20 ᠳ᠋ᠤᠭᠠᠷ ᠳᠡᠯᠡᠬᠡᠢ ᠶ᠋ᠢᠨ ᠮᠡᠳᠡᠯᠭᠡ ᠶ᠋ᠢᠨ ᠥᠮᠴᠢᠯᠡᠬᠦ ᠡᠷᠬᠡ ᠶ᠋ᠢᠨ ᠡᠳᠦᠷ ᠦ᠋ᠨ ᠬᠦᠷᠴᠦ ᠢᠷᠡᠬᠦ ᠶ᠋ᠢ ᠤᠭᠲᠤᠬᠤ ᠶ᠋ᠢᠨ ᠲᠤᠰᠠᠳᠠ ᠂ 《 ᠬᠡᠪᠯᠡᠯ ᠦ᠋ᠨ ᠡᠷᠬᠡ ᠶ᠋ᠢᠨ ᠵᠠᠰᠠᠯᠲᠠ ᠶ᠋ᠢ ᠴᠢᠩᠭᠠᠳᠭᠠᠵᠤ ᠂ ᠬᠡᠪᠯᠡᠯ ᠦ᠋ᠨ ᠡᠷᠬᠡ ᠶ᠋ᠢᠨ ᠠᠮᠢ ᠠᠬᠤᠢ ᠶ᠋ᠢ ᠰᠢᠯᠢᠳᠡᠭᠵᠢᠭᠦᠯᠬᠦ》ᠭᠣᠣᠯ ᠰᠡᠳᠦᠪ ᠦ᠋ᠨ ᠲᠣᠭᠣᠷᠢᠨ ᠳ᠋ᠤ᠌ ᠂ 4 ᠰᠠᠷ᠎ᠠ ᠶ᠋ᠢᠨ 24 ᠦ᠌ ᠡᠳᠦᠷ ᠦ᠋ᠨ ᠦᠳᠡ ᠶ᠋ᠢᠨ ᠡᠮᠦᠨ᠎ᠡ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠬᠢᠭᠡᠳ ᠬᠣᠲᠠ ᠶ᠋ᠢᠨ ᠨᠠᠮ ᠤ᠋ᠨ ᠬᠣᠷᠢᠶᠠᠨ ᠤ᠋ ᠤᠬᠠᠭᠤᠯᠬᠤ ᠬᠡᠯᠲᠡᠰ ᠂ ᠬᠣᠲᠠ ᠶ᠋ᠢᠨ ᠰᠣᠶᠣᠯ ᠤ᠋ᠨ ᠵᠠᠬ᠎ᠠ ᠳᠡᠯᠭᠡᠭᠦᠷ ᠦ᠋ᠨ ᠶᠡᠷᠦᠩᠬᠡᠢᠯᠡᠭᠰᠡᠨ ᠬᠠᠤᠯᠢ ᠬᠡᠷᠡᠭᠵᠢᠭᠦᠯᠬᠦ ᠲᠣᠪᠴᠢᠶ᠎ᠠ ᠂ ᠬᠢᠶ᠎ᠡ ᠪᠠᠭᠰᠢ ᠲᠣᠭᠣᠷᠢᠭ ᠤ᠋ᠨ ᠵᠢᠭᠤᠯᠴᠢᠯᠠᠯ ᠤ᠋ᠨ ᠵᠠᠬ᠎ᠠ ᠳᠡᠯᠭᠡᠭᠦᠷ ᠦ᠋ᠨ ᠶᠡᠷᠦᠩᠬᠡᠢᠯᠡᠭᠰᠡᠨ ᠬᠠᠤᠯᠢ ᠬᠡᠷᠡᠭᠵᠢᠭᠦᠯᠬᠦ ᠲᠣᠪᠴᠢᠶ᠎ᠠ ᠂ ᠡᠵᠡᠨ ᠬᠣᠷᠣᠭ᠎ᠠ ᠬᠣᠰᠢᠭᠤᠨ ᠤ᠋ ᠰᠣᠶᠣᠯ ᠵᠢᠭᠤᠯᠴᠢᠯᠠᠯ ᠤ᠋ᠨ ᠶᠡᠷᠦᠩᠬᠡᠢᠯᠡᠭᠰᠡᠨ ᠬᠠᠤᠯᠢ ᠬᠡᠷᠡᠭᠵᠢᠭᠦᠯᠬᠦ ᠵᠢᠭᠤᠯᠴᠢᠯᠠᠯ ᠃ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠮᠡᠳᠡᠯᠭᠡ ᠶ᠋ᠢᠨ ᠥᠮᠴᠢ ᠶ᠋ᠢᠨ ᠡᠷᠬᠡ ᠶ᠋ᠢᠨ ᠵᠥᠪᠯᠡᠨ ᠰᠢᠭᠦᠬᠦ ᠲᠢᠩᠬᠢᠮ ᠦ᠋ᠨ ᠳᠠᠷᠤᠭ᠎ᠠ ᠪᠢᠶᠠᠨ ᠰᠢᠶᠣᠣ ᠶᠠᠨ ᠵᠢᠴᠢ ᠪᠦᠬᠦ ᠲᠢᠩᠬᠢᠮ ᠦ᠋ᠨ ᠺᠠᠲ᠋ᠷ ᠴᠠᠭᠳᠠᠭ᠎ᠠ ᠲᠤᠰ ᠤᠳᠠᠭᠠᠨ ᠤ᠋ ᠠᠵᠢᠯᠯᠠᠭ᠎ᠠ ᠳ᠋ᠤ᠌ ᠣᠷᠣᠯᠴᠠᠪᠠ ᠃
ᠦᠳᠡ ᠶ᠋ᠢᠨ ᠡᠮᠦᠨᠡᠬᠢ 10 ᠄ 00 ᠳ᠋ᠤ᠌ ᠂ ᠳ᠋ᠦᠩᠱᠧᠩ ᠲᠣᠭᠣᠷᠢᠭ ᠤ᠋ᠨ ᠬᠠᠨᠲᠠᠢ ᠪᠠᠯᠭᠠᠰᠤ ᠶ᠋ᠢᠨ ᠳᠥᠷᠪᠡᠳᠦᠭᠡᠷ ᠡᠮᠨᠡᠯᠭᠡ ᠶ᠋ᠢᠨ ᠬᠣᠷᠢᠶ᠎ᠠ ᠶ᠋ᠢᠨ ᠪᠧᠢ ᠰᠧ ᠯᠢᠶᠠᠨ ᠨᠢᠭᠡᠳᠦᠭᠡᠷ ᠨᠡᠭᠦᠷᠡᠰᠦᠨ ᠠᠭᠤᠷᠬᠠᠢ ᠶ᠋ᠢᠨ ᠭᠦᠸᠧᠯᠦ ᠶ᠋ᠢᠨ ᠭᠡᠷ ᠲᠦ᠍ ᠂ ᠬᠣᠲᠠ ᠶ᠋ᠢᠨ ᠰᠣᠶᠣᠯ ᠤ᠋ᠨ ᠵᠠᠬ᠎ᠠ ᠳᠡᠯᠭᠡᠭᠦᠷ ᠦ᠋ᠨ ᠶᠡᠷᠦᠩᠬᠡᠢᠯᠡᠭᠰᠡᠨ ᠬᠠᠤᠯᠢ ᠬᠡᠷᠡᠭᠵᠢᠭᠦᠯᠬᠦ ᠲᠣᠪᠴᠢᠶ᠎ᠠ ᠶ᠋ᠢᠨ ᠳᠠᠷᠤᠭ᠎ᠠ ᠸᠠᠩ ᠵᠢᠶᠧ ᠬᠡᠪᠯᠡᠯ ᠬᠤᠯᠠᠭᠠᠢᠯᠠᠬᠤ ᠠᠵᠢᠯᠯᠠᠭ᠎ᠠ ᠶ᠋ᠢ ᠲᠥᠪᠯᠡᠷᠡᠭᠦᠯᠦᠨ ᠤᠰᠠᠳᠭᠠᠬᠤ ᠠᠵᠢᠯᠯᠠᠭ᠎ᠠ ᠪᠠᠨ ᠵᠢᠩᠬᠢᠨᠢ ᠪᠡᠷ ᠡᠬᠢᠯᠡᠭᠰᠡᠨ ᠢ᠋ ᠨᠡᠢᠲᠡᠯᠡᠪᠡ ᠃ ᠲᠤᠰ ᠤᠳᠠᠭᠠᠨ ᠤ᠋ ᠤᠰᠠᠳᠭᠠᠭᠰᠠᠨ ᠬᠡᠪᠯᠡᠯ ᠬᠤᠯᠠᠭᠠᠢᠯᠠᠭᠰᠠᠨ ᠪᠣᠳᠠᠰ ᠤ᠋ᠨ ᠳᠣᠲᠣᠷᠠᠬᠢ ᠨᠢᠭᠡ ᠬᠡᠰᠡᠭ ᠨᠢ ᠮᠠᠨ ᠤ᠋ ᠲᠢᠩᠬᠢᠮ ᠦ᠋ᠨ ᠰᠢᠭᠦᠨ ᠰᠢᠢᠳᠪᠦᠷᠢᠯᠡᠭᠰᠡᠨ ᠬᠤᠸᠠᠩ ᠣᠪᠣᠭᠲᠤ ᠶ᠋ᠢᠨ ᠵᠣᠬᠢᠶᠠᠯ ᠪᠦᠲᠦᠭᠡᠯ ᠦ᠋ᠨ ᠡᠷᠬᠡ ᠳ᠋ᠦ᠍ ᠬᠠᠯᠳᠠᠭᠰᠠᠨ ᠬᠡᠷᠡᠭ ᠦ᠋ᠨ ᠬᠡᠷᠡᠭ ᠲᠦ᠍ ᠬᠣᠯᠪᠣᠭᠳᠠᠭᠰᠠᠨ ᠬᠡᠷᠡᠭ ᠢ᠋ ᠬᠣᠷᠢᠶᠠᠨ ᠠᠪᠤᠭᠰᠠᠨ ᠶᠤᠮ᠃ ᠵᠠᠭᠠᠯᠳᠤᠭᠳᠠᠭᠴᠢ ᠬᠤᠸᠠᠩ ᠣᠪᠣᠭᠲᠤ ᠨᠣᠮ ᠤ᠋ᠨ ᠳᠡᠯᠭᠡᠭᠦᠷ ᠡᠴᠡ 《ᠪᠦᠬᠦ ᠪᠦᠲᠦᠭᠡᠭᠳᠡᠬᠦᠨ ᠦ᠌ ᠳᠤᠮᠳᠠ ᠵᠡᠷᠭᠡ ᠶ᠋ᠢᠨ ᠰᠤᠷᠭᠠᠭᠤᠯᠢ ᠶ᠋ᠢᠨ ᠰᠢᠯᠭᠠᠯᠲᠠ ᠶ᠋ᠢᠨ ᠳᠠᠪᠲᠠᠬᠤ ᠲᠥᠰᠦᠯ》 ᠦ᠋ᠨ ᠹᠢᠽᠢᠺ ᠂ ᠠᠩᠭ᠍ᠯᠢ ᠬᠡᠯᠡ᠂ ᠦᠵᠡᠯ ᠰᠠᠨᠠᠭ᠎ᠠ ᠶᠣᠰᠣ ᠮᠣᠷᠠᠯ ᠢ᠋ ᠲᠣᠰᠪᠣᠷᠢ ᠨᠢᠭᠡ ᠳᠡᠪᠲᠡᠷ ᠬᠤᠳᠠᠯᠳᠤᠨ ᠠᠪᠴᠤ᠂ 《ᠪᠦᠬᠦ ᠲᠠᠸᠠᠷ》 ᠤ᠋ᠨ ᠲᠠᠸᠠᠷ ᠤ᠋ᠨ ᠲᠡᠮᠳᠡᠭ ᠦ᠋ᠨ ᠡᠷᠬᠡᠲᠦ ᠬᠥᠮᠦᠨ ᠦ᠌ ᠵᠥᠪᠰᠢᠶᠡᠷᠡᠯ ᠦᠭᠡᠢ ᠪᠡᠷ ᠬᠤᠪᠢ ᠪᠠᠷ ᠢ᠋ᠶ᠋ᠠᠨ ᠬᠡᠪᠯᠡᠵᠦ ᠲᠡᠭᠦᠨ ᠦ᠌ ᠡᠵᠡᠩᠨᠡᠵᠦ ᠪᠠᠢᠭ᠎ᠠ ᠵᠠᠷᠢᠮ ᠨᠣᠮ ᠤ᠋ᠨ ᠳᠡᠯᠭᠡᠭᠦᠷ ᠲᠦ᠍ ᠪᠣᠷᠣᠯᠠᠭᠤᠯᠵᠤ᠂ ᠨᠡᠢᠲᠡ 2047 ᠳᠡᠪᠲᠡᠷ᠂ ᠪᠣᠷᠣᠯᠠᠭᠤᠯᠤᠭᠰᠠᠨ ᠵᠣᠭᠣᠰ ᠤ᠋ᠨ ᠲᠣᠭ᠎ᠠ ᠨᠢ ᠨᠡᠢᠲᠡ 66871 ᠲᠥᠭᠥᠷᠢᠭ ᠲᠦ᠍ ᠬᠦᠷᠴᠡᠢ᠃ ᠰᠢᠭᠦᠯᠲᠡ ᠪᠡᠷ ᠳᠠᠮᠵᠢᠨ᠂ ᠵᠠᠭᠠᠯᠳᠤᠭᠳᠠᠭᠴᠢ ᠬᠤᠸᠠᠩ ᠣᠪᠣᠭᠲᠤ ᠶ᠋ᠢᠨ ᠦᠢᠯᠡ ᠠᠵᠢᠯᠯᠠᠭ᠎ᠠ ᠨᠢ ᠵᠣᠬᠢᠶᠠᠯ ᠪᠦᠲᠦᠭᠡᠯ ᠦ᠋ᠨ ᠡᠷᠬᠡ ᠳ᠋ᠦ᠍ ᠬᠠᠯᠳᠠᠭᠰᠠᠨ ᠶᠠᠯ᠎ᠠ ᠪᠣᠯᠵᠤ ᠪᠦᠷᠢᠯᠳᠦᠵᠦ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠡᠷᠡᠭᠦᠦ ᠶ᠋ᠢᠨ ᠬᠠᠤᠯᠢ》 ᠶ᠋ᠢᠨ ᠬᠣᠶᠠᠷ ᠵᠠᠭᠤ ᠠᠷᠪᠠᠨ ᠳᠣᠯᠣᠳᠤᠭᠠᠷ ᠵᠦᠢᠯ᠂ ᠵᠢᠷᠠᠨ ᠳᠣᠯᠣᠳᠤᠭᠠᠷ ᠵᠦᠢᠯ᠂ ᠳᠠᠯᠠᠨ ᠬᠣᠶᠠᠳᠤᠭᠠᠷ ᠵᠦᠢᠯ ᠦ᠋ᠨ ᠲᠣᠭᠲᠠᠭᠠᠯ ᠶᠣᠰᠣᠭᠠᠷ ᠬᠤᠭᠤᠴᠠᠭ᠎ᠠ ᠲᠠᠢ ᠬᠣᠷᠢᠬᠤ ᠡᠷᠡᠭᠦᠦ ᠪᠡᠷ ᠰᠢᠢᠳᠬᠡᠭᠡᠳ ᠶᠢᠰᠦᠨ ᠰᠠᠷ᠎ᠠ ᠡᠷᠡᠭᠦᠦ ᠠᠯᠭᠤᠷᠯᠠᠭᠤᠯᠬᠤ ᠪᠠᠷ ᠰᠢᠢᠳᠭᠡᠭᠳᠡᠵᠦ᠂ ᠳᠥᠷᠪᠡᠨ ᠲᠦᠮᠡ ᠲᠠᠪᠤᠨ ᠮᠢᠩᠭᠠᠨ ᠲᠥᠭᠥᠷᠢᠭ ᠢ᠋ᠶ᠋ᠡᠷ ᠲᠣᠷᠭᠠᠵᠤ᠂ ᠳᠠᠷᠤᠵᠤ ᠠᠪᠤᠭᠰᠠᠨ ᠵᠣᠬᠢᠶᠠᠯ ᠪᠦᠲᠦᠭᠡᠯ ᠦ᠋ᠨ ᠡᠷᠬᠡ ᠳ᠋ᠦ᠍ ᠬᠠᠯᠳᠠᠭᠰᠠᠨ 7 ᠲᠠᠮᠠᠭ᠎ᠠ ᠲᠡᠮᠳᠡᠭ ᠢ᠋ ᠬᠣᠷᠢᠶᠠᠨ ᠠᠪᠤᠪᠠ᠃ ᠲᠤᠰ ᠤᠳᠠᠭᠠᠨ ᠤ᠋ ᠤᠰᠠᠳᠭᠠᠭᠰᠠᠨ ᠠᠵᠢᠯᠯᠠᠭ᠎ᠠ ᠨᠢ ᠵᠣᠬᠢᠶᠠᠯ ᠪᠦᠲᠦᠭᠡᠯ ᠦ᠋ᠨ ᠡᠷᠬᠡ ᠳ᠋ᠦ᠍ ᠬᠠᠯᠳᠠᠭᠰᠠᠨ ᠬᠡᠪᠯᠡᠭᠳᠡᠬᠦᠨ ᠢ᠋ ᠵᠠᠬ᠎ᠠ ᠳᠡᠯᠭᠡᠭᠦᠷ ᠲᠦ᠍ ᠳᠠᠬᠢᠨ ᠣᠷᠣᠭᠤᠯᠬᠤ ᠦᠭᠡᠢ᠂ ᠰᠣᠶᠣᠯ ᠤ᠋ᠨ ᠵᠠᠬ᠎ᠠ ᠳᠡᠯᠭᠡᠭᠦᠷ ᠢ᠋ ᠤᠯᠠᠮ ᠨᠢᠭᠡ ᠠᠯᠬᠤᠮ ᠵᠢᠷᠤᠮᠵᠢᠭᠤᠯᠬᠤ ᠳ᠋ᠤ᠌ ᠢᠳᠡᠪᠬᠢᠲᠡᠢ ᠦᠢᠯᠡᠳᠦᠯ ᠭᠠᠷᠭᠠᠵᠤ᠂ ᠬᠠᠤᠯᠢ ᠴᠠᠭᠠᠵᠠ ᠶ᠋ᠢᠨ ᠰᠦᠷ ᠦᠵᠡᠭᠦᠯᠬᠦ ᠬᠦᠴᠦᠨ ᠢ᠋ ᠢᠯᠡᠷᠡᠭᠦᠯᠵᠦ᠂ ᠮᠡᠳᠡᠯᠭᠡ ᠶ᠋ᠢᠨ ᠪᠦᠲᠦᠭᠡᠭᠳᠡᠬᠦᠨ ᠦ᠌ ᠡᠷᠬᠡ ᠶ᠋ᠢᠨ ᠬᠠᠤᠯᠢ ᠴᠠᠭᠠᠵᠠ ᠶ᠋ᠢᠨ ᠬᠠᠮᠠᠭᠠᠯᠠᠯᠲᠠ ᠶ᠋ᠢᠨ ᠡᠷᠴᠢᠮ ᠪᠠ ᠵᠣᠷᠢᠭ ᠢ᠋ ᠢᠯᠡᠷᠡᠭᠦᠯᠦᠭᠰᠡᠨ ᠪᠠᠢᠨ᠎ᠠ᠃
ᠦᠳᠡ ᠶ᠋ᠢᠨ ᠡᠮᠦᠨᠡᠬᠢ 11 ᠄ 00 ᠳ᠋ᠤ᠌ ᠂ ᠡᠠᠵᠢᠯᠯᠠᠭᠠ ᠳ᠋ᠤ᠌ ᠣᠷᠣᠯᠴᠠᠭᠰᠠᠳ ᠳ᠋ᠦᠩᠱᠧᠩ ᠲᠣᠭᠣᠷᠢᠭ ᠤ᠋ᠨ ᠰᠢᠨᠬᠤᠸᠠ ᠨᠣᠮ ᠤ᠋ᠨ ᠳᠡᠯᠭᠡᠭᠦᠷ ᠂ ᠣᠷᠳᠣᠰ ᠤ᠋ᠨ ᠡᠳᠦᠷ ᠦ᠋ᠨ ᠰᠣᠨᠢᠨ ᠤ᠋ ᠬᠣᠷᠢᠶ᠎ᠠ ᠳ᠋ᠤ᠌ ᠠᠰᠠᠭᠤᠯᠲᠠ ᠬᠠᠷᠢᠭᠤᠯᠲᠠ ᠶ᠋ᠢᠨ ᠪᠠᠢᠴᠠᠭᠠᠯᠲᠠ ᠶ᠋ᠢᠨ ᠠᠵᠢᠯᠯᠠᠭ᠎ᠠ ᠥᠷᠨᠢᠭᠦᠯᠪᠡ ᠃ ᠲᠤᠰ ᠤᠳᠠᠭ᠎ᠠ ᠶ᠋ᠢᠨ ᠪᠠᠢᠴᠠᠭᠠᠯᠲᠠ ᠶ᠋ᠢᠨ ᠠᠰᠠᠭᠤᠯᠲᠠ ᠶ᠋ᠢᠨ ᠬᠠᠭᠤᠳᠠᠰᠤ ᠨᠢ ᠣᠯᠠᠨ ᠲᠠᠯ᠎ᠠ ᠠ᠋ᠴᠠ ᠬᠣᠲᠠ ᠶ᠋ᠢᠨ ᠠᠷᠠᠳ ᠤ᠋ᠨ ᠨᠣᠮ ᠤᠩᠰᠢᠬᠤ ᠳᠠᠳᠭᠠᠯ ᠢ᠋ ᠪᠠᠢᠴᠠᠭᠠᠭᠰᠠᠨ ᠪᠥᠭᠡᠳ ᠬᠣᠲᠠ ᠶ᠋ᠢᠨ ᠠᠷᠠᠳ ᠤ᠋ᠨ ᠬᠡᠪᠯᠡᠯ ᠦ᠋ᠨ ᠡᠷᠬᠡ ᠶ᠋ᠢ ᠬᠠᠮᠠᠭᠠᠯᠠᠬᠤ ᠤᠬᠠᠮᠰᠠᠷ ᠢ᠋ ᠣᠢᠯᠠᠭᠠᠭᠰᠠᠨ ᠪᠠᠢᠨ᠎ᠠ᠃ ᠠᠵᠢᠯᠯᠠᠭ᠎ᠠ ᠶ᠋ᠢᠨ ᠲᠤᠬᠠᠢ ᠶ᠋ᠢᠨ ᠲᠠᠯᠠᠪᠠᠢ ᠳ᠋ᠤ᠌ ᠪᠠᠰᠠ ᠦᠵᠡᠭᠦᠯᠦᠭᠡ ᠶ᠋ᠢᠨ ᠰᠠᠮᠪᠠᠷ᠎ᠠ ᠶ᠋ᠢᠨ ᠤᠬᠠᠭᠤᠯᠭ᠎ᠠ᠂ ᠵᠢᠩᠬᠢᠨᠢ ᠬᠡᠪᠯᠡᠯ ᠦ᠋ᠨ ᠨᠣᠮ ᠢ᠋ ᠳᠡᠯᠭᠡᠨ ᠦᠵᠡᠭᠦᠯᠬᠦ᠂ ᠵᠢᠩᠬᠢᠨᠢ ᠬᠡᠪᠯᠡᠯ ᠦ᠋ᠨ ᠨᠣᠮ ᠪᠢᠴᠢᠭ ᠢ᠋ ᠢᠯᠭᠠᠨ ᠲᠣᠳᠣᠯᠠᠬᠤ ᠵᠡᠷᠭᠡ ᠬᠡᠯᠪᠡᠷᠢ ᠪᠡᠷ ᠲᠤᠬᠠᠢ ᠶ᠋ᠢᠨ ᠲᠠᠯᠠᠪᠠᠢ ᠶ᠋ᠢᠨ ᠣᠯᠠᠨ ᠲᠦᠮᠡᠨ ᠳ᠋ᠦ᠍ ᠤᠬᠠᠭᠤᠯᠭ᠎ᠠ ᠬᠢᠭᠰᠡᠨ ᠪᠥᠭᠡᠳ ᠰᠤᠷᠪᠤᠯᠵᠢᠯᠠᠭ᠎ᠠ ᠶ᠋ᠢ ᠬᠦᠯᠢᠶᠡᠭᠰᠡᠨ ᠬᠣᠲᠠ ᠶ᠋ᠢᠨ ᠠᠷᠠᠳ ᠤ᠋ᠨ ᠵᠥᠪᠳᠡᠯᠴᠡᠭᠡ ᠶ᠋ᠢᠨ ᠲᠤᠬᠠᠢ ᠬᠠᠯᠠᠰᠢᠷᠠᠯ ᠥᠬᠡᠢ ᠲᠠᠢᠯᠪᠤᠷᠢᠯᠠᠯᠲᠠ ᠬᠢᠭᠰᠡᠨ ᠪᠠᠢᠨ᠎ᠠ᠃
ᠡᠨᠡ ᠡᠣᠳᠠᠭᠠᠠ ᠶ᠋ᠢᠨ ᠡᠠᠵᠢᠯᠯᠠᠭᠠ ᠨᠢ ᠥᠷᠭᠡᠨ ᠡᠣᠯᠠᠠ ᠡᠣᠯᠠᠠ ᠲᠦᠮᠡᠨ ᠶ᠋ᠢᠨ ᠬᠠᠤᠯᠢ ᠴᠠᠭᠠᠵᠠ ᠶ᠋ᠢᠨ ᠮᠡᠳᠡᠯᠭᠡ ᠶ᠋ᠢ ᠲᠦᠭᠡᠮᠡᠯᠵᠢᠭᠦᠯᠬᠦ ᠶ᠋ᠢᠨ ᠲᠥᠯᠦᠭᠡ ᠂ ᠪᠤᠢᠭᠦ ᠬᠣᠲᠠ ᠶ᠋ᠢᠨ ᠡᠠᠷᠠᠣᠠ ᠲᠦᠮᠡᠨ ᠶ᠋ᠢᠨ ᠨᠡᠢᠭᠡᠮ ᠦ᠋ᠨ ᠬᠢᠨᠠᠯᠲᠠ ᠲᠠᠯᠪᠢᠬᠤ ᠳ᠋ᠤ᠌ ᠣᠷᠣᠯᠴᠠᠬᠤ ᠢᠲᠡᠭᠡᠯ ᠢ᠋ ᠳᠡᠭᠡᠭᠰᠢᠯᠡᠭᠦᠯᠪᠡ᠂ ᠨᠥᠭᠥᠭᠡ ᠲᠠᠯ᠎ᠠ ᠪᠠᠷ ᠂ ᠡᠷᠬᠡ ᠳ᠋ᠦ᠍ ᠬᠠᠯᠳᠠᠵᠤ ᠬᠡᠪᠯᠡᠯ ᠬᠤᠯᠠᠭᠠᠢᠯᠠᠭᠰᠠᠨ ᠶᠠᠯᠠᠲᠤ ᠡᠪᠡᠳᠡᠯ ᠢ᠋ ᠰᠦᠷᠳᠡᠭᠦᠯᠵᠦ᠂ ᠨᠣᠮ ᠪᠢᠴᠢᠭ᠌ ᠶ᠋ᠢᠨ ᠡᠠᠵᠢᠯ ᠲᠥᠷᠦᠯ ᠤ᠋ᠨ ᠡᠵᠡᠩᠨᠡᠭᠴᠢ ᠶ᠋ᠢᠨ ᠬᠠᠤᠯᠢ ᠶᠣᠰᠣᠨ ᠤ᠋ ᠡᠷᠬᠡ ᠡᠠᠰᠢᠬ ᠪᠠᠡᠠᠵᠣ ᠡᠠᠬᠣᠢ ᠶ᠋ᠢᠨ ᠡᠠᠰᠢᠬ ᠲᠤᠰᠠ ᠶ᠋ᠢ ᠬᠠᠮᠠᠭᠠᠯᠠᠨ ᠂ ᠵᠠᠬ᠎ᠠ ᠳᠡᠯᠭᠡᠭᠦᠷ ᠦ᠋ᠨ ᠡᠮᠬᠢ ᠵᠢᠷᠤᠮ ᠢ᠋ ᠳᠦᠷᠢᠮᠵᠢᠭᠦᠯᠦᠨ ᠂ ᠨᠣᠮ ᠤ᠋ᠨ ᠡᠣᠢᠯᠠᠰ ᠤ᠋ᠨ ᠢᠲᠡᠭᠡᠯ ᠢ᠋ ᠬᠥᠭᠵᠢᠭᠡᠵᠦ ᠂ ᠨᠣᠮ ᠤ᠋ᠨ ᠡᠣᠢᠯᠠᠰ ᠤ᠋ᠨ ᠦᠷᠭᠦᠯᠵᠢᠯᠡᠬᠦ ᠬᠥᠭᠵᠢᠯᠲᠡ ᠳ᠋ᠤ᠌ ᠰᠠᠢᠨ ᠰᠠᠢᠬᠠᠨ ᠬᠠᠤᠯᠢ ᠴᠠᠭᠠᠵᠠ ᠶ᠋ᠢᠨ ᠣᠷᠴᠢᠨ ᠲᠣᠭᠣᠷᠢᠨ ᠢ᠋ ᠪᠣᠢ ᠪᠣᠯᠭᠠᠬᠤ ᠳ᠋ᠤ᠌ ᠡᠠᠰᠢᠬᠳᠠᠢ ᠶᠤᠮ ᠂ ᠡᠭᠦᠨ ᠦ᠌ ᠬᠠᠮᠲᠤ ᠂ ᠪᠦᠬᠦ ᠬᠣᠲᠠ ᠶ᠋ᠢᠨ ᠪᠠᠢᠭᠤᠯᠭ᠎ᠠ ᠶ᠋ᠢᠨ ᠮᠡᠳᠡᠯᠭᠡ ᠶ᠋ᠢᠨ ᠪᠦᠲᠦᠭᠡᠭᠳᠡᠬᠦᠨ ᠦ᠌ ᠥᠮᠴᠢᠯᠡᠬᠦ ᠡᠷᠬᠡ ᠶ᠋ᠢ ᠬᠠᠮᠠᠭᠠᠯᠠᠬᠤ ᠳ᠋ᠤ᠌ ᠲᠤᠰᠠᠯᠠᠬᠤ ᠡᠷᠴᠢᠮ ᠪᠠ ᠡᠷᠡᠰ ᠵᠣᠷᠢᠭ ᠢ᠋ ᠢᠯᠡᠷᠡᠭᠦᠯᠵᠦ ᠂ ᠮᠡᠳᠡᠯᠭᠡ ᠶ᠋ᠢᠨ ᠪᠦᠲᠦᠭᠡᠭᠳᠡᠬᠦᠨ ᠦ᠌ ᠥᠮᠴᠢᠯᠡᠬᠦ ᠡᠷᠬᠡ ᠶ᠋ᠢ ᠬᠠᠮᠠᠭᠠᠯᠠᠬᠤ ᠨᠡᠢᠭᠡᠮ ᠦ᠋ᠨ ᠬᠠᠷᠢᠭᠤᠴᠠᠯᠭ᠎ᠠ ᠪᠠᠨ ᠦᠨᠡᠨ ᠬᠦ᠌ ᠭᠦᠢᠴᠡᠳᠭᠡᠵᠦ ᠂ ᠮᠡᠳᠡᠯᠭᠡ ᠶ᠋ᠢ ᠬᠦᠨᠳᠦᠳᠭᠡᠬᠦ ᠂ ᠬᠥᠳᠡᠯᠮᠦᠷᠢ ᠶ᠋ᠢ ᠬᠦᠨᠳᠦᠳᠭᠡᠬᠦ ᠂ ᠰᠢᠨ᠎ᠡ ᠶ᠋ᠢ ᠡᠭᠦᠳᠬᠦ ᠶ᠋ᠢ ᠡᠷᠬᠢᠮᠯᠡᠬᠦ ᠂ ᠬᠡᠪᠯᠡᠯ ᠦ᠋ᠨ ᠡᠷᠬᠡ ᠶ᠋ᠢ ᠬᠠᠮᠠᠭᠠᠯᠠᠬᠤ ᠨᠡᠢᠭᠡᠮ ᠦ᠋ᠨ ᠬᠠᠮᠲᠤ ᠶ᠋ᠢᠨ ᠲᠠᠨᠢᠯᠲᠠ ᠪᠠ ᠶᠠᠷᠢᠶ᠎ᠠ ᠬᠡᠯᠡᠯᠴᠡᠭᠡᠨ ᠦ᠌ ᠠᠭᠤᠷ ᠠᠮᠢᠰᠭᠤᠯ ᠢ᠋ ᠪᠣᠢ ᠪᠣᠯᠭᠠᠬᠤ ᠂ ᠨᠡᠢᠭᠡᠮ ᠦ᠋ᠨ ᠣᠷᠴᠢᠨ ᠠᠬᠤᠢ ᠶ᠋ᠢ ᠴᠡᠪᠡᠷᠰᠢᠭᠦᠯᠪᠡ ᠃
ᠰᠢᠨ᠎ᠡ ᠴᠠᠭ ᠦᠶ᠎ᠡ ᠳ᠋ᠦ᠍ ᠣᠷᠣᠪᠠᠯ ᠂ ᠮᠡᠳᠡᠯᠭᠡ ᠶ᠋ᠢᠨ ᠪᠦᠲᠦᠭᠡᠭᠳᠡᠬᠦᠨ ᠦ᠌ ᠥᠮᠴᠢᠯᠡᠬᠦ ᠡᠷᠬᠡ ᠶ᠋ᠢᠨ ᠬᠠᠮᠲᠤᠷᠠᠨ ᠵᠥᠪᠯᠡᠬᠦ ᠲᠢᠩᠬᠢᠮ ᠦ᠋ᠨ ᠺᠠᠲ᠋ᠷ ᠴᠠᠭᠳᠠᠭ᠎ᠠ ᠨᠢᠭᠡᠪᠦᠷᠢ ᠦᠷᠭᠦᠯᠵᠢᠯᠡᠨ ᠳᠡᠭᠡᠳᠦ ᠬᠡᠮᠵᠢᠶᠡᠨ ᠦ᠌ ᠤᠯᠤᠰ ᠲᠥᠷᠥ ᠶ᠋ᠢᠨ ᠬᠠᠷᠢᠭᠤᠴᠠᠯᠭᠠᠲᠤ ᠰᠡᠳᠭᠢᠯᠭᠡ ᠪᠠ ᠡᠭᠦᠷᠭᠡᠲᠦ ᠰᠡᠳᠭᠢᠯᠭᠡ ᠪᠡᠷ ᠵᠣᠷᠢᠭᠲᠠᠢ ᠪᠠᠷ ᠡᠭᠦᠷᠭᠡᠯᠡᠨ ᠂ ᠵᠣᠷᠢᠭᠲᠠᠢ ᠪᠠᠷ ᠬᠠᠷᠢᠭᠤᠴᠠᠵᠤ ᠂ ᠡᠷᠬᠡ ᠳ᠋ᠦ᠍ ᠬᠠᠯᠳᠠᠭᠰᠠᠨ ᠦᠢᠯᠡ ᠠᠵᠢᠯᠯᠠᠭ᠎ᠠ ᠳ᠋ᠤ᠌ ᠡᠷᠡᠰ ᠭᠤᠢᠪᠢᠰᠢ ᠦᠭᠡᠢ ᠪᠡᠷ ᠴᠣᠬᠢᠯᠲᠠ ᠥᠭᠴᠦ ᠂ ᠰᠣᠶᠣᠯ ᠤ᠋ᠨ ᠠᠮᠤᠷ ᠲᠦᠪᠰᠢᠨ ᠢ᠋ ᠦᠨᠡᠨ ᠬᠦ᠌ ᠬᠠᠮᠠᠭᠠᠯᠠᠵᠤ ᠂ ᠵᠣᠬᠢᠶᠠᠯ ᠪᠦᠲᠦᠭᠡᠯ ᠦ᠋ᠨ ᠬᠦᠷᠢᠶ᠎ᠡ ᠴᠠᠷᠠᠭ᠎ᠠ ᠶ᠋ᠢᠨ ᠴᠡᠪᠡᠷ ᠲᠤᠩᠭᠠᠯᠠᠭ ᠣᠷᠣᠨ ᠵᠠᠢ ᠳ᠋ᠤ᠌ ᠲᠣᠭᠣᠰᠭ᠎ᠠ ᠸᠠᠭᠠᠷ ᠲᠣᠭᠣᠰᠭ᠎ᠠ ᠨᠡᠮᠡᠨ᠎ᠡ ᠃ ᠡᠭᠦᠨ ᠦ᠌ ᠬᠠᠮᠲᠤ ᠂ ᠡᠨᠳᠡ ᠪᠠᠰᠠ ᠰᠣᠶᠣᠯ ᠤ᠋ᠨ ᠵᠠᠬ᠎ᠠ ᠳᠡᠯᠭᠡᠭᠦᠷ ᠦ᠋ᠨ ᠡᠵᠡᠩᠨᠡᠯᠲᠡ ᠶ᠋ᠢᠨ ᠡᠠᠵᠢᠯᠯᠠᠭᠠ ᠶ᠋ᠢ ᠡᠷᠬᠢᠯᠡᠵᠦ ᠪᠠᠢᠭ᠎ᠠ ᠥᠷᠭᠡᠨ ᠡᠣᠯᠠᠠ ᠨᠢᠭᠡᠴᠡ ᠪᠠᠬᠤᠪᠢ ᠬᠥᠮᠦᠨ ᠡᠠᠵᠣ ᠡᠠᠬᠣᠢ ᠶ᠋ᠢᠨ ᠦᠷ᠎ᠡ ᠡᠠᠰᠢᠬ ᠬᠢᠭᠡᠳ ᠨᠡᠢᠭᠡᠮ ᠦ᠋ᠨ ᠦᠷ᠎ᠡ ᠡᠠᠰᠢᠬ ᠢ᠋ ᠨᠢᠭᠡᠳᠦᠭᠦᠯᠬᠦ ᠶ᠋ᠢ ᠪᠠᠷᠢᠮᠲᠠᠯᠠᠵᠤ ᠂ ᠬᠡᠪᠯᠡᠯ ᠦ᠋ᠨ ᠦᠭᠡᠢ᠂ ᠬᠤᠳᠠᠯᠳᠤᠨ ᠡᠠᠪᠬᠣ ᠦᠭᠡᠢ᠂ ᠬᠤᠳᠠᠯᠳᠤᠬᠤ ᠡᠣᠢᠬᠡᠢ ᠂ ᠳᠦᠷᠢᠶᠡᠰᠦᠯᠡᠬᠦ ᠦᠭᠡᠢ ᠂ ᠬᠠᠤᠯᠢ ᠪᠤᠰᠤ ᠬᠡᠪᠯᠡᠭᠳᠡᠬᠦᠨ ᠢ᠋ ᠳᠡᠯᠭᠡᠷᠡᠭᠦᠯᠬᠦ ᠦᠭᠡᠢ ᠪᠠᠢᠵᠤ ᠂ ᠡᠠᠵᠢᠯ ᠲᠥᠷᠦᠯ ᠤ᠋ᠨ ᠪᠡᠶ᠎ᠡ ᠪᠡᠨ ᠪᠠᠷᠢᠬᠤ ᠂ ᠡᠵᠡᠩᠨᠡᠯᠲᠡ ᠶ᠋ᠢᠨ ᠡᠠᠵᠢᠯᠯᠠᠭᠠ ᠶ᠋ᠢ ᠨᠢ ᠴᠢᠩᠭᠠᠳᠭᠠᠨ ᠂ ᠨᠡᠢᠭᠡᠮ ᠵᠢᠷᠤᠮ ᠤ᠋ᠨ ᠡᠣᠶᠣᠠ ᠶ᠋ᠢᠨ ᠪᠣᠯᠪᠠᠰᠤᠨ ᠤ᠋ ᠳᠠᠮᠵᠢᠭᠤᠯᠭ᠎ᠠ ᠶ᠋ᠢ ᠡᠣᠢᠯᠠᠳᠣᠯᠬᠡᠶ᠋ᠢᠨ ᠶᠤᠮ ᠃
ᠦᠨᠡᠯᠡᠬᠦ 0ᠦᠨᠡᠯᠡᠯᠲᠡ ᠲᠠᠢ