᠴᠢᠯᠡᠭᠡᠨ ᠦ᠌ ᠬᠣᠬᠢᠷᠠᠯ ᠬᠥᠨᠥᠭᠡᠯ ᠤᠴᠠᠷᠠᠭᠤᠯᠤᠭᠰᠠᠨ ᠬᠠᠷᠢᠭᠤᠴᠠᠯᠭ᠎ᠠ ᠶ᠋ᠢᠨ ᠵᠢᠭᠤᠷᠠᠯᠳᠤᠭᠠᠨ ᠬᠠᠩᠭᠠᠬᠤ ᠵᠡᠷᠭᠡ ᠡᠯ᠎ᠡ ᠲᠥᠷᠥᠯ ᠦ᠋ᠨ ᠡᠷᠬᠡ ᠳ᠋ᠦ᠍ ᠬᠠᠯᠳᠠᠭᠰᠠᠨ ᠬᠡᠷᠡᠭ ᠢ᠋ ᠲᠣᠬᠢᠲᠠᠢ ᠰᠢᠭᠦᠨ ᠰᠢᠢᠳᠪᠦᠷᠢᠯᠡᠵᠦ ᠂ ᠨᠡᠢᠭᠡᠮ ᠦ᠋ᠨ ᠵᠠᠰᠠᠯᠲᠠ ᠳᠤᠮᠳᠠᠬᠢ ᠬᠠᠤᠯᠢ ᠴᠠᠭᠠᠵᠠ ᠶ᠋ᠢᠨ ᠲᠣᠬᠢᠷᠠᠭᠤᠯᠤᠭᠴᠢ ᠂ ᠲᠣᠭᠲᠠᠪᠤᠷᠢᠵᠢᠭᠤᠯᠬᠤ ᠮᠠᠰᠢᠨ ᠤ᠋ ᠴᠢᠳᠠᠮᠵᠢ ᠶ᠋ᠢ ᠰᠠᠢᠲᠤᠷ ᠪᠠᠳᠠᠷᠠᠭᠤᠯᠬᠤ ᠶ᠋ᠢᠨ ᠬᠠᠮᠲᠤ ᠰᠢᠭᠦᠨ ᠲᠠᠰᠤᠯᠤᠯᠲᠠ ᠪᠠᠷ ᠨᠡᠢᠭᠡᠮ ᠦ᠋ᠨ ᠭᠣᠣᠯ ᠥᠷᠲᠡᠭ ᠦ᠋ᠨ ᠦᠵᠡᠯᠲᠡ ᠶ᠋ᠢ ᠵᠢᠯᠣᠭᠣᠳᠬᠤ ᠦᠢᠯᠡᠳᠦᠯ ᠢ᠋ ᠨᠢ ᠳᠡᠭᠡᠭᠰᠢᠯᠡᠭᠦᠯᠬᠦ ᠬᠡᠷᠡᠭᠲᠡᠢ ᠃ ᠭᠤᠷᠪᠠ ᠳ᠋ᠤ᠌ ᠭᠦᠢᠴᠡᠳᠬᠡᠬᠦ ᠳ᠋ᠦ᠍ ᠣᠨᠳᠣᠣ ᠰᠠᠨᠠᠯ ᠳᠤᠷᠠᠳᠤᠭᠰᠠᠨ ᠵᠠᠷᠭᠤ ᠶ᠋ᠢᠨ ᠰᠢᠭᠦᠨ ᠲᠠᠰᠤᠯᠤᠯᠲᠠ ᠳ᠋ᠠᠬᠢ ᠬᠠᠯᠠᠮᠰᠢᠯ ᠂ ᠬᠦᠴᠢᠷ ᠠᠰᠠᠭᠤᠳᠠᠯ ᠢ᠋ ᠭᠦᠢᠴᠡᠳ ᠠᠩᠬᠠᠷᠴᠤ ᠂ ᠲᠤᠰᠬᠠᠢᠵᠢᠭᠰᠠᠨ ᠰᠢᠭᠦᠨ ᠰᠢᠢᠳᠪᠦᠷᠢᠯᠡᠬᠦ ᠠᠷᠭ᠎ᠠ ᠮᠠᠶᠢᠭ ᠢ᠋ ᠢᠳᠡᠪᠬᠢᠲᠡᠢ ᠰᠦᠪᠡᠭᠴᠢᠯᠡᠵᠦ ᠂ ᠪᠠᠢᠴᠠᠭᠠᠨ ᠰᠤᠳᠤᠯᠬᠤ ᠠᠵᠢᠯ ᠤ᠋ᠨ ᠬᠢᠨᠠᠨ ᠲᠠᠰᠤᠯᠬᠤ ᠨᠢᠭᠡᠳᠦᠯᠲᠡᠢ ᠪᠠᠷᠢᠮᠵᠢᠶ᠎ᠠ ᠶ᠋ᠢ ᠴᠢᠩᠭᠠᠳᠬᠠᠵᠤ ᠂ ᠭᠦᠢᠴᠡᠳᠬᠡᠬᠦ ᠪᠡᠷ ᠭᠤᠶᠤᠴᠢᠯᠠᠭᠴᠢ ᠶ᠋ᠢᠨ ᠢᠯᠠᠬᠤ ᠠᠰᠢᠭ ᠲᠤᠰᠠ ᠪᠠ ᠬᠡᠷᠡᠭ ᠦ᠋ᠨ ᠭᠠᠳᠠᠨᠠᠬᠢ ᠬᠥᠮᠦᠨ ᠦ᠌ ᠪᠡᠶᠡᠲᠦ ᠴᠣᠭᠴᠠ ᠶ᠋ᠢᠨ ᠡᠷᠬᠡ ᠠᠰᠢᠭ ᠤ᠋ᠨ ᠬᠣᠭᠣᠷᠣᠨᠳᠣ ᠬᠠᠮᠤᠭ ᠰᠠᠢᠨ ᠲᠡᠩᠴᠡᠯ ᠦ᠋ᠨ ᠴᠡᠭ ᠡᠷᠢᠵᠦ ᠣᠯᠤᠨ᠎ᠠ ᠃ ᠬᠡᠷᠡᠭ ᠢ᠋ ᠰᠢᠢᠳᠪᠦᠷᠢᠯᠡᠬᠦ ᠳ᠋ᠦ᠍ ᠵᠠᠷᠭᠤ ᠳ᠋ᠤ᠌ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶ᠋ᠢᠨ ᠵᠢᠭᠤᠷᠠᠯᠳᠤᠭᠠᠨ ᠭᠠᠷᠭᠠᠬᠤ ᠦᠭᠡᠢ ᠃ ᠳᠥᠷᠪᠡ ᠳ᠋ᠦ᠍ ᠂ ᠰᠢᠭᠦᠭᠴᠢ ᠶ᠋ᠢ ᠬᠥᠲᠥᠯᠦᠨ ᠵᠢᠯᠣᠭᠣᠳᠴᠤ ᠪᠠᠢᠭᠠᠳ ᠲᠥᠷᠥᠯ ᠵᠦᠢᠯ ᠦ᠋ᠨ ᠬᠡᠷᠡᠭ ᠢ᠋ ᠡᠷᠢᠬᠦ ᠳᠠᠳᠬᠠᠯ ᠪᠣᠢ ᠪᠣᠯᠭᠠᠬᠤ ᠶ᠋ᠢ ᠴᠢᠬᠤᠯᠠᠴᠢᠯᠠᠨ ᠂ ᠠᠳᠠᠯᠢ ᠬᠡᠷᠡᠭ ᠲᠦ᠍ ᠠᠳᠠᠯᠢ ᠪᠤᠰᠤ ᠰᠢᠭᠦᠨ ᠲᠠᠰᠤᠯᠬᠤ ᠦᠵᠡᠭᠳᠡᠯ ᠭᠠᠷᠬᠤ ᠶ᠋ᠢ ᠬᠣᠷᠢᠭᠯᠠᠬᠤ ᠬᠡᠷᠡᠭᠲᠡᠢ ᠃ ᠲᠠᠪᠤ ᠳ᠋ᠤ᠌ ᠨᠡᠢᠭᠡᠮ ᠦ᠋ᠨ ᠬᠦᠨᠳᠦ ᠶᠡᠬᠡ ᠨᠥᠯᠥᠭᠡ ᠲᠡᠢ ᠬᠡᠷᠡᠭ ᠪᠠ ᠲᠤᠬᠠᠢ ᠶ᠋ᠢᠨ ᠬᠥᠮᠦᠨ ᠦ᠌ ᠲᠣᠭ᠎ᠠ ᠪᠠᠷ ᠨᠡᠯᠢᠶᠡᠳ ᠣᠯᠠᠨ ᠵᠢᠭᠤᠷᠠᠯᠳᠤᠭᠠᠨ ᠤ᠋ ᠬᠡᠷᠡᠭ ᠢ᠋ ᠳᠡᠭᠡᠳᠦ ᠱᠠᠲᠤᠨ ᠤ᠋ ᠰᠢᠭᠦᠬᠦ ᠬᠣᠷᠢᠶᠠᠨ ᠤ᠋ ᠲᠤᠰᠬᠠᠢ ᠮᠡᠷᠭᠡᠵᠢᠯ ᠦ᠋ᠨ ᠬᠠᠮᠲᠤᠷᠠᠨ ᠵᠥᠪᠯᠡᠬᠦ ᠲᠢᠩᠬᠢᠮ ᠯᠦ᠍ᠭᠡ ᠶ᠋ᠢᠨ ᠨᠡᠪᠲᠡᠷᠡᠯᠴᠡᠭᠡ ᠵᠣᠬᠢᠴᠠᠭᠤᠯᠤᠯ ᠢ᠋ᠶ᠋ᠠᠨ ᠴᠢᠩᠭᠠᠳᠬᠠᠵᠤ ᠂ ᠲᠠᠰᠤᠯᠤᠨ ᠲᠣᠭᠲᠠᠭᠠᠯᠲᠠ ᠶ᠋ᠢᠨ ᠬᠡᠮᠵᠢᠭᠦᠷ ᠢ᠋ ᠲᠣᠳᠣᠷᠬᠠᠢ ᠪᠣᠯᠭᠠᠵᠤ ᠂ ᠬᠠᠤᠯᠢ ᠴᠠᠭᠠᠵᠠ ᠶ᠋ᠢᠨ ᠣᠯᠠᠨ ᠨᠡᠢᠲᠡ ᠶ᠋ᠢ ᠢᠲᠡᠭᠡᠭᠦᠯᠬᠦ ᠬᠦᠴᠦᠨ ᠢ᠋ ᠳᠡᠭᠡᠭᠰᠢᠯᠡᠭᠦᠯᠵᠦ ᠬᠠᠤᠯᠢ ᠴᠠᠭᠠᠵᠠ ᠶ᠋ᠢᠨ ᠡᠷᠬᠡ ᠰᠦᠷ ᠢ᠋ ᠬᠠᠮᠠᠭᠠᠯᠠᠬᠤ ᠬᠡᠷᠡᠭᠲᠡᠢ ᠃ ᠬᠤᠷᠠᠯ ᠳ᠋ᠤ᠌ ᠣᠷᠣᠯᠴᠠᠭᠰᠠᠳ ᠪᠠᠰᠠ ᠬᠡᠪ ᠦ᠋ᠨ ᠰᠢᠭᠦᠨ ᠲᠠᠰᠤᠯᠤᠯᠲᠠ ᠶ᠋ᠢᠨ ᠡᠮᠬᠢ ᠳᠢᠭᠯᠢᠮ ᠢ᠋ ᠰᠡᠷᠭᠦᠭᠡᠭᠰᠡᠨ ᠦ᠌ ᠳᠠᠷᠠᠭ᠎ᠠ ᠰᠦᠯᠵᠢᠶᠡᠨ ᠳᠡᠭᠡᠷ᠎ᠡ ᠪᠠ ᠳᠣᠣᠷ᠎ᠠ ᠲᠢᠩᠬᠢᠮ ᠦ᠋ᠨ ᠰᠢᠭᠦᠯᠲᠡ ᠶ᠋ᠢ ᠬᠡᠷᠬᠢᠨ ᠵᠣᠬᠢᠰᠲᠠᠢ ᠲᠣᠬᠢᠷᠠᠭᠤᠯᠬᠤ ᠂ ᠬᠢᠵᠢᠭ ᠦ᠋ᠨ ᠨᠥᠯᠥᠭᠡ ᠡᠴᠡ ᠪᠣᠯᠵᠤ ᠡᠭᠦᠰᠴᠦ ᠮᠡᠳᠡᠬᠦ ᠬᠡᠷᠡᠭ ᠦ᠋ᠨ ᠲᠠᠰᠤᠯᠤᠨ ᠲᠣᠭᠲᠠᠭᠠᠯᠲᠠ ᠶ᠋ᠢᠨ ᠬᠡᠮᠵᠢᠶ᠎ᠡ ᠶ᠋ᠢ ᠬᠡᠷᠬᠢᠨ ᠡᠵᠡᠮᠰᠢᠬᠦ ᠂ ᠬᠦᠷᠭᠡᠬᠦ ᠠᠷᠭ᠎ᠠ ᠬᠡᠯᠪᠡᠷᠢ ᠶ᠋ᠢ ᠰᠢᠯᠢᠳᠡᠭᠵᠢᠭᠦᠯᠬᠦ ᠵᠢᠴᠢ ᠵᠢᠭᠤᠷᠠᠯᠳᠤᠭᠠᠨ ᠢ᠋ ᠣᠯᠠᠨ ᠡᠰᠢᠵᠢᠭᠦᠯᠦᠨ ᠰᠢᠢᠳᠪᠦᠷᠢᠯᠡᠬᠦ ᠵᠡᠷᠭᠡ ᠶᠠᠪᠤᠳᠠᠯ ᠤ᠋ᠨ ᠲᠤᠬᠠᠢ ᠰᠠᠨᠠᠯ ᠢ᠋ᠶ᠋ᠠᠨ ᠰᠣᠯᠢᠯᠴᠠᠵᠠᠢ ᠃
2020 ᠣᠨ ᠳ᠋ᠤ᠌ ᠬᠥᠳᠡᠯᠮᠦᠷᠢ ᠶ᠋ᠢᠨ ᠵᠠᠮ ᠬᠠᠷᠢᠯᠴᠠᠭᠠᠨ ᠤ᠋ ᠰᠤᠷᠭᠠᠨ ᠬᠥᠮᠦᠵᠢᠯ ᠦ᠋ᠨ ᠬᠠᠮᠲᠤᠷᠠᠨ ᠵᠥᠪᠯᠡᠬᠦ ᠲᠢᠩᠬᠢᠮ ᠨᠢ ᠲᠤᠰᠬᠠᠢᠵᠢᠭᠰᠠᠨ ᠰᠢᠭᠦᠨ ᠲᠠᠰᠤᠯᠬᠤ ᠳᠠᠪᠠᠭᠤᠯᠢᠭ ᠲᠠᠭᠠᠨ ᠲᠦᠰᠢᠭᠯᠡᠨ ᠳᠠᠭᠠᠭᠠᠴᠢᠯᠠᠯᠲᠠ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠢᠷᠭᠡᠨ ᠦ᠌ ᠬᠡᠷᠡᠭ ᠢ᠋ ᠳᠣᠣᠷᠠᠬᠢ ᠵᠢᠭᠠᠨ ᠵᠢᠯᠣᠭᠣᠳᠬᠤ ᠰᠠᠨᠠᠯ ᠢ᠋ ᠴᠢᠩᠭᠠᠳᠬᠠᠵᠤ ᠭᠦᠨᠵᠡᠭᠡᠢ ᠨᠡᠪᠲᠡᠷᠡᠯᠴᠡᠨ ᠰᠣᠯᠢᠯᠴᠠᠬᠤ ᠪᠠ ᠦᠨᠳᠦᠰᠦᠨ ᠱᠠᠲᠤᠨ ᠤ᠋ ᠰᠢᠭᠦᠬᠦ ᠬᠣᠷᠢᠶ᠎ᠠ ᠬᠠᠮᠲᠤᠷᠠᠨ ᠬᠡᠷᠡᠭ ᠰᠢᠢᠳᠪᠦᠷᠢᠯᠡᠬᠦ ᠬᠢᠷᠢ ᠲᠦᠪᠰᠢᠨ ᠦ᠌ ᠳᠠᠬᠢᠨ ᠲᠠᠪᠰᠢᠯᠲᠠ ᠶ᠋ᠢ ᠠᠬᠢᠭᠤᠯᠬᠤ ᠲᠤᠬᠠᠢ ᠰᠢᠭᠦᠨ ᠲᠠᠰᠤᠯᠤᠯᠲᠠ ᠶ᠋ᠢᠨ ᠴᠢᠨᠠᠷ ᠴᠢᠨᠰᠠᠭ᠎ᠠ ᠨᠢ ᠳᠠᠬᠢᠨ ᠳᠡᠭᠡᠭᠰᠢᠯᠡᠬᠦ ᠶ᠋ᠢ ᠠᠬᠢᠭᠤᠯᠤᠨ᠎ᠠ ᠃
ᠦᠨᠡᠯᠡᠬᠦ 0ᠦᠨᠡᠯᠡᠯᠲᠡ᠎ᠲᠠᠢ