ᠰᠦᠯᠵᠢᠶᠡᠨ ᠳᠡᠭᠡᠷ᠎ᠡ ᠪᠠ ᠰᠦᠯᠵᠢᠶᠡᠨ ᠡᠴᠡ ᠭᠠᠳᠠᠨ᠎ᠠ ᠡᠶᠡᠳᠡᠭᠰᠡᠨ ᠪᠥᠭᠡᠳ ᠳᠠᠮᠫᠤᠷᠠᠭᠰᠠᠨ ᠠᠵᠤ ᠠᠬᠤᠢᠯᠠᠯ ᠤ᠋ᠨ ᠠᠪᠴᠠᠭᠠᠨ ᠤ᠋ ᠡᠷᠬᠡ ᠶ᠋ᠢ ᠨᠡᠬᠡᠮᠵᠢᠯᠡᠨ ᠬᠤᠷᠢᠶᠠᠬᠤ ᠳ᠋ᠤ᠌ ᠬᠦᠴᠦᠲᠡᠢ ᠳᠡᠮᠵᠢᠯᠭᠡ ᠦᠵᠡᠭᠦᠯᠪᠡ
2020.09.11 ᠲᠣᠰ ᠥᠷᠲᠡᠭᠡᠨ᠎ᠦ ᠨᠠᠢᠷᠠᠭᠤᠯᠤᠭᠴᠢ

ᠣᠢᠷ᠎ᠠ ᠳ᠋ᠤ᠌ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ  ᠰᠢᠭᠦᠬᠦ ᠬᠣᠷᠢᠶ᠎ᠠ ᠶ᠋ᠢᠨ ᠯᠢ ᠮᠧᠢ ᠷᠦᠩ ᠳᠡᠳ᠋ ᠬᠣᠷᠢᠶᠠᠨ ᠳᠠᠷᠤᠭ᠎ᠠ ᠭᠣᠣᠯᠯᠠᠨ  ᠰᠢᠭᠦᠭᠰᠡᠨ ᠬᠤᠳᠠᠯᠳᠤᠭᠠᠨ ᠤ᠋ ᠶᠠᠪᠤᠳᠠᠯ ( ᠢᠯᠭᠠᠷᠠᠭᠤᠯᠤᠨ ᠪᠣᠳᠣᠬᠤ ᠪᠠ ᠳᠠᠮᠫᠤᠷᠠᠭᠤᠯᠬᠤ) ᠶ᠋ᠢᠨ ᠬᠠᠮᠲᠤᠷᠠᠨ  ᠰᠢᠭᠦᠬᠦ ᠲᠢᠩᠬᠢᠮ ᠦ᠋ᠨ ᠲᠤᠰᠭᠠᠢ ᠬᠠᠷᠢᠶᠠᠯᠠᠭᠳᠠᠬᠤ 4 ᠬᠤᠪᠢ ᠳᠠᠮᠫᠤᠷᠠᠭᠰᠠᠨ ᠠᠵᠤ ᠠᠬᠤᠢᠯᠠᠯ ᠤ᠋ᠨ  ᠭᠠᠳᠠᠭᠰᠢ ᠨᠡᠬᠡᠮᠵᠢᠯᠡᠨ ᠬᠤᠷᠢᠶᠠᠭᠰᠠᠨ ᠠᠪᠴᠠᠭ᠎ᠠ ᠶ᠋ᠢᠨ ᠡᠷᠬᠡ ᠶ᠋ᠢᠨ ᠵᠢᠭᠤᠷᠠᠯᠳᠤᠭᠠᠨ ᠤ᠋ ᠬᠡᠷᠡᠭ ᠢ᠋ ᠴᠥᠮ ᠡᠶᠡᠳᠡᠭᠦᠯᠦᠨ ᠳᠠᠭᠤᠰᠭᠠᠵᠤ ᠂ ᠡᠭᠦᠨ ᠳ᠋ᠦ᠍ 1 ᠬᠤᠪᠢ ᠶ᠋ᠢ ᠨᠢ ᠢᠨᠲ᠋ᠧᠷ ᠰᠦᠯᠵᠢᠶᠡᠨ ᠦ᠌ E ᠡᠶᠡᠳᠡᠭᠦᠯᠬᠦ ᠲᠠᠪᠴᠠᠩ ᠢ᠋ᠶ᠋ᠠᠷ ᠳᠠᠮᠵᠢᠭᠤᠯᠤᠨ ᠡᠶᠡᠳᠡᠭᠦᠯᠦᠨ  ᠰᠢᠢᠳᠪᠦᠷᠢᠯᠡᠵᠡᠢ ᠃ ᠲᠤᠰ 4 ᠬᠡᠷᠡᠭ ᠦ᠋ᠨ ᠵᠠᠭᠠᠯᠳᠤᠭᠴᠢ ᠶ᠋ᠢᠨ ᠵᠠᠭᠠᠯᠳᠤᠬᠤ ᠬᠠᠷᠠᠯᠲᠠ ᠶ᠋ᠢᠨ ᠪᠦᠬᠦ ᠲᠣᠭ᠎ᠠ ᠪᠠᠷᠤᠭ 215.76 ᠲᠦᠮᠡᠨ ᠲᠥᠭᠥᠷᠢᠭ ᠲᠦ᠍ ᠬᠦᠷᠴᠦ᠂ ᠡᠶᠡᠳᠡᠭᠦᠯᠬᠦ ᠬᠠᠷᠠᠯᠲᠠ ᠶ᠋ᠢᠨ ᠪᠠᠷᠤᠭ 164.26 ᠲᠦᠮᠡᠨ ᠲᠥᠭᠥᠷᠢᠭ ᠲᠦ᠍ ᠬᠦᠷᠴᠦ᠂ ᠣᠳᠣᠬᠠᠨ ᠳ᠋ᠤ᠌ ᠪᠦᠬᠦᠨ ᠢ᠋ ᠥᠭᠴᠦ ᠳᠠᠭᠤᠰᠴᠠᠢ᠃

 ᠲᠤᠰ 4 ᠬᠤᠪᠢ ᠭᠠᠳᠠᠭᠠᠳᠤ ᠳ᠋ᠤ᠌ ᠨᠡᠬᠡᠮᠵᠢᠯᠡᠨ ᠬᠤᠷᠢᠶᠠᠭᠰᠠᠨ ᠠᠪᠴᠠᠭ᠎ᠠ ᠶ᠋ᠢᠨ ᠡᠷᠬᠡ ᠶ᠋ᠢᠨ ᠵᠢᠭᠤᠷᠠᠯᠳᠤᠭᠠᠨ ᠨᠢ ᠴᠥᠮ ᠬᠣᠲᠠ ᠶ᠋ᠢᠨ ᠳᠤᠮᠳᠠ ᠵᠡᠷᠭᠡ ᠶ᠋ᠢᠨ  ᠰᠢᠭᠦᠬᠦ ᠬᠣᠷᠢᠶᠠᠨ ᠤ᠋ ᠬᠤᠳᠠᠯᠳᠤᠭᠠᠨ ᠤ᠋ ᠶᠠᠪᠤᠳᠠᠯ ( ᠢᠯᠭᠠᠷᠠᠭᠤᠯᠤᠨ ᠪᠣᠳᠣᠬᠤ ᠪᠠ ᠳᠠᠮᠫᠤᠷᠠᠬᠤ) ᠬᠠᠮᠲᠤᠷᠠᠨ  ᠰᠢᠭᠦᠬᠦ ᠲᠢᠩᠬᠢᠮ ᠳ᠋ᠦ᠍ ᠶᠠᠭ  ᠰᠢᠭᠦᠵᠦ ᠪᠠᠢᠭ᠎ᠠ ᠨᠢᠭᠡᠨ ᠺᠣᠮᠫᠠᠨᠢ ᠶ᠋ᠢᠨ ᠳᠠᠮᠫᠤᠷᠠᠯ ᠢ᠋ ᠢᠯᠭᠠᠷᠠᠭᠤᠯᠤᠨ ᠪᠣᠳᠣᠬᠤ ᠬᠡᠷᠡᠭ ᠲᠦ᠍ ᠡᠭᠦᠰᠦᠭᠰᠡᠨ ᠵᠠᠷᠭᠤ ᠶ᠋ᠢᠨ ᠬᠡᠷᠡᠭ ᠨᠢ ᠳᠠᠮᠫᠤᠷᠠᠯ ᠢ᠋ ᠢᠯᠭᠠᠷᠠᠭᠤᠯᠤᠨ ᠪᠣᠳᠣᠬᠤ ᠠᠵᠤ ᠠᠬᠤᠢᠯᠠᠯ ᠪᠣᠯᠤᠨ ᠪᠤᠰᠤᠳ ᠠᠵᠤ ᠠᠬᠤᠢᠯᠠᠯ ᠤ᠋ᠨ ᠬᠣᠭᠣᠷᠣᠨᠳᠣᠬᠢ ᠳᠠᠭᠠᠭᠠᠨ ᠠᠪᠬᠤ ᠭᠡᠷ᠎ᠡ ᠶ᠋ᠢᠨ ᠬᠠᠷᠢᠴᠠᠭ᠎ᠠ ᠵᠢᠴᠢ ᠪᠤᠰᠤᠳ ᠭᠡᠷ᠎ᠡ ᠶ᠋ᠢᠨ ᠬᠠᠷᠢᠴᠠᠭ᠎ᠠ ᠲᠠᠢ ᠬᠣᠯᠪᠣᠭᠳᠠᠵᠤ ᠪᠠᠢᠨ᠎ᠠ ᠃
 ᠲᠤᠰ 4 ᠬᠡᠷᠡᠭ ᠢ᠋  ᠰᠢᠭᠦᠬᠦ ᠶᠠᠪᠤᠴᠠ ᠳ᠋ᠤ᠌ ᠂ ᠳᠠᠭᠠᠭᠠᠨ  ᠰᠢᠢᠳᠪᠦᠷᠢᠯᠡᠬᠦ ᠰᠢᠭᠦᠭᠴᠢ ᠯᠢ ᠮᠧᠢ ᠷᠦᠩ ᠳᠡᠳ᠋ ᠬᠣᠷᠢᠶᠠᠨ ᠳᠠᠷᠤᠭ᠎ᠠ ᠨᠢ ᠬᠡᠷᠡᠭ ᠦ᠋ᠨ ᠪᠣᠳᠠᠲᠤ ᠶᠠᠪᠤᠳᠠᠯ ᠢ᠋ ᠪᠦᠬᠦ ᠲᠠᠯ᠎ᠠ ᠪᠠᠷ ᠪᠠᠢᠴᠠᠭᠠᠨ ᠲᠣᠳᠣᠯᠠᠵᠤ ᠂ ᠬᠡᠷᠡᠭ ᠦ᠋ᠨ ᠮᠠᠷᠭᠤᠯᠳᠤᠭᠠᠨ ᠤ᠋ ᠲᠥᠪᠯᠡᠷᠡᠯ ᠦ᠋ᠨ ᠴᠢᠭ ᠢ᠋ ᠲᠣᠳᠣᠷᠬᠠᠢᠯᠠᠭᠰᠠᠨ ᠰᠠᠭᠤᠷᠢᠨ ᠳᠡᠭᠡᠷ᠎ᠡ ᠂ ᠡᠶᠡᠳᠡᠭᠦᠯᠬᠦ ᠠᠷᠭ᠎ᠠ ᠮᠠᠶᠢᠭ ᠢ᠋ᠶ᠋ᠠᠷ ᠵᠢᠭᠤᠷᠠᠯᠳᠤᠭᠠᠨ ᠢ᠋ ᠡᠩ ᠲᠡᠷᠢᠭᠦᠨ ᠳ᠋ᠦ᠍ ᠰᠣᠩᠭᠣᠬᠤ ᠬᠡᠷᠡᠭᠲᠡᠢ ᠃ ᠡᠶᠡᠳᠡᠭᠦᠯᠬᠦ ᠶᠠᠪᠤᠴᠠ ᠳᠤᠮᠳᠠ ᠂ ᠵᠠᠭᠠᠯᠳᠤᠭᠴᠢ ᠨᠢᠭᠡᠨ ᠺᠣᠮᠫᠠᠨᠢ ᠶ᠋ᠢᠨ ᠳᠠᠮᠫᠤᠷᠠᠬᠤ ᠶᠠᠪᠤᠴᠠ ᠶ᠋ᠢ ᠢᠯᠭᠠᠷᠠᠭᠤᠯᠤᠨ ᠪᠣᠳᠣᠬᠤ ᠣᠨᠴᠠᠭᠠᠢ ᠴᠢᠨᠠᠷ ᠲᠤ᠌ ᠴᠢᠭᠯᠡᠭᠦᠯᠦᠨ ᠂ ᠯᠢ ᠮᠧᠢ ᠷᠦᠩ ᠳᠡᠳ᠋ ᠬᠣᠷᠢᠶᠠᠨ ᠳᠠᠷᠤᠭ᠎ᠠ ᠨᠢ ᠬᠠᠤᠯᠢ ᠵᠦᠢ ᠂ ᠶᠣᠰᠣ ᠵᠢᠷᠤᠮ ᠨᠢ ᠣᠯᠠᠨ ᠲᠠᠯ᠎ᠠ ᠠ᠋ᠴᠠ ᠭᠠᠷᠳᠠᠵᠤ ᠬᠢᠬᠦ ᠶ᠋ᠢ ᠴᠢᠬᠤᠯᠠᠴᠢᠯᠠᠵᠤ ᠂ ᠨᠠᠷᠢᠨ ᠨᠢᠮᠪᠠᠢ ᠂ ᠬᠦᠯᠢᠴᠡᠩᠭᠦᠢ ᠪᠡᠷ ᠲᠤᠬᠠᠢ ᠶ᠋ᠢᠨ ᠬᠥᠮᠦᠨ ᠳ᠋ᠦ᠍ ᠬᠠᠤᠯᠢ ᠴᠠᠭᠠᠵᠠ ᠶ᠋ᠢᠨ ᠰᠡᠵᠢᠭᠯᠡᠯᠲᠡ ᠬᠢᠵᠦ ᠂  ᠠᠰᠢᠭ ᠬᠣᠣᠷ ᠢ᠋ ᠨᠢ ᠵᠠᠳᠠᠯᠤᠨ ᠥᠭᠴᠦ ᠂ ᠬᠣᠶᠠᠷ ᠡᠲᠡᠭᠡᠳ ᠦ᠋ᠨ ᠡᠶᠡᠳᠡᠭᠦᠯᠦᠯᠲᠡ ᠶ᠋ᠢᠨ ᠬᠠᠮᠲᠤ ᠶ᠋ᠢᠨ ᠲᠠᠨᠢᠯᠲᠠ ᠶ᠋ᠢ ᠴᠢᠷᠮᠠᠢᠨ ᠠᠬᠢᠭᠤᠯᠬᠤ ᠶ᠋ᠢᠨ ᠬᠠᠮᠲᠤ ᠭᠠᠷᠴᠤ ᠮᠡᠳᠡᠬᠦ ᠦᠯᠡᠳᠡᠭᠳᠡᠯ ᠠᠰᠠᠭᠤᠳᠠᠯ ᠢ᠋ ᠬᠠᠮᠲᠤ ᠳ᠋ᠤᠨᠢ ᠪᠣᠳᠣᠯᠬᠢᠯᠠᠵᠤ ᠪᠣᠯᠤᠨ᠎ᠠ ᠃ ᠲᠡᠭᠦᠨ ᠦ᠌ ᠳᠣᠲᠣᠷ᠎ᠠ ᠨᠢᠭᠡ ᠬᠡᠷᠡᠭ ᠦ᠋ᠨ ᠵᠠᠭᠠᠯᠳᠤᠭᠳᠠᠭᠴᠢ ᠶ᠋ᠢᠨ ᠬᠠᠤᠯᠢ ᠪᠠᠷ ᠲᠣᠭᠲᠠᠭᠠᠭᠰᠠᠨ ᠲᠥᠯᠥᠭᠡᠯᠡᠭᠴᠢ ᠶ᠋ᠢᠨ ᠪᠡᠶ᠎ᠡ ᠨᠢ ᠣᠳᠣᠬᠠᠨ ᠤ᠋ ᠬᠢᠵᠢᠭ ᠦ᠋ᠨ ᠪᠠᠢᠳᠠᠯ ᠨᠡᠯᠢᠶᠡᠳ ᠬᠦᠨᠳᠦ ᠪᠠᠢᠭ᠎ᠠ ᠬᠠᠷᠠᠮᠦ᠋ᠷᠡᠨ ᠮᠣᠵᠢ ᠳ᠋ᠤ᠌ ᠂ ᠯᠢ ᠮᠧᠢ ᠷᠦᠩ ᠳᠡᠳ᠋ ᠬᠣᠷᠢᠶᠠᠨ ᠳᠠᠷᠤᠭ᠎ᠠ ᠨᠢ ᠬᠣᠶᠠᠷ ᠲᠠᠯ᠎ᠠ ᠶ᠋ᠢᠨ ᠲᠤᠬᠠᠢ ᠶ᠋ᠢᠨ ᠬᠥᠮᠦᠨ ᠦ᠌  ᠵᠥᠪᠰᠢᠶᠡᠷᠡᠯ ᠢ᠋ ᠣᠯᠤᠭᠰᠠᠨ ᠤ᠋ ᠳᠠᠷᠠᠭ᠎ᠠ ᠂ ᠣᠳᠣᠬᠠᠨ ᠤ᠋ ᠤᠯᠤᠰ ᠤ᠋ᠨ ᠳᠣᠲᠣᠭᠠᠳᠤ ᠶ᠋ᠢᠨ ᠬᠢᠵᠢᠭ ᠦ᠋ᠨ ᠪᠠᠢᠳᠠᠯ ᠢ᠋ ᠰᠡᠷᠭᠡᠢᠯᠡᠨ ᠬᠢᠵᠠᠭᠠᠷᠯᠠᠬᠤ ᠪᠠᠢᠳᠠᠯ ᠳ᠋ᠤ᠌ ᠰᠠᠭᠤᠷᠢᠯᠠᠭᠰᠠᠨ ᠵᠢᠴᠢ ᠲᠤᠬᠠᠢ ᠶ᠋ᠢᠨ ᠬᠥᠮᠦᠨ ᠦ᠌ ᠵᠠᠷᠭᠤ ᠶ᠋ᠢᠨ ᠥᠪᠡᠷ ᠦ᠋ᠨ ᠥᠷᠲᠡᠭ ᠢ᠋ ᠪᠠᠭᠠᠰᠬᠠᠬᠤ ᠵᠡᠷᠭᠡ ᠣᠯᠠᠨ ᠲᠠᠯ᠎ᠠ ᠪᠠᠷ ᠪᠣᠳᠣᠯᠬᠢᠯᠠᠵᠤ ᠂ ᠢᠨᠲ᠋ᠧᠷ ᠰᠦᠯᠵᠢᠶ᠎ᠡ E ᠡᠶᠡᠳᠡᠭᠦᠯᠬᠦ ᠲᠠᠪᠴᠠᠩ ᠢ᠋ᠶ᠋ᠠᠷ ᠳᠠᠮᠵᠢᠭᠤᠯᠤᠨ ᠡᠶᠡᠳᠡᠭᠦᠯᠭᠡ ᠬᠢᠵᠦ ᠂ ᠳᠥᠭᠥᠮ ᠲᠦᠳᠡ ᠂ ᠥᠨᠳᠥᠷ ᠦᠷ᠎ᠡ ᠪᠦᠲᠦᠮᠵᠢ ᠲᠡᠢ ᠪᠣᠯᠵᠠᠢ ᠃ ᠡᠶᠡᠳᠡᠭᠦᠯᠭᠡ ᠳᠠᠭᠤᠰᠤᠭᠰᠠᠨ ᠤ᠋ ᠳᠠᠷᠠᠭ᠎ᠠ ᠂ ᠲᠤᠰ ᠬᠡᠷᠡᠭ ᠦ᠋ᠨ ᠵᠠᠭᠠᠯᠳᠤᠭᠳᠠᠭᠴᠢ ᠡᠶᠡᠳᠡᠭᠦᠯᠭᠡ ᠶ᠋ᠢᠨ ᠪᠢᠴᠢᠭ ᠲᠦ᠍ ᠨᠤᠲᠠᠯᠠᠭᠰᠠᠨ ᠥᠭᠴᠡᠭᠡ ᠪᠡᠨ ᠲᠡᠷᠡ ᠳᠠᠷᠤᠢ ᠳ᠋ᠤᠨᠢ ᠭᠦᠢᠴᠡᠳᠭᠡᠪᠡ ᠃
 ᠣᠳᠣᠬᠠᠨ ᠳ᠋ᠤ᠌ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ  ᠰᠢᠭᠦᠬᠦ ᠬᠣᠷᠢᠶ᠎ᠠ ᠶ᠋ᠢᠨ  ᠰᠢᠭᠦᠵᠦ ᠪᠠᠢᠭ᠎ᠠ ᠳᠠᠮᠫᠤᠷᠠᠯ ᠢ᠋ ᠢᠯᠭᠠᠷᠠᠭᠤᠯᠤᠨ ᠪᠣᠳᠣᠬᠤ ᠬᠡᠷᠡᠭ ᠨᠡᠢᠲᠡ 4 ᠬᠤᠪᠢ ᠪᠠᠢᠵᠤ ᠂ ᠳᠠᠮᠫᠤᠷᠠᠭᠰᠠᠨ ᠠᠵᠤ ᠠᠬᠤᠢᠯᠠᠯ ᠤ᠋ᠨ ᠬᠠᠤᠯᠢ ᠶᠣᠰᠣᠨ ᠤ᠋ ᠥᠷᠢ  ᠰᠢᠷᠢ ᠶ᠋ᠢ ᠢᠯᠭᠠᠷᠠᠭᠤᠯᠤᠨ ᠪᠣᠳᠣᠬᠤ ᠬᠡᠷᠡᠭ ᠦ᠋ᠨ ᠳᠣᠲᠣᠷᠠᠬᠢ ᠠᠪᠴᠠᠭᠠᠲᠠᠨ ᠤ᠋ ᠠᠪᠴᠠᠭᠠᠨ ᠤ᠋ ᠲᠥᠯᠥᠵᠦ ᠳᠡᠢᠯᠬᠦ ᠴᠢᠬᠤᠯᠠ ᠠᠷᠭ᠎ᠠ ᠪᠠᠷᠢᠯ ᠤ᠋ᠨ ᠨᠢᠭᠡ ᠬᠤᠪᠢ ᠪᠠᠢᠵᠤ ᠂ ᠬᠣᠯᠪᠣᠭᠳᠠᠯ ᠪᠦᠬᠦᠢ ᠬᠡᠷᠡᠭ ᠦ᠋ᠨ ᠲᠣᠭ᠎ᠠ ᠬᠡᠮᠵᠢᠶ᠎ᠡ ᠪᠠᠰᠠ ᠤᠯᠠᠮ ᠨᠢᠭᠡ ᠠᠯᠬᠤᠮ ᠨᠡᠮᠡᠭᠳᠡᠬᠦ ᠪᠣᠯᠤᠨ᠎ᠠ ᠃ ᠲᠤᠰ 4 ᠬᠤᠪᠢ ᠭᠠᠳᠠᠭᠠᠳᠤ ᠯᠤᠭ᠎ᠠ ᠨᠡᠬᠡᠮᠵᠢᠯᠡᠨ ᠬᠤᠷᠢᠶᠠᠭᠰᠠᠨ ᠠᠪᠴᠠᠭ᠎ᠠ ᠶ᠋ᠢᠨ ᠵᠢᠭᠤᠷᠠᠯᠳᠤᠭᠠᠨ ᠤ᠋ ᠲᠣᠬᠢᠲᠠᠢ ᠱᠢᠭᠦᠨ ᠳᠠᠭᠤᠰᠭᠠᠭᠰᠠᠨ ᠨᠢ ᠮᠠᠨ ᠤ᠋ ᠬᠣᠷᠢᠶᠠᠨ ᠤ᠋ ᠲᠤᠰ ᠲᠥᠷᠥᠯ ᠦ᠋ᠨ ᠬᠡᠷᠡᠭ ᠢ᠋  ᠰᠢᠭᠦᠨ ᠲᠠᠰᠤᠯᠤᠭᠰᠠᠨ ᠨᠡᠢᠲᠡᠯᠢᠭ   ᠵᠢᠱᠢᠶ᠎ᠡ ᠪᠣᠯᠤᠭᠰᠠᠨ ᠤ᠋ ᠬᠤᠪᠢ ᠳ᠋ᠤ᠌  ᠬᠤᠢᠰᠢᠲᠠ ᠶ᠋ᠢᠨ ᠲᠤᠰ ᠲᠥᠷᠥᠯ ᠦ᠋ᠨ ᠬᠡᠷᠡᠭ ᠢ᠋  ᠰᠢᠭᠦᠬᠦ ᠳ᠋ᠦ᠍ ᠰᠠᠢᠨ ᠰᠠᠢᠬᠠᠨ ᠦᠯᠢᠭᠡᠷ ᠵᠢᠱ᠌ᠢᠶ᠎ᠡ ᠦᠵᠡᠭᠦᠯᠦᠭᠰᠡᠨ ᠪᠠᠢᠨ᠎ᠠ ᠃  ᠬᠤᠢᠰᠢᠲᠠ ᠂ ᠬᠤᠳᠠᠯᠳᠤᠭᠠᠨ ᠤ᠋ ᠶᠠᠪᠤᠳᠠᠯ ( ᠢᠯᠭᠠᠷᠠᠭᠤᠯᠤᠨ ᠪᠣᠳᠣᠬᠤ ᠪᠠ ᠳᠠᠮᠫᠤᠷᠠᠬᠤ) ᠬᠠᠮᠲᠤᠷᠠᠨ ᠵᠥᠪᠯᠡᠬᠦ ᠲᠢᠩᠬᠢᠮ ᠨᠢ ᠬᠡᠷᠡᠭ ᠢ᠋  ᠰᠢᠭᠦᠬᠦ ᠳᠤᠮᠳᠠ ᠂ ᠡᠶᠡᠳᠡᠭᠦᠯᠬᠦ ᠡᠷᠴᠢᠮ ᠢ᠋ᠶ᠋ᠡᠨ ᠦᠷᠭᠦᠯᠵᠢᠯᠡᠨ ᠴᠢᠩᠭᠠᠷᠠᠭᠤᠯᠵᠤ ᠂  ᠰᠢᠨᠵᠢᠯᠡᠬᠦ ᠤᠬᠠᠭᠠᠨ ᠮᠡᠷᠭᠡᠵᠢᠯ ᠵᠡᠷᠭᠡ ᠠᠷᠭ᠎ᠠ ᠪᠠᠷᠢᠯ ᠢ᠋ ᠭᠦᠢᠴᠡᠳ  ᠠᠰᠢᠭᠯᠠᠨ᠂ ᠳᠠᠮᠫᠤᠷᠠᠯ ᠢ᠋ ᠢᠯᠭᠠᠷᠠᠭᠤᠯᠤᠨ ᠪᠣᠳᠣᠬᠤ ᠬᠡᠷᠡᠭ ᠡᠴᠡ ᠡᠭᠦᠰᠦᠭᠰᠡᠨ ᠵᠢᠭᠤᠷᠠᠯᠳᠤᠭᠠᠨ ᠢ᠋ ᠣᠯᠠᠨ ᠡᠰᠢᠵᠢᠭᠦᠯᠦᠨ  ᠰᠢᠳᠪᠦᠷᠢᠯᠡᠵᠦ ᠂ ᠳᠠᠮᠫᠤᠷᠠᠯ ᠢ᠋ ᠢᠯᠭᠠᠷᠠᠭᠤᠯᠤᠨ ᠪᠣᠳᠣᠬᠤ ᠬᠡᠷᠡᠭ ᠲᠡᠬᠢ ᠡᠯ᠎ᠡ ᠲᠠᠯ᠎ᠠ ᠶ᠋ᠢᠨ ᠲᠤᠬᠠᠢ ᠶ᠋ᠢᠨ ᠬᠥᠮᠦᠨ ᠦ᠌ ᠬᠠᠤᠯᠢ ᠶᠣᠰᠣᠨ ᠤ᠋ ᠡᠷᠬᠡ ᠠᠰᠢᠭ ᠢ᠋ ᠴᠢᠷᠮᠠᠢᠨ ᠬᠠᠮᠠᠭᠠᠯᠠᠨ᠎ᠠ !
 

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )