《 ᠨᠣᠶᠠᠨ ᠵᠡᠷᠭᠡ ᠲᠡᠢ ᠤᠶᠠᠯᠳᠤᠭᠤᠯᠤᠨ ᠨᠣᠶᠠᠨ ᠰᠠᠭᠤᠬᠤ 》— ᠬᠠᠩᠭᠢᠨ ᠬᠣᠰᠢᠭᠤᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠳᠡᠳ᠋ ᠬᠣᠰᠢᠭᠤᠨ ᠳᠠᠷᠤᠭ᠎ᠠ ᠢᠳᠡᠪᠬᠢᠲᠡᠢ ᠪᠡᠷ ᠰᠢᠭᠦᠯᠲᠡ ᠳ᠋ᠦ᠍ ᠣᠷᠣᠯᠴᠠᠵᠤ ᠵᠠᠷᠭᠤ ᠬᠦᠯᠢᠶᠡᠭᠰᠡᠨ
2020.09.07 ᠲᠣᠰ ᠥᠷᠲᠡᠭᠡᠨ᠎ᠦ ᠨᠠᠢᠷᠠᠭᠤᠯᠤᠭᠴᠢ

2020 ᠣᠨ ᠤ᠋ 7 ᠰᠠᠷ᠎ᠠ ᠶ᠋ᠢᠨ 21  ᠦ᠌ ᠡᠳᠦᠷ ᠦ᠋ᠨ ᠦᠳᠡ ᠶ᠋ᠢᠨ ᠡᠮᠦᠨ᠎ᠡ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ  ᠰᠢᠭᠦᠬᠦ ᠬᠣᠷᠢᠶ᠎ᠠ ᠶ᠋ᠢᠨ ᠵᠠᠰᠠᠭ ᠵᠠᠬᠢᠷᠭᠠᠨ ᠤ᠋ ᠬᠠᠮᠲᠤᠷᠠᠨ ᠵᠥᠪᠯᠡᠬᠦ ᠲᠢᠩᠬᠢᠮ ᠨᠢ ᠯᠢᠦ ᠣᠪᠣᠭᠲᠤ ᠵᠡᠷᠭᠡ ᠬᠥᠮᠦᠨ ᠢ᠋ ᠬᠠᠩᠭᠢᠨ  ᠬᠣᠰᠢᠭᠤᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠭᠠᠵᠠᠷ  ᠰᠢᠷᠤᠢ ᠳᠠᠭᠠᠭᠠᠴᠢᠯᠠᠨ ᠡᠵᠡᠩᠨᠡᠬᠦ ᠡᠷᠬᠡ ᠶ᠋ᠢᠨ ᠵᠠᠰᠠᠭ ᠵᠠᠬᠢᠷᠭᠠᠨ ᠤ᠋ ᠳᠠᠩᠰᠠᠯᠠᠬᠤ ᠬᠡᠷᠡᠭ ᠢ᠋ ᠬᠠᠤᠯᠢ ᠶᠣᠰᠣᠭᠠᠷ ᠢᠯᠡ ᠪᠡᠷ ᠲᠢᠩᠬᠢᠮ ᠨᠡᠭᠡᠭᠡᠨ  ᠰᠢᠭᠦᠵᠦ᠂ 2020 ᠣᠨ ᠤ᠋ 7 ᠰᠠᠷ᠎ᠠ ᠶ᠋ᠢᠨ 21  ᠦ᠌ ᠡᠳᠦᠷ ᠦ᠋ᠨ ᠦᠳᠡ ᠶ᠋ᠢᠨ ᠬᠣᠢᠨ᠎ᠠ ᠬᠠᠩᠭᠢᠨ  ᠬᠣᠰᠢᠭᠤᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠮᠡᠳᠡᠭᠡ ᠵᠠᠩᠭᠢ ᠶ᠋ᠢ ᠢᠯᠡ ᠪᠣᠯᠭᠠᠬᠤ ᠬᠡᠷᠡᠭ ᠢ᠋  ᠰᠢᠭᠦᠨ ᠳᠠᠭᠤᠰᠭᠠᠵᠤ ᠂ ᠬᠠᠩᠭᠢᠨ  ᠬᠣᠰᠢᠭᠤᠨ ᠤ᠋ ᠠᠷᠠᠳ ᠤ᠋ᠨ  ᠵᠠᠰᠠᠭ ᠤ᠋ᠨ ᠣᠷᠳᠤᠨ ᠤ᠋ ᠳᠡᠳ᠋ ᠬᠣᠰᠢᠭᠤᠨ  ᠳᠠᠷᠤᠭ᠎ᠠ ᠠᠯᠲᠠᠨ ᠪᠠᠭᠠᠲᠤᠷ ᠬᠠᠤᠯᠢ ᠶᠣᠰᠣᠭᠠᠷ ᠰᠢᠭᠦᠯᠲᠡ   ᠳ᠋ᠤᠷ ᠣᠷᠤᠯᠴᠠᠵᠤ ᠵᠠᠷᠭᠤ  ᠬᠦᠯᠢᠶᠡᠭᠰᠡᠨ ᠪᠠᠢᠨ᠎ᠠ᠃
 ᠡᠨᠡ ᠬᠣᠶᠠᠷ ᠬᠡᠷᠡᠭ ᠪᠣᠯ 《 ᠠᠷᠠᠳ ᠤ᠋ᠨ ᠳᠡᠭᠡᠳᠦ  ᠰᠢᠭᠦᠬᠦ ᠬᠣᠷᠢᠶᠠᠨ ᠤ᠋ ᠵᠠᠰᠠᠭ ᠵᠠᠬᠢᠷᠭᠠᠨ ᠤ᠋ ᠪᠠᠢᠭᠤᠯᠭ᠎ᠠ ᠶ᠋ᠢᠨ ᠬᠠᠷᠢᠭᠤᠴᠠᠯᠭᠠᠲᠠᠨ ᠲᠢᠩᠬᠢᠮ ᠳ᠋ᠦ᠍ ᠭᠠᠷᠴᠤ ᠵᠠᠷᠭᠤ ᠬᠦᠯᠢᠶᠡᠬᠦ ᠠᠰᠠᠭᠤᠳᠠᠯ ᠤ᠋ᠳ ᠤ᠋ᠨ ᠲᠤᠬᠠᠢ ᠲᠣᠭᠲᠠᠭᠠᠯ 》  ᠢ᠋ 2020 ᠣᠨ ᠤ᠋ 7 ᠰᠠᠷ᠎ᠠ ᠶ᠋ᠢᠨ 1  ᠦ᠌ ᠡᠳᠦᠷ ᠡᠴᠡ ᠡᠬᠢᠯᠡᠵᠦ ᠬᠡᠷᠡᠭᠵᠢᠭᠦᠯᠦᠭᠰᠡᠨ ᠡᠴᠡ ᠨᠠᠰᠢ ᠂ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠠᠩᠬ᠎ᠠ ᠤᠳᠠᠭ᠎ᠠ  ᠰᠢᠭᠦᠭᠰᠡᠨ ᠵᠠᠰᠠᠭ ᠵᠠᠬᠢᠷᠭᠠᠨ ᠤ᠋ ᠪᠠᠢᠭᠤᠯᠭ᠎ᠠ ᠶ᠋ᠢᠨ ᠬᠠᠷᠢᠭᠤᠴᠠᠯᠭᠠᠲᠠᠨ ᠤ᠋  ᠰᠢᠭᠦᠯᠲᠡ ᠳ᠋ᠦ᠍ ᠣᠷᠣᠯᠴᠠᠨ ᠵᠠᠷᠭᠤ ᠬᠦᠯᠢᠶᠡᠭᠰᠡᠨ ᠬᠡᠷᠡᠭ ᠪᠣᠯᠤᠨ᠎ᠠ ᠃ ᠲᠤᠰ ᠬᠠᠤᠯᠢ ᠶ᠋ᠢᠨ ᠲᠠᠢᠯᠪᠤᠷᠢᠯᠠᠯᠲᠠ ᠶ᠋ᠢᠨ 2  ᠳ᠋ᠤᠭᠠᠷ ᠵᠦᠢᠯ ᠦ᠋ᠨ ᠲᠣᠭᠲᠠᠭᠠᠯ ᠢ᠋ ᠦᠨᠳᠦᠰᠦᠯᠡᠪᠡᠯ ᠂ ᠵᠠᠰᠠᠭ ᠵᠠᠬᠢᠷᠭᠠᠨ ᠤ᠋ ᠪᠠᠢᠭᠤᠯᠭ᠎ᠠ ᠶ᠋ᠢᠨ ᠬᠠᠷᠢᠭᠤᠴᠠᠯᠭᠠᠲᠠᠨ ᠳ᠋ᠤ᠌ 《 ᠵᠠᠰᠠᠭ ᠵᠠᠬᠢᠷᠭᠠᠨ ᠤ᠋ ᠪᠠᠢᠭᠤᠯᠭ᠎ᠠ ᠶ᠋ᠢᠨ ᠵᠢᠩᠬᠢᠨᠢ  ᠲᠤᠰᠢᠶᠠᠯ᠂ ᠳᠡᠳ᠋ ᠲᠤᠰᠢᠶᠠᠯ ᠤ᠋ᠨ ᠬᠠᠷᠢᠭᠤᠴᠠᠯᠭᠠᠲᠠᠨ ᠂ ᠵᠠᠭᠠᠯᠳᠤᠭᠳᠠᠭᠰᠠᠨ ᠵᠠᠰᠠᠭ ᠵᠠᠬᠢᠷᠭᠠᠨ ᠤ᠋ ᠵᠠᠰᠠᠭ ᠵᠠᠬᠢᠷᠭᠠᠨ ᠤ᠋ ᠠᠵᠢᠯᠯᠠᠭ᠎ᠠ ᠶ᠋ᠢ ᠬᠡᠷᠡᠭᠵᠢᠭᠦᠯᠬᠦ ᠠᠵᠢᠯ ᠢ᠋ ᠬᠤᠪᠢᠳᠠᠨ ᠬᠠᠮᠢᠶᠠᠷᠬᠤ ᠳᠡᠳ᠋  ᠲᠤᠰᠢᠶᠠᠯ ᠤ᠋ᠨ ᠳᠡᠰ ᠦ᠋ᠨ ᠬᠠᠷᠢᠭᠤᠴᠠᠯᠭᠠᠲᠠᠨ ᠵᠢᠴᠢ ᠬᠤᠪᠢᠳᠠᠨ ᠬᠠᠮᠢᠶᠠᠷᠬᠤ ᠳ᠋ᠤ᠌ ᠣᠷᠣᠯᠴᠠᠭᠰᠠᠨ ᠪᠤᠰᠤᠳ ᠬᠠᠷᠢᠭᠤᠴᠠᠯᠭᠠᠲᠠᠨ 》 ᠪᠠᠭᠲᠠᠨ᠎ᠠ ᠃
 《 ᠨᠣᠶᠠᠨ ᠵᠡᠷᠭᠡ ᠢᠯᠭᠠᠬᠤ ᠴᠢᠳᠠᠪᠤᠷᠢ ᠲᠠᠢ 》 ᠭᠡᠵᠦ ᠵᠠᠰᠠᠭ ᠵᠠᠬᠢᠷᠭᠠᠨ ᠤ᠋ ᠪᠠᠢᠭᠤᠯᠭ᠎ᠠ ᠶ᠋ᠢᠨ ᠬᠠᠷᠢᠭᠤᠴᠠᠯᠭᠠᠲᠠᠨ  ᠰᠢᠭᠦᠯᠲᠡ ᠳ᠋ᠦ᠍ ᠣᠷᠣᠯᠴᠠᠨ ᠵᠠᠷᠭᠤ ᠬᠦᠯᠢᠶᠡᠬᠦ ᠬᠡᠷᠡᠭᠲᠡᠢ᠂ ᠡᠨᠡ ᠪᠣᠯ ᠳᠤᠮᠳᠠᠳᠤ ᠤᠯᠤᠰ ᠤ᠋ᠨ ᠨᠢᠭᠡᠨ ᠣᠨᠴᠠᠭᠠᠢ ᠪᠠᠢᠬᠤ ᠵᠠᠷᠭᠤ ᠶ᠋ᠢᠨ ᠳᠦᠷᠢᠮ ᠪᠣᠯᠤᠨ᠎ᠠ᠂ ᠬᠠᠤᠯᠢ ᠴᠠᠭᠠᠵᠠ ᠶ᠋ᠢᠨ ᠡᠮᠦᠨ᠎ᠡ ᠬᠥᠮᠦᠨ ᠪᠦᠬᠦᠨ ᠡᠷᠬᠡ  ᠲᠡᠭᠰᠢ ᠪᠠᠢᠬᠤ ᠬᠠᠤᠯᠢ ᠪᠠᠷ ᠵᠠᠰᠠᠬᠤ ᠤᠬᠠᠮᠰᠠᠷ ᠢ᠋ ᠬᠠᠷᠠᠭᠤᠯᠵᠤ᠂ ᠬᠠᠤᠯᠢ ᠴᠠᠭᠠᠵᠠ ᠶ᠋ᠢᠨ ᠦᠢᠯᠡᠳᠦᠯᠭᠡ ᠶ᠋ᠢᠨ ᠳᠤᠮᠳᠠ ᠨᠢᠭᠡᠨᠲᠡ ᠰᠠᠢᠨ ᠰᠠᠢᠬᠠᠨ ᠬᠠᠤᠯᠢ ᠴᠠᠭᠠᠵᠠ ᠶ᠋ᠢᠨ ᠦᠷ᠎ᠡ ᠪᠦᠲᠦᠮᠵᠢ ᠪᠣᠯᠤᠨ ᠨᠡᠢᠭᠡᠮ ᠦ᠋ᠨ ᠦᠷ᠎ᠡ ᠪᠦᠲᠦᠮᠵᠢ ᠣᠯᠤᠭᠰᠠᠨ ᠪᠠᠢᠨ᠎ᠠ᠂ ᠲᠤᠰ ᠳᠦᠷᠢᠮ ᠨᠢ ᠵᠠᠰᠠᠭ ᠵᠠᠬᠢᠷᠭᠠᠨ ᠤ᠋ ᠬᠠᠮᠢᠶᠠᠷᠤᠯᠲᠠ ᠶ᠋ᠢᠨ ᠳᠤᠮᠳᠠ ᠳᠠᠷᠤᠭ᠎ᠠ ᠬᠠᠷᠢᠭᠤᠴᠠᠬᠤ ᠳᠦᠷᠢᠮ ᠦ᠋ᠨ ᠦᠨᠳᠦᠰᠦᠨ ᠱᠠᠭᠠᠷᠳᠠᠯᠭ᠎ᠠ ᠳ᠋ᠤ᠌ ᠨᠡᠢᠴᠡᠵᠦ ᠪᠠᠢᠬᠤ ᠮᠥᠷᠲᠡᠭᠡᠨ ᠪᠠᠰᠠ ᠴᠤ᠌ ᠪᠠᠢᠳᠠᠭ᠃  ᠰᠢᠭᠦᠬᠦ ᠲᠢᠩᠬᠢᠮ ᠳ᠋ᠡᠬᠢ ᠠᠷᠠᠳ ᠢᠷᠭᠡᠳ ᠡᠷᠬᠡ  ᠲᠡᠭᠰᠢ ᠪᠡᠷ ᠨᠢᠭᠤᠷᠳᠠᠨ ᠶᠠᠷᠢᠯᠴᠠᠵᠤ ᠂  ᠰᠢᠭᠦᠬᠦ ᠲᠢᠩᠬᠢᠮ ᠳ᠋ᠦ᠍ ᠢᠯᠡ ᠪᠡᠷ  ᠰᠢᠭᠦᠨ  ᠰᠢᠢᠳᠪᠦᠷᠢᠯᠡᠬᠦ ᠪᠠ ᠲᠥᠪ ᠭᠣᠣᠯᠴᠢ ᠪᠠᠷ ᠲᠠᠰᠤᠯᠤᠨ ᠲᠣᠭᠲᠠᠭᠠᠬᠤ ᠪᠠᠷ ᠳᠠᠮᠵᠢᠭᠤᠯᠤᠨ ᠂ ᠠᠷᠠᠳ ᠢᠷᠭᠡᠳ ᠦ᠋ᠨ ᠡᠰᠡᠷᠭᠦᠴᠡᠯᠳᠦᠬᠦ ᠰᠡᠳᠭᠢᠯᠭᠡ ᠶ᠋ᠢ ᠪᠦᠲᠦᠮᠵᠢᠲᠡᠢ ᠪᠡᠷ ᠣᠢᠯᠠᠭᠠᠨ ᠂ ᠵᠠᠰᠠᠭ ᠵᠠᠬᠢᠷᠭᠠᠨ ᠤ᠋ ᠵᠢᠭᠤᠷᠠᠯᠳᠤᠭᠠᠨ ᠢ᠋ ᠮᠥᠨ ᠴᠢᠨᠠᠷ ᠤ᠋ᠨ ᠴᠢᠨᠠᠷᠲᠠᠢ ᠪᠠᠷ ᠨᠠᠮᠳᠠᠭᠠᠬᠤ ᠦᠢᠯᠡᠳᠦᠯ ᠢ᠋ᠶ᠋ᠡᠨ ᠪᠠᠳᠠᠷᠠᠭᠤᠯᠬᠤ ᠶ᠋ᠢᠨ ᠬᠠᠮᠲᠤ ᠵᠠᠰᠠᠭ ᠵᠠᠬᠢᠷᠭᠠᠨ ᠤ᠋ ᠪᠠᠢᠭᠤᠯᠭ᠎ᠠ ᠶ᠋ᠢᠨ ᠬᠠᠷᠢᠭᠤᠴᠠᠯᠭᠠᠲᠠᠨ ᠢ᠋  ᠰᠢᠬᠠᠮᠳᠠᠭᠤᠯᠤᠨ ᠬᠠᠤᠯᠢ ᠶᠣᠰᠣᠭᠠᠷ ᠵᠠᠰᠠᠭ ᠶᠠᠪᠤᠭᠤᠯᠬᠤ ᠦᠵᠡᠯ ᠤᠬᠠᠮᠰᠠᠷ ᠢ᠋ ᠨᠢ ᠴᠢᠩᠭᠠᠷᠠᠭᠤᠯᠵᠤ ᠂ ᠬᠠᠤᠯᠢ ᠶᠣᠰᠣᠭᠠᠷ ᠵᠠᠰᠠᠭ ᠶᠠᠪᠤᠭᠤᠯᠬᠤ ᠬᠢᠷᠢ ᠬᠡᠮᠵᠢᠶ᠎ᠡ ᠪᠡᠨ  ᠳᠡᠭᠡᠭᠰᠢᠯᠡᠭᠦᠯᠪᠡ ᠃
 ᠬᠤᠢᠰᠢᠲᠠ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ  ᠰᠢᠭᠦᠬᠦ ᠬᠣᠷᠢᠶ᠎ᠠ ᠶ᠋ᠢᠨ ᠵᠠᠰᠠᠭ ᠵᠠᠬᠢᠷᠭᠠᠨ ᠤ᠋ ᠬᠠᠮᠲᠤᠷᠠᠨ ᠵᠥᠪᠯᠡᠬᠦ ᠲᠢᠩᠬᠢᠮ ᠨᠢ ᠵᠠᠰᠠᠭ ᠵᠠᠬᠢᠷᠭᠠᠨ ᠤ᠋ ᠪᠠᠢᠭᠤᠯᠤᠯᠭ᠎ᠠ ᠯᠤᠭ᠎ᠠ ᠶ᠋ᠢᠨ ᠨᠡᠪᠲᠡᠷᠡᠯᠴᠡᠭᠡ ᠬᠠᠷᠢᠯᠴᠠᠭ᠎ᠠ ᠪᠠᠨ ᠦᠷᠭᠦᠯᠵᠢᠯᠡᠨ ᠴᠢᠩᠭᠠᠳᠭᠠᠵᠤ ᠂ ᠵᠠᠰᠠᠭ ᠵᠠᠬᠢᠷᠭᠠᠨ ᠤ᠋ ᠪᠠᠶ᠋ᠢᠭᠤᠯᠭ᠎ᠠ ᠶ᠋ᠢᠨ ᠬᠠᠷᠢᠭᠤᠴᠠᠯᠭᠠᠲᠠᠨ ᠳ᠋ᠤ᠌  ᠰᠢᠭᠦᠯᠲᠡ ᠳ᠋ᠦ᠍ ᠣᠷᠣᠯᠴᠠᠨ ᠵᠠᠷᠭᠤ ᠬᠦᠯᠢᠶᠡᠬᠦ ᠂ ᠣᠷᠣᠯᠠᠭᠴᠢ ᠳ᠋ᠤ᠌ ᠨᠠᠢᠳᠠᠬᠤ ᠵᠡᠷᠭᠡ ᠲᠠᠯ᠎ᠠ ᠶ᠋ᠢᠨ ᠠᠩᠬᠠᠷᠪᠠᠰᠤ ᠵᠣᠬᠢᠬᠤ ᠵᠦᠢᠯᠡᠰ ᠪᠠ  ᠰᠢᠢᠳᠪᠦᠷᠢᠯᠡᠬᠦ ᠪᠠ ᠴᠢᠬᠤᠯᠠᠲᠠᠢ ᠭᠠᠷ ᠭᠦᠢᠴᠡᠳᠭᠡᠯ ᠢ᠋ ᠰᠠᠨᠠᠭᠠᠴᠢᠯᠠᠭ᠎ᠠ ᠠ᠋ᠴᠠ ᠪᠠᠨ ᠮᠡᠳᠡᠭᠳᠡᠵᠦ ᠂ ᠵᠠᠰᠠᠭ ᠵᠠᠬᠢᠷᠭᠠᠨ ᠤ᠋ ᠪᠠᠢᠭᠤᠯᠭ᠎ᠠ ᠶ᠋ᠢ ᠬᠠᠪᠰᠤᠷᠴᠤ ᠬᠠᠤᠯᠢ ᠴᠠᠭᠠᠵᠠ ᠶ᠋ᠢᠨ ᠲᠣᠭᠲᠠᠭᠠᠯ ᠢ᠋ ᠵᠥᠪ ᠣᠢᠯᠠᠭᠠᠨ ᠂ ᠲᠢᠩᠬᠢᠮ ᠳ᠋ᠦ᠍ ᠭᠠᠷᠴᠤ ᠵᠠᠷᠭᠤ ᠬᠦᠯᠢᠶᠡᠬᠦ ᠪᠡᠯᠡᠳᠭᠡᠯ ᠠᠵᠢᠯ ᠢ᠋ ᠰᠠᠢᠲᠤᠷ ᠬᠢᠬᠦ ᠬᠡᠷᠡᠭᠲᠡᠢ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )