3 ᠰᠠᠷ᠎ᠠ ᠶ᠋ᠢᠨ 16 ᠤ᠋ ᠡᠳᠦᠷ ᠦ᠋ᠨ ᠦᠳᠡ ᠶ᠋ᠢᠨ ᠡᠮᠦᠨ᠎ᠡ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠨᠢ ᠲᠤᠰ ᠲᠤᠰ ᠬᠣᠲᠠ ᠶ᠋ᠢᠨ ᠬᠠᠤᠯᠢ ᠴᠠᠭᠠᠵᠠ ᠶ᠋ᠢᠨ ᠲᠣᠪᠴᠢᠶ᠎ᠠ ᠶ᠋ᠢᠨ ᠭᠣᠣ ᠹᠧᠩ ᠢ ᠱᠦᠵᠢ ᠲᠡᠢ ᠬᠠᠮᠲᠤ ᠂ ᠬᠣᠲᠠ ᠶ᠋ᠢᠨ ᠡᠮᠴᠢᠯᠡᠭᠡᠨ ᠦ᠌ ᠡᠶᠡᠳᠡᠭᠦᠯᠬᠦ ᠺᠣᠮᠢᠰ ᠤ᠋ᠨ ᠵᠠᠩ ᠯᠢ ᠮᠢᠩ ᠨᠠᠷ ᠠᠷᠠᠳ ᠤ᠋ᠨ ᠡᠶᠡᠳᠡᠭᠦᠯᠬᠦ ᠠᠵᠢᠯ ᠤ᠋ᠨ ᠤᠴᠢᠷ ᠶᠠᠪᠤᠳᠠᠯ ᠤ᠋ᠨ ᠲᠤᠬᠠᠢ ᠶᠠᠷᠢᠯᠴᠠᠵᠠᠢ ᠃ ᠰᠠᠭᠤᠳᠠᠯ ᠤ᠋ᠨ ᠬᠤᠷᠠᠯ ᠢ᠋ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠳᠡᠳ᠋ ᠳᠠᠷᠤᠭ᠎ᠠ ᠯᠢ ᠮᠧᠢ ᠷᠦᠩ ᠡᠷᠬᠢᠯᠡᠵᠡᠢ ᠃
ᠬᠤᠷᠠᠯ ᠳᠡᠭᠡᠷ᠎ᠡ ᠂ ᠯᠢ ᠮᠧᠢ ᠷᠦᠩ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ 《 ᠬᠣᠶᠠᠷ ᠨᠢᠭᠡ ᠥᠷᠲᠡᠭᠡᠨ ᠦ᠌ ᠮᠠᠶᠢᠭ 》 ᠤ᠋ᠨ ᠪᠦᠲᠦᠭᠡᠨ ᠪᠠᠢᠭᠤᠯᠤᠯᠲᠠ ᠶ᠋ᠢᠨ ᠠᠵᠢᠯ ᠤ᠋ᠨ ᠠᠬᠤᠢ ᠪᠠᠢᠳᠠᠯ ᠵᠢᠴᠢ ᠠᠬᠢᠭᠤᠯᠤᠭᠰᠠᠨ ᠪᠠᠢᠳᠠᠯ ᠢ᠋ ᠲᠠᠨᠢᠯᠴᠠᠭᠤᠯᠪᠠ ᠃ ᠭᠦᠢᠴᠡᠳ ᠶᠠᠷᠢᠯᠴᠠᠨ ᠵᠥᠪᠳᠡᠯᠴᠡᠬᠦ ᠪᠡᠷ ᠳᠠᠮᠵᠢᠨ ᠂ ᠬᠣᠶᠠᠷ ᠲᠠᠯ᠎ᠠ ᠪᠠᠷ ᠢ᠋ᠶ᠋ᠠᠨ ᠤᠷᠤᠭ ᠭᠡᠷ ᠪᠦᠯᠢ ᠶ᠋ᠢᠨ ᠤᠴᠢᠷ ᠶᠠᠪᠤᠳᠠᠯ ᠂ ᠵᠠᠮ ᠬᠠᠷᠢᠯᠴᠠᠭ᠎ᠠ ᠂ ᠮᠥᠩᠭᠥᠨ ᠭᠦᠢᠯᠭᠡᠭᠡ ᠂ ᠡᠮ ᠡᠮᠨᠡᠯᠭᠡ ᠂ ᠠᠳᠠᠯ ᠠᠬᠤᠢ ᠂ ᠭᠠᠵᠠᠷ ᠰᠢᠷᠤᠢ ᠶ᠋ᠢᠨ ᠵᠢᠭᠤᠷᠠᠯᠳᠤᠭᠠᠨ ᠂ ᠬᠥᠳᠡᠯᠮᠦᠷᠢ ᠶ᠋ᠢᠨ ᠮᠠᠷᠭᠤᠯᠳᠤᠭᠠᠨ ᠂ ᠬᠡᠷᠡᠭᠯᠡᠭᠴᠢᠳ ᠦ᠋ᠨ ᠡᠷᠬᠡ ᠠᠰᠢᠭ ᠵᠡᠷᠭᠡ ᠲᠠᠯ᠎ᠠ ᠪᠠᠷ ᠲᠤᠰᠭᠠᠢ ᠡᠶᠡᠳᠡᠭᠦᠯᠬᠦ ᠺᠣᠮᠢᠰ ᠪᠠᠢᠭᠤᠯᠬᠤ ᠲᠤᠬᠠᠢ ᠬᠠᠮᠲᠤ ᠶ᠋ᠢᠨ ᠲᠠᠨᠢᠯᠲᠠ ᠲᠠᠢ ᠪᠣᠯᠵᠤ ᠂ ᠠᠷᠠᠳ ᠤ᠋ᠨ ᠬᠣᠭᠣᠷᠣᠨᠳᠣᠬᠢ ᠵᠢᠭᠡᠯᠡᠯᠭᠡ ᠂ ᠣᠷᠴᠢᠨ ᠠᠬᠤᠢ ᠡᠬᠢ ᠪᠠᠶᠠᠯᠢᠭ ᠤ᠋ᠨ ᠬᠠᠮᠠᠭᠠᠯᠠᠯᠲᠠ ᠂ ᠨᠡᠢᠭᠡᠮ ᠲᠣᠭᠣᠷᠢᠭ ᠵᠡᠷᠭᠡ ᠲᠠᠯ᠎ᠠ ᠪᠠᠷ ᠠᠷᠠᠳ ᠤ᠋ᠨ ᠡᠶᠡᠳᠡᠭᠦᠯᠭᠡ ᠶ᠋ᠢᠨ ᠺᠣᠮᠢᠰ ᠪᠠᠢᠭᠤᠯᠬᠤ ᠶᠠᠪᠤᠳᠠᠯ ᠢ᠋ ᠬᠡᠷᠬᠢᠨ ᠵᠢᠷᠤᠮᠵᠢᠭᠤᠯᠬᠤ ᠪᠠ ᠨᠠᠢᠳᠠᠪᠤᠷᠢᠵᠢᠭᠤᠯᠬᠤ ᠵᠡᠷᠭᠡ ᠲᠠᠯ᠎ᠠ ᠪᠠᠷ ᠠᠷᠠᠳ ᠤ᠋ᠨ ᠭᠦᠨᠵᠡᠭᠡᠢ ᠰᠦᠪᠡᠭᠴᠢᠯᠡᠬᠦ ᠬᠡᠷᠡᠭᠲᠡᠢ ᠃
ᠯᠢ ᠮᠧᠢ ᠷᠦᠩ ᠵᠢᠭᠠᠵᠤ ᠭᠠᠷᠭᠠᠭᠰᠠᠨ ᠨᠢ ᠂ ᠬᠣᠲᠠ ᠶ᠋ᠢᠨ ᠬᠠᠤᠯᠢ ᠴᠠᠭᠠᠵᠠ ᠶ᠋ᠢᠨ ᠲᠣᠪᠴᠢᠶ᠎ᠠ ᠡᠯ᠎ᠡ ᠬᠣᠰᠢᠭᠤ ᠲᠣᠭᠣᠷᠢᠭ ᠲᠤ᠌ ᠠᠷᠠᠳ ᠤ᠋ᠨ ᠡᠶᠡᠳᠡᠭᠦᠯᠭᠡ ᠶ᠋ᠢᠨ ᠲᠠᠪᠴᠠᠩ ᠢ᠋ ᠲᠦᠷᠭᠡᠬᠡᠨ ᠪᠠᠢᠭᠤᠯᠤᠨ ᠲᠡᠭᠦᠯᠳᠡᠷᠵᠢᠭᠦᠯᠵᠦ ᠂ ᠬᠠᠮᠢᠶ᠎ᠠ ᠪᠦᠬᠦᠢ ᠠᠷᠠᠳ ᠤ᠋ᠨ ᠡᠶᠡᠳᠡᠭᠦᠯᠬᠦ ᠵᠣᠬᠢᠶᠠᠨ ᠪᠠᠢᠭᠤᠯᠤᠯᠲᠠ ᠶ᠋ᠢ ᠪᠠᠢᠭᠤᠯᠵᠤ ᠂ ᠲᠤᠰᠭᠠᠢ ᠮᠡᠷᠭᠡᠵᠢᠯᠲᠡᠨ ᠦ᠌ ᠬᠥᠮᠥᠷᠭᠡ ᠂ ᠡᠶᠡᠳᠡᠭᠦᠯᠦᠭᠴᠢ ᠶ᠋ᠢᠨ ᠮᠡᠳᠡᠭᠡ ᠵᠠᠩᠭᠢ ᠶ᠋ᠢᠨ ᠬᠥᠮᠥᠷᠭᠡ ᠪᠠᠢᠭᠤᠯᠵᠤ ᠂ ᠬᠠᠮᠢᠶ᠎ᠠ ᠪᠦᠬᠦᠢ ᠠᠵᠢᠯ ᠤ᠋ᠨ ᠶᠠᠪᠤᠴᠠ ᠶ᠋ᠢ ᠲᠣᠭᠲᠠᠭᠠᠵᠤ ᠂ ᠰᠢᠭᠦᠬᠦ ᠬᠣᠷᠢᠶ᠎ᠠ ᠠ᠋ᠴᠠ ᠠᠷᠠᠳ ᠤ᠋ᠨ ᠡᠶᠡᠳᠡᠭᠦᠯᠦᠭᠴᠢ ᠶ᠋ᠢ ᠲᠣᠭᠲᠠᠮᠠᠯ ᠬᠤᠭᠤᠴᠠᠭ᠎ᠠ ᠲᠠᠢ ᠪᠠᠷ ᠲᠤᠬᠠᠢᠯᠠᠭᠰᠠᠨ ᠠᠵᠢᠯ ᠤ᠋ᠨ ᠪᠣᠯᠪᠠᠰᠤᠷᠠᠯ ᠬᠢᠯᠭᠡᠬᠦ ᠪᠠ ᠵᠢᠯᠣᠭᠣᠳᠤᠭᠤᠯᠬᠤ ᠶ᠋ᠢ ᠰᠠᠨᠠᠭᠤᠯᠤᠶ᠎ᠠ ᠃
ᠬᠤᠷᠠᠯ ᠤ᠋ᠨ ᠡᠴᠦᠰ ᠲᠦ᠍ ᠂ ᠬᠣᠲᠠ ᠶ᠋ᠢᠨ ᠬᠠᠤᠯᠢ ᠴᠠᠭᠠᠵᠠ ᠶ᠋ᠢᠨ ᠲᠣᠪᠴᠢᠶ᠎ᠠ ᠂ ᠬᠣᠲᠠ ᠶ᠋ᠢᠨ ᠡᠮ ᠡᠮᠨᠡᠯᠭᠡ ᠶ᠋ᠢᠨ ᠡᠶᠡᠳᠡᠭᠦᠯᠬᠦ ᠵᠥᠪᠯᠡᠯ ᠦ᠋ᠨ ᠬᠠᠷᠢᠭᠤᠴᠠᠯᠭᠠᠲᠠᠨ ᠬᠥᠮᠦᠨ ᠪᠦᠷᠢ ᠴᠥᠮ ᠵᠠᠷᠭᠤ ᠶ᠋ᠢᠨ ᠡᠬᠢ ᠶ᠋ᠢ ᠵᠠᠰᠠᠬᠤ ᠶ᠋ᠢ ᠪᠠᠷᠢᠮᠲᠠᠯᠠᠵᠤ ᠂ ᠵᠠᠷᠭᠤ ᠶ᠋ᠢᠨ ᠪᠤᠰᠤ ᠵᠢᠭᠤᠷᠠᠯᠳᠤᠭᠠᠨ ᠢ᠋ ᠰᠢᠢᠳᠪᠦᠷᠢᠯᠡᠬᠦ ᠲᠣᠭᠲᠠᠴᠠ ᠶ᠋ᠢ ᠲᠡᠷᠢᠭᠦᠨ ᠳ᠋ᠦ᠍ ᠲᠠᠯᠪᠢᠵᠤ ᠂ ᠪᠦᠬᠦ ᠬᠦᠴᠦᠨ ᠢ᠋ᠶ᠋ᠡᠷ ᠢ᠋ᠶ᠋ᠡᠨ ᠰᠢᠭᠦᠬᠦ ᠬᠣᠷᠢᠶ᠎ᠠ ᠲᠠᠢ ᠬᠠᠮᠵᠢᠯᠴᠠᠵᠤ ᠣᠯᠠᠨ ᠡᠰᠢᠴᠢᠯᠡᠭᠰᠡᠨ ᠵᠢᠭᠤᠷᠠᠯᠳᠤᠭᠠᠨ ᠢ᠋ ᠰᠢᠢᠳᠪᠦᠷᠢᠯᠡᠬᠦ ᠶᠡᠬᠡ ᠪᠠᠢᠷᠢᠰᠢᠯ ᠢ᠋ ᠪᠠᠢᠭᠤᠯᠤᠨ᠎ᠠ ᠭᠡᠵᠦ ᠢᠯᠡᠳᠭᠡᠪᠡ ᠃
ᠦᠨᠡᠯᠡᠬᠦ 0ᠦᠨᠡᠯᠡᠯᠲᠡ᠎ᠲᠠᠢ