ᠣᠢᠷ᠎ᠠ ᠳ᠋ᠤ᠌ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠵᠠᠰᠠᠭ ᠵᠠᠬᠢᠷᠭᠠᠨ ᠤ᠋ ᠲᠢᠩᠬᠢᠮ ᠭᠠᠵᠠᠷ ᠰᠢᠷᠤᠢ ᠶ᠋ᠢᠨ ᠡᠷᠬᠡ ᠶ᠋ᠢ ᠲᠣᠳᠣᠯᠠᠨ ᠲᠣᠭᠲᠠᠭᠠᠭᠰᠠᠨ ᠨᠢᠭᠡ ᠤᠳᠠᠭᠠᠨ ᠤ᠋ ᠬᠡᠷᠡᠭ ᠢ᠋ ᠬᠠᠤᠯᠢ ᠶᠣᠰᠣᠭᠠᠷ ᠢᠯᠡ ᠪᠡᠷ ᠰᠢᠭᠦᠨ ᠰᠢᠢᠳᠪᠦᠷᠢᠯᠡᠵᠦ ᠂ ᠬᠣᠲᠠ ᠶ᠋ᠢᠨ ᠲᠠᠷᠢᠶᠠᠯᠠᠩ ᠮᠠᠯ ᠠᠵᠤ ᠠᠬᠤᠢ ᠶ᠋ᠢᠨ ᠲᠣᠪᠴᠢᠶᠠᠨ ᠤ᠋ ᠪᠦᠬᠦ ᠲᠠᠯᠠᠪᠠᠢ ᠶ᠋ᠢᠨ ᠦᠵᠡᠰᠭᠦᠯᠡᠩ ᠰᠠᠢᠬᠠᠨ ᠳᠡᠳ᠋ ᠳᠠᠷᠤᠭ᠎ᠠ ᠂ ᠸᠠᠩ ᠶᠣᠣ ᠹᠦ ᠳᠡᠳ᠋ ᠲᠣᠪᠴᠢᠶᠠᠨ ᠳᠠᠷᠤᠭ᠎ᠠ ᠵᠢᠴᠢ ᠲᠠᠪᠢ ᠭᠠᠷᠤᠢ ᠲᠠᠷᠢᠶᠠᠯᠠᠩ ᠮᠠᠯ ᠠᠵᠤ ᠠᠬᠤᠢ ᠶ᠋ᠢᠨ ᠲᠣᠪᠴᠢᠶᠠᠨ ᠤ᠋ ᠬᠠᠤᠯᠢ ᠬᠡᠷᠡᠭᠵᠢᠭᠦᠯᠬᠦ ᠠᠵᠢᠯᠲᠠᠨ ᠪᠣᠯᠤᠨ ᠪᠤᠰᠤᠳ ᠠᠵᠢᠯᠲᠠᠨ ᠲᠢᠩᠬᠢᠮ ᠦ᠋ᠨ ᠰᠢᠭᠦᠯᠲᠡ ᠶ᠋ᠢ ᠰᠣᠨᠢᠷᠬᠠᠪᠠ ᠃ ᠲᠤᠰ ᠬᠡᠷᠡᠭ ᠦ᠋ᠨ ᠵᠠᠭᠠᠯᠳᠤᠭᠴᠢ ᠬᠢᠭᠡᠳ ᠭᠤᠷᠪᠠᠳᠤᠭᠠᠷ ᠬᠥᠮᠦᠰ ᠨᠢ ᠵᠠᠭᠦᠠᠭᠠᠷ ᠬᠣᠰᠢᠭᠤᠨ ᠤ᠋ ᠳᠠ ᠯᠦ᠍ ᠪᠠᠯᠭᠠᠰᠤᠨ ᠤ᠋ ᠬᠣᠶᠠᠷ ᠨᠢᠭᠡᠳᠦᠯ ᠦ᠋ᠨ ᠬᠠᠮᠲᠤ ᠪᠠᠢᠵᠤ ᠂ ᠬᠣᠶᠠᠳᠤᠭᠠᠷ ᠬᠣᠷᠰᠢᠶ᠎ᠠ ᠨᠢ ᠮᠢᠩᠭ᠎ᠠ ᠲᠠᠪᠤᠨ ᠵᠠᠭᠤ ᠭᠠᠷᠤᠢ ᠮᠦ᠍ ᠭᠠᠵᠠᠷ ᠰᠢᠷᠤᠢ ᠶ᠋ᠢᠨ ᠮᠠᠷᠭᠤᠭᠠᠨ ᠠ᠋ᠴᠠ ᠪᠣᠯᠵᠤ ᠂ ᠵᠠᠭᠦᠠᠭᠠᠷ ᠬᠣᠰᠢᠭᠤᠨ ᠤ᠋ ᠡᠠᠷᠠᠣᠠ ᠶ᠋ᠢᠨ ᠵᠠᠰᠠᠭ ᠤ᠋ᠨ ᠡᠣᠷᠳᠣᠠ ᠳ᠋ᠤ᠌ ᠮᠥᠨ ᠯᠠ ᠭᠠᠵᠠᠷ ᠰᠢᠷᠤᠢ ᠶ᠋ᠢᠨ ᠡᠷᠬᠡ ᠶ᠋ᠢ ᠡᠠᠣᠠᠬᠣᠵᠣ ᠂ ᠵᠡᠭᠦᠨᠭᠠᠷ ᠬᠣᠰᠢᠭᠤᠨ ᠤ᠋ ᠡᠠᠷᠠᠣᠠ ᠶ᠋ᠢᠨ ᠵᠠᠰᠠᠭ ᠤ᠋ᠨ ᠡᠣᠷᠳᠣᠠ ᠳ᠋ᠤ᠌ ᠰᠢᠢᠳᠪᠦᠷᠢᠯᠡᠬᠦ ᠲᠣᠭᠲᠠᠭᠠᠯ ᠤ᠋ᠨ ᠪᠢᠴᠢᠭ ᠬᠢᠪᠠ᠂ ᠵᠠᠭᠠᠯᠳᠤᠭᠴᠢ ᠨᠢ ᠬᠦᠯᠢᠶᠡᠬᠦ ᠡᠣᠢᠬᠡᠢ ᠂ ᠬᠣᠲᠠ ᠶ᠋ᠢᠨ ᠡᠠᠷᠠᠣᠠ ᠶ᠋ᠢᠨ ᠵᠠᠰᠠᠭ ᠤ᠋ᠨ ᠡᠣᠷᠳᠣᠠ ᠳ᠋ᠤ᠌ ᠵᠠᠰᠠᠭ ᠵᠠᠬᠢᠷᠭᠠᠨ ᠤ᠋ ᠳᠠᠬᠢᠨ ᠵᠥᠪᠯᠡᠭᠦᠯᠬᠦ ᠭᠤᠶᠤᠴᠢᠯᠠᠯ ᠭᠠᠷᠭᠠᠵᠠᠢ ᠃ ᠲᠤᠰ ᠬᠡᠷᠡᠭ ᠵᠡᠭᠦᠨᠭᠠᠷ ᠬᠣᠰᠢᠭᠤᠨ ᠤ᠋ ᠠᠷᠠᠳ ᠤ᠋ᠨ ᠵᠠᠰᠠᠭ ᠤ᠋ᠨ ᠣᠷᠳᠣᠨ ᠪᠠ ᠣᠷᠳᠣᠰ ᠬᠣᠲᠠ ᠶ᠋ᠢᠨ ᠠᠷᠠᠳ ᠤ᠋ᠨ ᠵᠠᠰᠠᠭ ᠤ᠋ᠨ ᠣᠷᠳᠣᠨ ᠬᠠᠮᠲᠤᠪᠠᠷ ᠵᠠᠭᠠᠯᠳᠤᠭᠳᠠᠭᠴᠢ ᠳ᠋ᠤ᠌ ᠲᠢᠩᠬᠢᠮ ᠳ᠋ᠦ᠍ ᠭᠠᠷᠴᠤ ᠵᠠᠷᠭᠤ ᠬᠦᠯᠢᠶᠡᠭᠰᠡᠨ ᠪᠠᠢᠨ᠎ᠠ ᠃
ᠲᠢᠩᠬᠢᠮ ᠦ᠋ᠨ ᠰᠢᠭᠦᠯᠲᠡ ᠳᠠᠭᠤᠰᠤᠭᠰᠠᠨ ᠤ᠋ ᠳᠠᠷᠠᠭ᠎ᠠ ᠂ ᠲᠣᠭᠣᠷᠢᠨ ᠦᠵᠡᠬᠦ ᠬᠥᠮᠦᠰ ᠢᠯᠡᠷᠬᠡᠢᠯᠡᠭᠰᠡᠨ ᠨᠢ ᠂ ᠵᠠᠰᠠᠭ ᠵᠠᠬᠢᠷᠭᠠᠨ ᠤ᠋ ᠪᠠᠢᠭᠤᠯᠭ᠎ᠠ ᠶ᠋ᠢᠨ ᠠᠵᠢᠯᠲᠠᠨ ᠤ᠋ ᠲᠢᠩᠬᠢᠮ ᠦ᠋ᠨ ᠰᠢᠭᠦᠯᠲᠡ ᠶ᠋ᠢᠨ ᠠᠵᠢᠯᠯᠠᠭ᠎ᠠ ᠶ᠋ᠢ ᠬᠠᠵᠠᠭᠤ ᠠ᠋ᠴᠠ ᠰᠣᠨᠣᠰᠬᠤ ᠠᠵᠢᠯᠯᠠᠭ᠎ᠠ ᠥᠷᠨᠢᠭᠦᠯᠬᠦ ᠪᠡᠷ ᠳᠠᠮᠵᠢᠭᠤᠯᠤᠨ ᠂ ᠲᠢᠩᠬᠢᠮ ᠦ᠋ᠨ ᠰᠢᠭᠦᠯᠲᠡ ᠶ᠋ᠢᠨ ᠲᠤᠬᠠᠢ ᠶ᠋ᠢᠨ ᠲᠠᠯᠠᠪᠠᠢ ᠳ᠋ᠤ᠌ 《 ᠵᠠᠢ ᠵᠠᠪᠰᠠᠷ ᠦᠭᠡᠢ 》 ᠣᠢᠷᠠᠳᠴᠤ ᠂ ᠵᠠᠰᠠᠭ ᠵᠠᠬᠢᠷᠭᠠᠨ ᠤ᠋ ᠬᠡᠷᠡᠭ ᠦ᠋ᠨ ᠰᠢᠭᠦᠨ ᠲᠠᠰᠤᠯᠬᠤ ᠵᠢᠷᠤᠮ ᠤ᠋ᠨ ᠲᠠᠯ᠎ᠠ ᠪᠠᠷ ᠨᠡᠩ ᠪᠦᠬᠦ ᠲᠠᠯ᠎ᠠ ᠪᠠᠷ ᠰᠢᠭᠤᠳ ᠣᠢᠯᠠᠭᠠᠯᠲᠠ ᠲᠠᠢ ᠪᠠᠢᠬᠤ ᠪᠠᠷ ᠪᠠᠷᠠᠬᠤ ᠦᠭᠡᠢ ᠂ ᠪᠠᠰᠠ ᠬᠠᠤᠯᠢ ᠴᠠᠭᠠᠵᠠ ᠶ᠋ᠢᠨ ᠳᠠᠷᠬᠠᠨ ᠪᠠ ᠲᠥᠪ ᠴᠢᠩᠭ᠎ᠠ ᠪᠣᠯᠬᠤ ᠶ᠋ᠢ ᠮᠡᠳᠡᠷᠡᠵᠦ ᠂ ᠡᠬᠢ ᠡᠭᠦᠰᠦᠯ ᠡᠴᠡ ᠨᠢ ᠵᠠᠰᠠᠭ ᠵᠠᠬᠢᠷᠭᠠᠨ ᠤ᠋ ᠵᠢᠭᠤᠷᠠᠯᠳᠤᠭᠠᠨ ᠢ᠋ ᠪᠦᠲᠦᠮᠵᠢᠲᠡᠢ ᠪᠡᠷ ᠤᠷᠢᠳᠴᠢᠯᠠᠨ ᠰᠡᠷᠭᠡᠢᠯᠡᠬᠦ ᠪᠠ ᠨᠠᠮᠳᠠᠭᠤᠯᠪᠠ ᠃
ᠦᠨᠡᠯᠡᠬᠦ 0ᠦᠨᠡᠯᠡᠯᠲᠡ᠎ᠲᠠᠢ