ᠬᠠᠤᠯᠢ ᠴᠠᠭᠠᠵᠠ ᠠᠷᠠᠳ ᠲᠦᠮᠡᠨ ᠦ᠌ ᠲᠥᠯᠥᠭᠡ ᠠᠩᠬᠠᠨ ᠤ᠋ ᠬᠦᠰᠡᠯ ᠡᠪᠦᠷᠯᠡᠨ ᠨᠠᠢᠷ ᠲᠠᠯᠪᠢᠨ ᠡᠶᠡᠳᠡᠭᠦᠯᠭᠡ ᠬᠢᠵᠦ ᠬᠣᠣᠰ ᠠᠮᠵᠢᠯᠲᠠ ᠣᠯᠤᠶ᠎ᠠ
2020.09.18 ᠲᠣᠰ ᠥᠷᠲᠡᠭᠡᠨ᠎ᠦ ᠨᠠᠢᠷᠠᠭᠤᠯᠤᠭᠴᠢ

ᠰᠠᠢᠨ ᠰᠠᠨᠠᠭᠠᠨ ᠤ᠋ ᠪᠣᠯᠪᠠᠰᠤᠨ ᠢ᠋ᠶ᠋ᠠᠷ ᠭᠦᠢᠴᠡᠳᠭᠡᠬᠦ ᠣᠨᠣᠯᠵᠢᠬᠤᠨ ᠢ᠋ ᠴᠢᠩᠭᠠᠷᠠᠭᠤᠯᠵᠤ ᠂ ᠵᠠᠷᠭᠤ ᠢᠯᠠᠬᠤ ᠲᠤᠬᠠᠢ ᠶ᠋ᠢᠨ ᠬᠥᠮᠦᠨ ᠦ᠌ ᠬᠠᠤᠯᠢ ᠶᠣᠰᠣᠨ ᠤ᠋ ᠡᠷᠬᠡ  ᠠᠰᠢᠭ ᠢ᠋ ᠬᠠᠤᠯᠢ ᠶᠣᠰᠣᠭᠠᠷ ᠪᠠᠲᠤᠯᠠᠬᠤ ᠶ᠋ᠢᠨ ᠬᠠᠮᠲᠤ ᠭᠦᠢᠴᠡᠳᠭᠡᠭᠳᠡᠭᠴᠢ ᠶ᠋ᠢᠨ ᠡᠷᠬᠡ  ᠠᠰᠢᠭ ᠲᠤ᠌ ᠨᠥᠯᠥᠭᠡ ᠦᠵᠡᠭᠦᠯᠬᠦ ᠶ᠋ᠢ ᠬᠠᠮᠤᠭ ᠤ᠋ᠨ ᠶᠡᠬᠡ ᠬᠡᠮᠵᠢᠶ᠎ᠡ ᠪᠡᠷ ᠪᠠᠭᠠᠰᠬᠠᠬᠤ ᠨᠢ ᠨᠡᠢᠭᠡᠮ ᠦ᠋ᠨ ᠲᠥᠪ ᠭᠣᠣᠯᠴᠢ  ᠰᠢᠳᠤᠷᠭᠤ ᠶᠣᠰᠣ ᠶ᠋ᠢ ᠬᠠᠮᠠᠭᠠᠯᠠᠵᠤ ᠂ ᠨᠡᠢᠭᠡᠮ ᠦ᠋ᠨ ᠡᠶ᠎ᠡ ᠵᠣᠬᠢᠴᠠᠯ ᠲᠠᠢ ᠲᠣᠭᠲᠠᠭᠤᠨ ᠪᠠᠢᠬᠤ ᠶ᠋ᠢ ᠠᠬᠢᠭᠤᠯᠬᠤ ᠶ᠋ᠢᠨ  ᠵᠠᠢᠯᠠᠰᠢ ᠦᠭᠡᠢ ᠱᠠᠭᠠᠷᠳᠠᠯᠭ᠎ᠠ ᠪᠣᠯᠤᠨ᠎ᠠ ᠃ ᠣᠢᠷ᠎ᠠ ᠶ᠋ᠢᠨ ᠡᠳᠦᠷ ᠂  ᠰᠢᠭᠦᠨ ᠲᠠᠰᠤᠯᠬᠤ ᠠ᠋ᠴᠠ ᠬᠡᠷᠡᠭᠵᠢᠭᠦᠯᠬᠦ ᠪᠣᠯᠲᠠᠯ᠎ᠠ ᠂ ᠳᠣᠯᠣᠭᠠᠨ ᠵᠢᠯ ᠦᠷᠭᠦᠯᠵᠢᠯᠡᠭᠰᠡᠨ ᠬᠥᠬᠡ ᠣᠪᠣᠭᠲᠤ ᠶᠢᠨ ᠣᠪᠣᠭᠲᠤ ᠂ ᠪᠢᠩ ᠣᠪᠣᠭᠲᠤ ᠶ᠋ᠢᠨ ᠠᠷᠠᠳ ᠤ᠋ᠨ ᠬᠣᠭᠣᠷᠣᠨᠳᠣᠬᠢ ᠵᠢᠭᠡᠯᠡᠯᠭᠡ ᠶ᠋ᠢᠨ ᠵᠢᠭᠤᠷᠠᠯᠳᠤᠭᠠᠨ ᠤ᠋ ᠬᠡᠷᠡᠭ ᠢ᠋ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠱᠢᠭᠦᠬᠦ ᠬᠣᠷᠢᠶ᠎ᠠ ᠭᠦᠢᠴᠡᠳᠭᠡᠬᠦ  ᠰᠢᠭᠦᠭᠴᠢ ᠂ ᠪᠢᠴᠢᠭᠡᠴᠢ ᠨᠠᠷ ᠤ᠋ᠨ ᠬᠦᠯᠢᠴᠡᠩᠭᠦᠢ ᠨᠠᠷᠢᠯᠢᠭ ᠡᠶᠡᠳᠡᠭᠦᠯᠭᠡ ᠪᠡᠷ ᠳᠠᠮᠵᠢᠨ ᠂ ᠬᠣᠶᠠᠷ ᠲᠠᠯ᠎ᠠ ᠶ᠋ᠢᠨ ᠲᠤᠬᠠᠢ ᠶ᠋ᠢᠨ ᠬᠥᠮᠦᠨ ᠭᠠᠷ ᠠᠳᠭᠤᠨ ᠡᠶᠡᠳᠡᠵᠦ ᠂ ᠪᠡᠯᠡᠨ ᠵᠣᠭᠣᠰ ᠢ᠋ᠶ᠋ᠠᠷ ᠪᠦᠬᠦ ᠥᠭᠴᠡᠭᠡ ᠪᠡᠨ ᠲᠥᠯᠥᠵᠦ ᠂ ᠬᠡᠷᠡᠭ ᠢ᠋ ᠳᠠᠭᠤᠰᠭᠠᠵᠤ ᠂ ᠤᠴᠢᠷ ᠶᠠᠪᠤᠳᠠᠯ ᠢ᠋ ᠪᠦᠲᠦᠭᠡᠵᠦ ᠂ ᠬᠥᠮᠦᠨ ᠲᠡᠢ ᠨᠠᠢᠷᠠᠮᠳᠠᠬᠤ ᠶ᠋ᠢ ᠪᠡᠶᠡᠯᠡᠭᠦᠯᠵᠡᠢ ᠃

 ᠠ ᠣᠪᠣᠭᠲᠤ  ᠢ᠋ᠢᠨ ᠬᠢ ᠂ ᠫᠠᠨ ᠣᠪᠣᠭᠲᠤ ᠠᠷᠠᠳ ᠤ᠋ᠨ ᠬᠣᠭᠣᠷᠣᠨᠳᠣᠬᠢ ᠵᠢᠭᠡᠯᠡᠯᠭᠡ ᠶ᠋ᠢᠨ ᠵᠢᠭᠤᠷᠠᠯᠳᠤᠭᠠᠨ ᠤ᠋ ᠬᠡᠷᠡᠭ 2014 ᠣᠨ ᠳ᠋ᠤ᠌ ᠬᠦᠴᠦᠨ ᠲᠡᠢ ᠪᠣᠯᠤᠭᠰᠠᠨ  ᠰᠢᠭᠦᠨ ᠲᠠᠰᠤᠯᠤᠯᠲᠠ ᠬᠢᠵᠦ᠂ ᠠ ᠣᠪᠣᠭᠲᠤ 2015 ᠣᠨ ᠳ᠋ᠤ᠌ ᠬᠡᠷᠡᠭ ᠪᠣᠯᠭᠠᠨ ᠳᠠᠩᠰᠠᠯᠠᠵᠤ ᠭᠦᠢᠴᠡᠳᠭᠡᠬᠦ ᠪᠡᠷ ᠭᠤᠶᠤᠴᠢᠯᠠᠵᠤ᠂ ᠬᠣᠶᠠᠷ ᠲᠠᠯ᠎ᠠ ᠶ᠋ᠢᠨ ᠲᠤᠬᠠᠢ ᠶ᠋ᠢᠨ ᠬᠥᠮᠦᠨ ᠰᠠᠢᠨ ᠳᠤᠷ᠎ᠠ ᠠ᠋ᠴᠠ ᠪᠠᠨ ᠡᠶᠡᠳᠡᠭᠦᠯᠭᠡ ᠶ᠋ᠢᠨ ᠬᠡᠯᠡᠯᠴᠡᠭᠡᠷ ᠲᠣᠭᠲᠠᠵᠤ᠂ ᠡᠴᠦᠰ ᠲᠡᠭᠡᠨ ᠡᠪᠰᠡᠭᠰᠡᠨ ᠬᠡᠷᠡᠭ ᠢ᠋  ᠰᠢᠢᠳᠪᠦᠷᠢᠯᠡᠵᠦ ᠳᠠᠭᠤᠰᠭᠠᠪᠠ᠃ ᠭᠡᠪᠡᠴᠦ ᠠᠵᠤ ᠠᠬᠤᠢ ᠶ᠋ᠢᠨ ᠪᠠᠭᠤᠷᠠᠯᠲᠠ ᠶ᠋ᠢᠨ ᠳᠠᠷᠤᠯᠲᠠ ᠶ᠋ᠢᠨ ᠨᠥᠯᠥᠭᠡ ᠡᠴᠡ ᠪᠣᠯᠵᠤ ᠂ ᠭᠦᠢᠴᠡᠳᠭᠡᠭᠳᠡᠭᠴᠢ ᠶᠢᠨ ᠣᠪᠣᠭᠲᠤ ᠂ ᠪᠢᠩ ᠣᠪᠣᠭᠲᠤ ᠨᠢ ᠡᠶᠡᠳᠡᠬᠦ ᠬᠡᠯᠡᠯᠴᠡᠭᠡᠷ ᠲᠦ᠍ ᠪᠣᠯᠵᠣᠨ ᠲᠣᠭᠲᠠᠭᠰᠠᠨ ᠠᠭᠤᠯᠭ᠎ᠠ ᠪᠠᠨ ᠬᠤᠭᠤᠴᠠᠭ᠎ᠠ ᠶᠣᠰᠣᠭᠠᠷ ᠭᠦᠢᠴᠡᠳᠭᠡᠵᠦ ᠴᠢᠳᠠᠭᠰᠠᠨ ᠦᠭᠡᠢ ᠪᠠᠢᠪᠠᠯ ᠂ ᠭᠦᠢᠴᠡᠳᠭᠡᠭᠴᠢ ᠡᠴᠡ ᠵᠢᠶᠠ ᠣᠪᠣᠭᠲᠤ 2019 ᠣᠨ ᠳ᠋ᠤ᠌ ᠬᠡᠷᠡᠭ ᠪᠣᠯᠭᠠᠨ ᠭᠦᠢᠴᠡᠳᠭᠡᠬᠦ ᠶ᠋ᠢ ᠰᠡᠷᠭᠦᠭᠡᠬᠦ ᠪᠡᠷ ᠭᠤᠶᠤᠴᠢᠯᠠᠬᠤ ᠶ᠋ᠢᠨ ᠬᠠᠮᠲᠤ ᠭᠦᠢᠴᠡᠳᠭᠡᠭᠴᠢ ᠶ᠋ᠢᠨ ᠶᠢᠨ ᠣᠪᠣᠭᠲᠤ ᠂ ᠪᠢᠩ ᠣᠪᠣᠭᠲᠤ ᠶ᠋ᠢᠨ ᠭᠡᠷ  ᠪᠠᠢᠰᠢᠩ ᠢ᠋ ᠦᠨᠡᠯᠡᠨ  ᠵᠢᠰᠢᠬᠦ ᠪᠡᠷ ᠭᠤᠶᠤᠴᠢᠯᠠᠵᠤ ᠪᠣᠯᠤᠨ᠎ᠠ ᠃ ᠳᠡᠰ ᠳᠠᠷᠠᠭᠠᠯᠠᠯ ᠳ᠋ᠤ᠌ ᠣᠷᠣᠭᠰᠠᠨ ᠤ᠋ ᠳᠠᠷᠠᠭ᠎ᠠ ᠂ ᠡᠷᠦᠬᠡ ᠳ᠋ᠦ᠍ ᠬᠦᠷᠴᠦ ᠦᠨᠡᠯᠡᠨ ᠵᠢᠰᠢᠭᠰᠡᠨ ᠮᠡᠳᠡᠭᠦᠯᠦᠯᠲᠡ ᠂ ᠭᠦᠢᠴᠡᠳᠭᠡᠬᠦ ᠳ᠋ᠦ᠍ ᠣᠨᠳᠣᠣ ᠰᠠᠨᠠᠯ ᠳᠤᠷᠠᠳᠤᠭᠰᠠᠨ ᠂ ᠭᠦᠢᠴᠡᠳᠭᠡᠬᠦ ᠳ᠋ᠦ᠍ ᠣᠨᠳᠣᠣ ᠰᠠᠨᠠᠯ ᠳᠤᠷᠠᠳᠤᠭᠰᠠᠨ ᠵᠠᠷᠭᠤ ᠶ᠋ᠢ ᠳᠠᠮᠵᠢᠨ ᠳᠠᠬᠢᠨ ᠵᠥᠪᠳᠡᠯᠴᠡᠪᠡ ᠃ ᠡᠭᠦᠨ ᠡᠴᠡ ᠦᠵᠡᠪᠡᠯ ᠂ ᠦᠨᠡᠯᠡᠨ  ᠵᠢᠰᠢᠭᠰᠡᠨ ᠮᠡᠳᠡᠭᠦᠯᠦᠯᠲᠡ ᠨᠢ ᠬᠤᠭᠤᠴᠠᠭ᠎ᠠ ᠲᠤᠯᠵᠤ ᠂ ᠳᠠᠬᠢᠨᠲᠠ ᠲᠣᠬᠢᠷᠠᠯᠴᠠᠭᠰᠠᠨ ᠡᠶᠡᠳᠡᠬᠦ ᠬᠡᠯᠡᠯᠴᠡᠭᠡᠷ ᠢ᠋ ᠮᠥᠨ ᠯᠡ ᠭᠦᠢᠴᠡᠳᠭᠡᠵᠦ ᠪᠠᠷᠠᠭᠠᠳᠤᠢ ᠪᠠᠢᠨ᠎ᠠ ᠃ ᠠ ᠣᠪᠣᠭᠲᠤ ᠶᠢᠨ ᠢ ᠂ ᠶᠢᠨ ᠣᠪᠣᠭᠲᠤ ᠳ᠋ᠤ᠌ ᠢᠲᠡᠭᠡᠯ ᠠᠯᠳᠠᠵᠤ ᠂ ᠡᠭᠦᠨ ᠦ᠌ ᠳᠡᠭᠡᠷ᠎ᠡ ᠭᠡᠷ ᠲᠤᠨᠢ ᠪᠠᠴᠢᠮ ᠵᠣᠭᠣᠰ ᠬᠡᠷᠡᠭᠯᠡᠵᠦ ᠂ ᠬᠡᠳᠦᠨ ᠤᠳᠠᠭ᠎ᠠ ᠬᠡᠷᠡᠭ ᠳᠠᠭᠠᠭᠠᠨ ᠠᠪᠴᠤ  ᠰᠢᠢᠳᠪᠦᠷᠢᠯᠡᠬᠦ  ᠰᠢᠭᠦᠭᠴᠢ ᠳ᠋ᠦ᠍ ᠮᠡᠳᠡᠭᠡ ᠵᠠᠩᠭᠢ ᠥᠭᠴᠦ ᠂ ᠤᠲᠠᠰᠤ ᠠᠪᠴᠤ ᠂  ᠰᠢᠢᠳᠪᠦᠷᠢᠯᠡᠬᠦ ᠠᠷᠭ᠎ᠠ ᠡᠷᠢᠪᠡ ᠃
 ᠠᠷᠠᠳ ᠤ᠋ᠨ ᠬᠦᠴᠢᠷᠳᠡᠯ ᠢ᠋  ᠰᠢᠢᠳᠪᠦᠷᠢᠯᠡᠬᠦ ᠂ ᠠᠷᠠᠳ ᠤ᠋ᠨ ᠵᠣᠪᠠᠯ ᠢ᠋ ᠠᠷᠢᠯᠭᠠᠬᠤ ᠂ ᠠᠷᠠᠳ ᠤ᠋ᠨ ᠰᠠᠨᠠᠭ᠎ᠠ ᠶ᠋ᠢ  ᠰᠢᠯᠤᠭᠤᠳᠭᠠᠬᠤ ᠂ ᠬᠠᠤᠯᠢ ᠴᠠᠭᠠᠵᠠ ᠨᠢ ᠠᠷᠠᠳ ᠤ᠋ᠨ ᠲᠥᠯᠥᠭᠡ ᠪᠠᠢᠬᠤ ᠵᠣᠷᠢᠯᠲᠠ ᠶ᠋ᠢ ᠦᠢᠯᠡᠳᠦᠯᠭᠡᠵᠢᠭᠦᠯᠵᠦ ᠂ ᠣᠯᠠᠨ ᠲᠦᠮᠡᠨ ᠳ᠋ᠦ᠍ ᠦᠢᠯᠡᠴᠢᠯᠡᠬᠦ 《 ᠬᠠᠮᠤᠭ ᠡᠴᠦᠰ ᠦ᠋ᠨ ᠨᠢᠭᠡ ᠺᠢᠯᠣᠮᠧᠲ᠋ᠷ 》  ᠢ᠋ ᠨᠡᠪᠲᠡᠷᠡᠭᠦᠯᠵᠦ ᠂ ᠡᠷᠬᠢᠯᠡᠨ ᠭᠦᠢᠴᠡᠳᠭᠡᠬᠦ  ᠰᠢᠭᠦᠭᠴᠢ ᠨᠣᠶᠠᠨ ᠳᠠᠷᠤᠢ ᠡᠷᠬᠡ  ᠲᠤᠰᠢᠶᠠᠯ ᠢ᠋ᠶ᠋ᠠᠨ ᠦᠨᠳᠦᠰᠦᠯᠡᠨ 2020 ᠣᠨ ᠤ᠋ 8 ᠰᠠᠷ᠎ᠠ ᠶ᠋ᠢᠨ 18  ᠤ᠋ ᠡᠳᠦᠷ ᠬᠡᠷᠡᠭ ᠪᠣᠯᠭᠠᠨ ᠳᠠᠩᠰᠠᠯᠠᠵᠤ ᠂ ᠦᠨ᠎ᠡ ᠬᠠᠶᠠᠵᠤ ᠬᠤᠳᠠᠯᠳᠤᠬᠤ ᠵᠢᠷᠤᠮ ᠳ᠋ᠤ᠌ ᠲᠦᠷᠭᠡᠬᠡᠨ ᠣᠷᠣᠬᠤ ᠪᠣᠯᠤᠨ᠎ᠠ ᠃ ᠬᠡᠷᠡᠭ ᠦ᠋ᠨ ᠪᠠᠢᠳᠠᠯ ᠢ᠋ ᠨᠠᠷᠢᠨ ᠨᠢᠮᠪᠠᠢ  ᠤᠩᠰᠢᠵᠤ᠂ ᠬᠡᠷᠡᠭ ᠦ᠋ᠨ ᠪᠠᠢᠳᠠᠯ ᠢ᠋ ᠵᠠᠳᠠᠯᠵᠤ᠂ ᠲᠤᠬᠠᠢ ᠶ᠋ᠢᠨ ᠬᠥᠮᠦᠨ ᠲᠡᠢ ᠬᠠᠷᠢᠯᠴᠠᠵᠤ᠂ ᠭᠦᠢᠴᠡᠳᠭᠡᠭᠳᠡᠭᠴᠢ ᠶ᠋ᠢ ᠳᠠᠭᠤᠳᠠᠵᠤ ᠪᠠᠢᠭᠠᠳ ᠡᠴᠦᠰ ᠲᠡᠭᠡᠨ ᠳᠠᠭᠠᠭᠠᠨ ᠠᠪᠤᠭᠰᠠᠨ  ᠰᠢᠭᠦᠬᠦ  ᠲᠤᠰᠢᠶᠠᠯᠲᠠᠨ ᠤ᠋ ᠡᠶᠡᠳᠡᠭᠦᠯᠭᠡ ᠪᠡᠷ ᠳᠠᠮᠵᠢᠨ ᠭᠦᠢᠴᠡᠳᠭᠡᠬᠦ ᠪᠡᠷ ᠭᠤᠶᠤᠴᠢᠯᠠᠭᠴᠢ᠂ ᠭᠦᠢᠴᠡᠳᠭᠡᠭᠳᠡᠭᠴᠢ ᠨᠢ ᠵᠢᠶᠠ ᠣᠪᠣᠭᠲᠤ ᠰᠠᠢᠨ ᠳᠤᠷ᠎ᠠ ᠠ᠋ᠴᠠ ᠪᠠᠨ ᠬᠦᠦ ᠮᠥᠩᠭᠥ ᠪᠡᠨ ᠣᠷᠬᠢᠭᠳᠠᠭᠤᠯᠬᠤ ᠶ᠋ᠢᠨ ᠬᠠᠮᠲᠤ ᠭᠦᠢᠴᠡᠳᠭᠡᠭᠴᠢ ᠶ᠋ᠢᠨ ᠵᠢᠢ᠂ ᠪᠢᠩ ᠣᠪᠣᠭᠲᠤ ᠥᠪᠡᠰᠦᠪᠡᠨ ᠲᠡᠭᠦᠨ ᠦ᠌ ᠨᠡᠷ᠎ᠡ ᠳᠣᠣᠷᠠᠬᠢ ᠭᠡᠷ  ᠪᠠᠢᠰᠢᠩ ᠢ᠋ᠶ᠋ᠠᠨ ᠬᠤᠳᠠᠯᠳᠤᠭᠠᠳ ᠥᠷᠢᠲᠦᠭᠰᠡᠨ ᠵᠣᠭᠣᠰ ᠢ᠋ ᠲᠥᠯᠥᠬᠦ ᠪᠡᠷ ᠵᠥᠪᠰᠢᠶᠡᠷᠡᠪᠡ᠃ ᠢᠩᠭᠢᠭᠡᠳ᠂ ᠬᠣᠶᠠᠷ ᠲᠠᠯ᠎ᠠ ᠶ᠋ᠢᠨ ᠲᠤᠬᠠᠢ ᠶ᠋ᠢᠨ ᠬᠥᠮᠦᠨ ᠡᠶᠡᠳᠡᠬᠦ ᠬᠡᠯᠡᠯᠴᠡᠭᠡᠷ ᠲᠣᠭᠲᠠᠭᠰᠠᠨ ᠪᠥᠭᠡᠳ 2020 ᠣᠨ ᠤ᠋ 9 ᠰᠠᠷ᠎ᠠ ᠶ᠋ᠢᠨ 20  ᠤ᠋ ᠡᠳᠦᠷ ᠡᠴᠡ ᠡᠮᠦᠨ᠎ᠡ ᠨᠢᠭᠡ ᠯᠡ ᠤᠳᠠᠭᠠᠨ ᠤ᠋ ᠴᠢᠨᠠᠷᠲᠠᠢ ᠪᠡᠯᠡᠨ ᠵᠣᠭᠣᠰ ᠢ᠋ ᠭᠦᠢᠴᠡᠳᠭᠡᠵᠦ ᠳᠠᠭᠤᠰᠭᠠᠬᠤ ᠪᠠᠷ ᠪᠣᠯᠵᠣᠨ ᠲᠣᠭᠲᠠᠭᠰᠠᠨ ᠪᠠᠢᠨ᠎ᠠ᠃ ᠡᠶᠡᠳᠡᠬᠦ ᠬᠡᠯᠡᠯᠴᠡᠭᠡᠷ ᠢ᠋ ᠲᠣᠭᠲᠠᠭᠰᠠᠨ ᠬᠤᠭᠤᠴᠠᠭᠠᠨ ᠳ᠋ᠤ᠌ ᠭᠦᠢᠴᠡᠳᠭᠡᠬᠦ ᠶ᠋ᠢ ᠦᠨᠡᠨ ᠬᠦ᠌ ᠪᠠᠲᠤᠯᠠᠬᠤ ᠶ᠋ᠢᠨ ᠲᠥᠯᠥᠭᠡ ᠂ ᠳᠠᠭᠠᠭᠠᠨ ᠭᠦᠢᠴᠡᠳᠭᠡᠬᠦ  ᠰᠢᠭᠦᠭᠴᠢ ᠣᠯᠠᠨ ᠤᠳᠠᠭ᠎ᠠ  ᠰᠢᠪᠠᠲᠠᠨ  ᠰᠢᠢᠳᠪᠦᠷᠢᠯᠡᠭᠦᠯᠵᠦ ᠂ ᠬᠠᠮᠤᠭ ᠡᠴᠦᠰ ᠲᠦ᠍ ᠭᠦᠢᠴᠡᠳᠭᠡᠬᠦ ᠬᠥᠮᠦᠨ ᠢ ᠣᠪᠣᠭᠲᠤ ᠂ ᠪᠢᠩ ᠣᠪᠣᠭᠲᠤ 2020 ᠣᠨ ᠤ᠋ 9 ᠰᠠᠷ᠎ᠠ ᠶ᠋ᠢᠨ 9  ᠦ᠌ ᠡᠳᠦᠷ ᠡᠶᠡᠳᠡᠬᠦ ᠬᠡᠯᠡᠯᠴᠡᠭᠡᠷ ᠢ᠋ ᠦᠨᠳᠦᠰᠦᠯᠡᠨ ᠪᠦᠬᠦ ᠥᠭᠴᠡᠭᠡ ᠪᠡᠨ ᠭᠦᠢᠴᠡᠳᠭᠡᠵᠦ ᠂ ᠬᠡᠯᠡᠯᠴᠡᠭᠡᠷ ᠲᠦ᠍ ᠪᠣᠯᠵᠣᠨ ᠲᠣᠭᠲᠠᠭᠰᠠᠨ ᠴᠠᠭ ᠠ᠋ᠴᠠ 10 ᠡᠳᠦᠷ ᠦ᠋ᠨ ᠡᠮᠦᠨ᠎ᠡ ᠪᠠᠢᠨ᠎ᠠ ᠃
 

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )