ᠵᠢᠶᠠ ᠵᠢᠩ ᠪᠦᠸᠧ ᠨᠠᠷ ᠬᠠᠷ᠎ᠠ ᠪᠦᠯᠦᠭᠲᠡᠨ ᠦ᠌ ᠬᠡᠷᠡᠭ ᠲᠦ᠍ ᠬᠣᠯᠪᠣᠭᠳᠠᠭᠰᠠᠨ ᠨᠢᠭᠡᠳᠦᠭᠡᠷ ᠰᠢᠭᠦᠯᠲᠡ
2020.10.10 ᠲᠣᠰ ᠥᠷᠲᠡᠭᠡᠨ ᠦ ᠨᠠᠢᠷᠠᠭᠤᠯᠤᠭᠴᠢ

2020 ᠣᠨ ᠤ᠋ 9 ᠰᠠᠷ᠎ᠠ ᠶ᠋ᠢᠨ 29  ᠦ᠌ ᠡᠳᠦᠷ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ  ᠰᠢᠭᠦᠬᠦ ᠬᠣᠷᠢᠶ᠎ᠠ ᠬᠠᠤᠯᠢ ᠶᠣᠰᠣᠭᠠᠷ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠪᠠᠶᠠᠨᠨᠠᠭᠤᠷ ᠬᠣᠲᠠ ᠶ᠋ᠢᠨ ᠤᠷᠠᠳ ᠤ᠋ᠨ ᠡᠮᠦᠨᠡᠲᠦ  ᠬᠣᠰᠢᠭᠤᠨ ᠤ᠋ ᠵᠠᠰᠠᠭ ᠤ᠋ᠨ ᠣᠷᠳᠣᠨ ᠤ᠋ ᠤᠤᠯ ᠤ᠋ᠨ ᠳᠡᠳ᠋  ᠬᠣᠰᠢᠭᠤᠨ ᠳᠠᠷᠤᠭ᠎ᠠ ᠂ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠤᠤᠯ ᠤ᠋ᠨ ᠨᠠᠮ ᠤ᠋ᠨ ᠬᠣᠷᠢᠶᠠᠨ ᠤ᠋ ᠱᠦᠵᠢ ᠂ ᠲᠣᠪᠴᠢᠶᠠᠨ ᠳᠠᠷᠤᠭ᠎ᠠ ᠵᠢᠶᠠ ᠵᠢᠩ ᠪᠦᠸᠧ ᠵᠡᠷᠭᠡ 61 ᠵᠠᠭᠠᠯᠳᠤᠭᠳᠠᠭᠴᠢ ᠶ᠋ᠢᠨ ᠵᠣᠬᠢᠶᠠᠨ ᠪᠠᠢᠭᠤᠯᠤᠯᠲᠠ ᠂ ᠤᠳᠤᠷᠢᠳᠤᠯᠭ᠎ᠠ ᠂ ᠬᠠᠷ᠎ᠠ ᠨᠡᠢᠭᠡᠮ ᠦ᠋ᠨ  ᠰᠢᠨᠵᠢ ᠴᠢᠨᠠᠷ ᠲᠠᠢ ᠵᠣᠬᠢᠶᠠᠨ ᠪᠠᠢᠭᠤᠯᠤᠯᠲᠠ ᠶ᠋ᠢᠨ ᠶᠠᠯ᠎ᠠ ᠬᠢᠭᠰᠡᠨ ᠨᠢᠭᠡᠳᠦᠭᠡᠷ  ᠰᠢᠭᠦᠯᠲᠡ ᠶ᠋ᠢᠨ ᠢᠯᠡ ᠪᠡᠷ  ᠰᠢᠭᠦᠨ ᠲᠠᠰᠤᠯᠤᠯᠲᠠ ᠶ᠋ᠢ ᠨᠡᠢᠲᠡᠯᠡᠪᠡ ᠃ ᠵᠠᠭᠠᠯᠳᠤᠭᠳᠠᠭᠴᠢ ᠵᠢᠶᠠ ᠵᠢᠩ ᠪᠦᠸᠸ ᠶᠠᠯᠠᠲᠠᠨ ᠤ᠋ ᠵᠣᠬᠢᠶᠠᠨ ᠪᠠᠢᠭᠤᠯᠤᠯᠲᠠ ᠂ ᠨᠢᠭᠤᠴᠠ ᠨᠡᠢᠭᠡᠮ ᠦ᠋ᠨ  ᠰᠢᠨᠵᠢ ᠴᠢᠨᠠᠷ ᠤ᠋ᠨ ᠵᠣᠬᠢᠶᠠᠨ ᠪᠠᠢᠭᠤᠯᠤᠯᠲᠠ ᠶ᠋ᠢ ᠤᠳᠤᠷᠢᠳᠤᠭᠰᠠᠨ ᠶᠠᠯ᠎ᠠ ᠂ ᠬᠠᠤᠯᠢ ᠪᠤᠰᠤ ᠪᠠᠷ ᠬᠣᠷᠢᠭᠰᠠᠨ ᠂ ᠬᠠᠤᠯᠢ ᠪᠤᠰᠤ ᠪᠠᠷ ᠠᠭᠤᠷᠬᠠᠢ ᠮᠠᠯᠲᠠᠭᠰᠠᠨ ᠶᠠᠯ᠎ᠠ ᠂  ᠱᠠᠮᠰᠢᠭᠰᠠᠨ ᠶᠠᠯ᠎ᠠ ᠂ ᠬᠡᠭᠡᠯᠢ ᠢᠳᠡᠭᠰᠡᠨ ᠶᠠᠯ᠎ᠠ ᠵᠡᠷᠭᠡ 17 ᠵᠦᠢᠯ ᠦ᠋ᠨ ᠶᠠᠯ᠎ᠠ ᠶ᠋ᠢ ᠨᠡᠢᠯᠡᠭᠦᠯᠦᠨ  ᠰᠢᠳᠭᠡᠬᠦ ᠂ ᠬᠡᠳᠦᠨ ᠶᠠᠯ᠎ᠠ ᠶ᠋ᠢ ᠨᠡᠢᠯᠡᠭᠦᠯᠦᠨ  ᠰᠢᠳᠭᠡᠬᠦ ᠂ ᠬᠤᠭᠤᠴᠠᠭ᠎ᠠ ᠦᠭᠡᠢ ᠬᠣᠷᠢᠬᠤ ᠪᠠᠷ  ᠰᠢᠳᠭᠡᠵᠦ᠂ ᠤᠯᠤᠰ ᠲᠥᠷᠥ ᠶ᠋ᠢᠨ ᠡᠷᠬᠡ ᠶ᠋ᠢ ᠨᠢ ᠨᠠᠰᠤᠨ  ᠲᠤᠷᠰᠢᠲᠠ ᠬᠠᠰᠤᠬᠤ ᠪᠠᠷ  ᠰᠢᠳᠭᠡᠵᠦ ᠂ ᠬᠤᠪᠢ ᠬᠥᠮᠦᠨ ᠦ᠌ ᠪᠦᠬᠦ ᠡᠳ᠋ ᠬᠥᠷᠥᠩᠭᠡ ᠶ᠋ᠢ ᠨᠢ ᠬᠤᠷᠢᠶᠠᠵᠤ ᠠᠪᠬᠤ ᠪᠠᠷ ᠨᠡᠢᠯᠡᠭᠦᠯᠦᠨ  ᠰᠢᠳᠭᠡᠨ᠎ᠡ᠂ ᠯᠢᠦ ᠴᠠᠩ ᠵᠢᠶᠠᠩ ᠂ ᠬᠠᠨ ᠶᠦᠩ ᠂ ᠳ᠋ᠤᠸᠠᠨ ᠪᠤᠤ ᠵᠡᠷᠭᠡ 40 ᠵᠠᠭᠠᠯᠳᠤᠭᠳᠠᠭᠴᠢ ᠬᠠᠷ᠎ᠠ ᠨᠡᠢᠭᠡᠮ ᠦ᠋ᠨ ᠴᠢᠨᠠᠷᠲᠠᠢ ᠵᠣᠬᠢᠶᠠᠨ ᠪᠠᠢᠭᠤᠯᠤᠯᠲᠠ ᠳ᠋ᠤ᠌ ᠣᠷᠣᠯᠴᠠᠭᠰᠠᠨ ᠶᠠᠯ᠎ᠠ ᠂ ᠬᠡᠷᠡᠭ ᠡᠳᠦᠵᠦ ᠡᠳᠯᠡᠭᠰᠡᠨ ᠶᠠᠯ᠎ᠠ ᠂ ᠣᠯᠠᠨ ᠨᠡᠢᠲᠡ ᠶ᠋ᠢᠨ ᠬᠠᠳᠠᠭᠠᠯᠠᠮᠵᠢ ᠶ᠋ᠢ ᠬᠠᠤᠯᠢ ᠪᠤᠰᠤ ᠪᠠᠷ ᠴᠤᠭᠯᠠᠭᠤᠯᠤᠭᠰᠠᠨ ᠶᠠᠯ᠎ᠠ ᠂ ᠬᠠᠤᠯᠢ ᠪᠤᠰᠤ ᠪᠠᠷ ᠠᠭᠤᠷᠬᠠᠢ ᠮᠠᠯᠲᠠᠭᠰᠠᠨ ᠶᠠᠯ᠎ᠠ ᠵᠡᠷᠭᠡ 23 ᠵᠦᠢᠯ ᠦ᠋ᠨ ᠶᠠᠯ᠎ᠠ ᠬᠢᠭᠰᠡᠨ ᠪᠠᠢᠨ᠎ᠠ ᠂ ᠡᠨᠡ ᠨᠢ ᠲᠣᠰᠪᠣᠷᠢ ᠠᠷᠪᠠᠨ ᠨᠠᠢ᠍ᠮᠠᠨ ᠵᠢᠯ ᠡᠴᠡ ᠨᠢᠭᠡ ᠵᠢᠯ ᠵᠢᠷᠭᠤᠭᠠᠨ ᠰᠠᠷ᠎ᠠ ᠬᠣᠷᠢᠬᠤ ᠶᠠᠯ᠎ᠠ ᠪᠠᠷ  ᠰᠢᠳᠭᠡᠭᠳᠡᠪᠡ ᠃ ᠪᠤᠰᠤᠳ 20 ᠵᠠᠭᠠᠯᠳᠤᠭᠳᠠᠭᠴᠢ ᠥᠳᠥᠭᠡᠯᠭᠡ ᠬᠢᠭᠰᠡᠨ ᠶᠠᠯ᠎ᠠ ᠂ ᠬᠤᠳᠠᠯ ᠬᠠᠭᠤᠷᠮᠠᠭ ᠢ᠋ᠶ᠋ᠠᠷ ᠵᠠᠭᠠᠯᠳᠤᠭᠰᠠᠨ ᠶᠠᠯ᠎ᠠ ᠂ ᠬᠤᠤᠪᠢᠯᠳᠤᠵᠤ ᠪᠠᠢᠭᠠᠳ ᠳᠠᠭᠠᠭᠠᠴᠢᠯᠠᠯᠲᠠ ᠬᠦᠯᠢᠶᠡᠭᠰᠡᠨ ᠶᠠᠯ᠎ᠠ ᠵᠡᠷᠭᠡ ᠶ᠋ᠢ ᠬᠢᠭᠰᠡᠨ ᠪᠥᠭᠡᠳ ᠲᠣᠰᠪᠣᠷᠢ ᠳᠥᠷᠪᠡᠨ ᠵᠢᠯ ᠡᠴᠡ ᠨᠢᠭᠡ ᠵᠢᠯ ᠬᠤᠭᠤᠴᠠᠭ᠎ᠠ ᠲᠠᠢ ᠬᠣᠷᠢᠬᠤ ᠶᠠᠯ᠎ᠠ ᠪᠠᠷ  ᠰᠢᠳᠭᠡᠪᠡ ᠃ ᠡᠭᠦᠨ ᠦ᠌ ᠬᠠᠮᠲᠤ ᠂ ᠵᠠᠭᠠᠯᠳᠤᠭᠳᠠᠭᠴᠢ ᠶ᠋ᠢᠨ ᠶᠠᠯ᠎ᠠ ᠶ᠋ᠢᠨ ᠪᠣᠳᠠᠲᠤ ᠶᠠᠪᠤᠳᠠᠯ ᠂ ᠶᠠᠯ᠎ᠠ ᠶ᠋ᠢᠨ ᠨᠡᠷ᠎ᠡ ᠪᠠ ᠦᠢᠯᠡ ᠪᠠᠢᠳᠠᠯ ᠢ᠋ ᠡᠣᠢᠠᠳᠣᠰᠣᠯᠠᠠ ᠂ ᠡᠠᠳᠠᠯᠢ ᠪᠤᠰᠤ ᠲᠣᠭᠠᠨ ᠤ᠋ ᠡᠳ᠋  ᠬᠥᠷᠦᠩᠭᠡ ᠶ᠋ᠢᠨ ᠡᠷᠡᠭᠦᠦ  ᠰᠢᠳᠭᠡᠯ ᠢ᠋ᠶ᠋ᠡᠷ ᠲᠤᠰ ᠲᠤᠰ ᠰᠢᠳᠭᠡᠵᠡᠢ ᠃

 ᠰᠢᠭᠦᠬᠦ ᠬᠣᠷᠢᠶᠠᠨ ᠤ᠋  ᠰᠢᠭᠦᠯᠲᠡ ᠶ᠋ᠢᠨ ᠦᠵᠡᠬᠦ ᠪᠡᠷ ᠂ ᠵᠠᠭᠠᠯᠳᠤᠭᠳᠠᠭᠴᠢ ᠵᠢᠶᠠ ᠵᠢᠩ ᠪᠦᠸᠧ ᠪᠡᠷ ᠲᠣᠯᠣᠭᠠᠢᠯᠠᠭᠤᠯᠤᠭᠰᠠᠨ ᠶᠠᠯᠠᠲᠤ ᠵᠣᠬᠢᠶᠠᠨ ᠪᠠᠢᠭᠤᠯᠤᠯᠲᠠ ᠨᠢ ᠬᠠᠷ᠎ᠠ ᠨᠡᠢᠭᠡᠮ ᠦ᠋ᠨ  ᠰᠢᠨᠵᠢ ᠴᠢᠨᠠᠷ ᠤ᠋ᠨ ᠵᠣᠬᠢᠶᠠᠨ ᠪᠠᠢᠭᠤᠯᠤᠯᠲᠠ ᠶ᠋ᠢᠨ ᠵᠣᠬᠢᠶᠠᠨ ᠪᠠᠢᠭᠤᠯᠤᠯᠲᠠ ᠶ᠋ᠢᠨ ᠣᠨᠴᠠᠯᠢᠭ ᠂ ᠠᠵᠤ ᠠᠬᠤᠢ ᠶ᠋ᠢᠨ ᠣᠨᠴᠠᠯᠢᠭ ᠂ ᠦᠢᠯᠡ ᠠᠵᠢᠯᠯᠠᠭ᠎ᠠ ᠶ᠋ᠢᠨ ᠣᠨᠴᠠᠯᠢᠭ ᠪᠠ ᠬᠣᠣᠷ ᠬᠥᠨᠥᠭᠡᠯᠲᠦ ᠴᠢᠨᠠᠷ ᠤ᠋ᠨ ᠣᠨᠴᠠᠯᠢᠭ ᠢ᠋ ᠪᠦᠷᠢᠯᠳᠦᠭᠦᠯᠦᠭᠰᠡᠨ ᠪᠠᠢᠪᠠᠯ ᠂ ᠬᠠᠤᠯᠢ ᠶᠣᠰᠣᠭᠠᠷ ᠬᠠᠷ᠎ᠠ ᠨᠡᠢᠭᠡᠮ ᠦ᠋ᠨ  ᠰᠢᠨᠵᠢ ᠴᠢᠨᠠᠷᠲᠠᠢ ᠵᠣᠬᠢᠶᠠᠨ ᠪᠠᠢᠭᠤᠯᠤᠯᠲᠠ ᠭᠡᠵᠦ ᠮᠠᠭᠠᠳᠯᠠᠨ ᠲᠣᠭᠲᠠᠭᠠᠬᠤ ᠬᠡᠷᠡᠭᠲᠡᠢ ᠃ ᠵᠢᠶᠠ ᠵᠢᠩ ᠪᠦᠸᠧ ᠵᠣᠬᠢᠶᠠᠨ ᠪᠠᠢᠭᠤᠯᠤᠭᠴᠢ ᠂ ᠤᠳᠤᠷᠢᠳᠤᠭᠴᠢ ᠪᠠᠷ ᠥᠪᠡᠷ ᠦ᠋ᠨ ᠬᠢᠭᠰᠡᠨ ᠶᠠᠯᠠᠲᠤ ᠠᠵᠢᠯᠯᠠᠭ᠎ᠠ ᠪᠣᠯᠤᠨ ᠲᠤᠰ ᠵᠣᠬᠢᠶᠠᠨ ᠪᠠᠢᠭᠤᠯᠤᠯᠲᠠ ᠶ᠋ᠢᠨ ᠬᠢᠭᠰᠡᠨ ᠪᠦᠬᠦ ᠶᠠᠯᠠᠲᠤ ᠠᠵᠢᠯᠯᠠᠭ᠎ᠠ ᠳ᠋ᠤ᠌ ᠡᠷᠡᠭᠦᠦ ᠶ᠋ᠢᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠢ ᠂ ᠪᠤᠰᠤᠳ ᠵᠣᠬᠢᠶᠠᠨ ᠪᠠᠢᠭᠤᠯᠤᠯᠲᠠ ᠶ᠋ᠢᠨ ᠪᠦᠷᠢᠯᠳᠦᠬᠦᠨ ᠨᠢ ᠲᠤᠰ ᠲᠤᠰ ᠤ᠋ᠨ ᠬᠢᠭᠰᠡᠨ ᠶᠠᠯᠠᠲᠤ ᠠᠵᠢᠯᠯᠠᠭ᠎ᠠ ᠳ᠋ᠤ᠌ ᠵᠣᠬᠢᠴᠠᠩᠭᠤᠢ ᠬᠠᠷᠢᠭᠤᠴᠠᠯᠭ᠎ᠠ ᠡᠭᠦᠷᠭᠡᠯᠡᠵᠦ ᠂ ᠬᠠᠤᠯᠢ ᠶᠣᠰᠣᠭᠠᠷ ᠳᠡᠭᠡᠷ᠎ᠡ ᠳᠤᠷᠠᠳᠤᠭᠰᠠᠨ  ᠰᠢᠭᠦᠨ ᠲᠠᠰᠤᠯᠤᠯᠲᠠ ᠶ᠋ᠢ ᠬᠢᠬᠦ ᠬᠡᠷᠡᠭᠲᠡᠢ ᠃
 

ᠠᠷᠠᠳ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠤ᠋ᠨ ᠬᠡᠰᠡᠭ ᠲᠥᠯᠥᠭᠡᠯᠡᠭᠴᠢ ᠂ ᠤᠯᠤᠰ ᠲᠥᠷᠥ ᠶ᠋ᠢᠨ ᠵᠥᠪᠯᠡᠯᠭᠡᠨ ᠦ᠌ ᠭᠡᠰᠢᠭᠦᠨ ᠂ ᠵᠠᠭᠤᠴᠢᠯᠠᠭᠤᠷ ᠤ᠋ᠨ ᠰᠤᠷᠪᠤᠯᠵᠢᠯᠠᠭᠴᠢ ᠪᠣᠯᠤᠨ ᠡᠯ᠎ᠡ ᠡᠲᠡᠭᠡᠳ ᠦ᠋ᠨ ᠺᠠᠲ᠋ᠷ ᠣᠯᠠᠨ ᠲᠦᠮᠡᠨ ᠵᠢᠴᠢ ᠵᠠᠭᠠᠯᠳᠤᠭᠳᠠᠭᠴᠢ ᠶ᠋ᠢᠨ ᠭᠡᠷ ᠪᠦᠯᠢ ᠶ᠋ᠢᠨ ᠬᠢᠨ ᠨᠡᠢᠲᠡ 100 ᠭᠠᠷᠤᠢ ᠬᠥᠮᠦᠨ ᠲᠠᠰᠤᠯᠤᠯᠲᠠ ᠶ᠋ᠢ ᠰᠤᠯᠠ ᠰᠣᠨᠣᠰᠴᠠᠢ ᠃
 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )