ᠣᠢᠷ᠎ᠠ ᠳ᠋ᠤ᠌ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠲᠠᠷᠢᠶᠠᠯᠠᠩ ᠮᠠᠯ ᠠᠵᠤ ᠠᠬᠤᠢ ᠶ᠋ᠢᠨ ᠠᠭᠤᠷᠬᠠᠢ ᠶ᠋ᠢᠨ ᠦᠢᠯᠡᠰ ᠬᠢᠭᠡᠳ ᠪᠡᠯᠡ ᠣᠷᠣᠭᠤᠯᠤᠯᠲᠠ ᠶ᠋ᠢᠨ ᠬᠠᠮᠲᠤᠷᠠᠨ ᠵᠥᠪᠯᠡᠬᠦ ᠲᠢᠩᠬᠢᠮ ( ᠮᠣᠩᠭᠣᠯ ᠠᠯᠪᠠᠨ ᠵᠠᠷᠭᠤ ᠶ᠋ᠢᠨ ᠬᠠᠮᠲᠤᠷᠠᠨ ᠵᠥᠪᠯᠡᠬᠦ ᠲᠢᠩᠬᠢᠮ ) ᠣᠲᠣᠭ ᠤ᠋ᠨ ᠡᠮᠦᠨᠡᠲᠦ ᠬᠣᠰᠢᠭᠤᠨ ᠤ᠋ ᠠᠷᠠᠳ ᠤ᠋ᠨ ᠰᠢᠭᠦᠬᠦ ᠬᠣᠷᠢᠶᠠᠨ ᠳ᠋ᠤ᠌ ᠬᠦᠷᠴᠦ ᠶᠠᠷᠢᠯᠴᠠᠬᠤ ᠬᠤᠷᠠᠯ ᠬᠢᠵᠦ ᠂ ᠳᠣᠣᠷᠠᠬᠢ ᠲᠤᠬᠠᠢᠯᠠᠭᠰᠠᠨ ᠠᠵᠢᠯ ᠢ᠋ ᠵᠢᠯᠣᠭᠣᠳᠬᠤ ᠠᠵᠢᠯ ᠢ᠋ ᠥᠷᠨᠢᠭᠦᠯᠪᠡ ᠃ ᠣᠲᠣᠭ ᠤ᠋ᠨ ᠡᠮᠦᠨᠡᠲᠦ ᠬᠣᠰᠢᠭᠤᠨ ᠤ᠋ ᠠᠷᠠᠳ ᠤ᠋ᠨ ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠪᠦᠷᠢᠯᠳᠦᠬᠦᠨ ᠂ ᠰᠢᠭᠦᠬᠦ ᠬᠣᠷᠢᠶᠠᠨ ᠤ᠋ ᠳᠡᠳ᠋ ᠳᠠᠷᠤᠭ᠎ᠠ ᠬᠣᠣ ᠶᠤᠸᠠᠨ ᠵᠢᠴᠢ ᠢᠷᠭᠡᠨ ᠦ᠌ ᠬᠡᠷᠡᠭ ᠦ᠋ᠨ ᠰᠢᠭᠦᠨ ᠲᠠᠰᠤᠯᠬᠤ ᠲᠢᠩᠬᠢᠮ ᠂ ᠵᠠᠰᠠᠭ ᠵᠠᠬᠢᠷᠭᠠᠨ ᠤ᠋ ( ᠶᠡᠷᠦᠩᠬᠡᠢᠯᠡᠭᠰᠡᠨ ) ᠰᠢᠭᠦᠨ ᠲᠠᠰᠤᠯᠬᠤ ᠲᠢᠩᠬᠢᠮ ᠪᠠ ᠭᠤᠷᠪᠠᠨ ᠦᠨᠳᠦᠰᠦᠨ ᠱᠠᠲᠤᠨ ᠳ᠋ᠤ᠌ ᠰᠢᠭᠦᠬᠦ ᠲᠢᠩᠬᠢᠮ ᠦ᠋ᠨ ᠳᠠᠷᠤᠭ᠎ᠠ ᠂ ᠳᠡᠳ᠋ ᠲᠢᠩᠬᠢᠮ ᠦ᠋ᠨ ᠳᠠᠷᠤᠭ᠎ᠠ ᠵᠢᠴᠢ ᠬᠡᠰᠡᠭ ᠲᠣᠭᠠᠨ ᠤ᠋ ᠰᠢᠭᠦᠭᠴᠢ ᠰᠠᠭᠤᠳᠠᠯ ᠤ᠋ᠨ ᠰᠣᠯᠢᠯᠴᠠᠭᠠᠨ ᠤ᠋ ᠬᠤᠷᠠᠯ ᠳ᠋ᠤ᠌ ᠣᠷᠣᠯᠴᠠᠪᠠ ᠃
ᠶᠠᠷᠢᠯᠴᠠᠬᠤ ᠬᠤᠷᠠᠯ ᠳᠡᠭᠡᠷ᠎ᠡ ᠂ ᠬᠣᠣ ᠶᠤᠸᠠᠨ ᠲᠤᠰ ᠬᠣᠷᠢᠶᠠᠨ ᠤ᠋ ᠢᠷᠭᠡᠨ ᠦ᠌ ᠪᠠ ᠬᠤᠳᠠᠯᠳᠤᠭᠠᠨ ᠤ᠋ ᠬᠡᠷᠡᠭ ᠢ᠋ ᠰᠢᠭᠦᠨ ᠲᠠᠰᠤᠯᠬᠤ ᠠᠵᠢᠯ ᠢ᠋ ᠥᠷᠨᠢᠭᠦᠯᠦᠭᠰᠡᠨ ᠪᠠᠢᠳᠠᠯ ᠢ᠋ ᠲᠠᠨᠢᠯᠴᠠᠭᠤᠯᠪᠠ ᠃ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠮᠠᠯ ᠡᠠᠵᠣ ᠡᠠᠬᠣᠢ ᠬᠢᠭᠡᠳ ᠪᠡᠯᠡ ᠬᠣᠷᠰᠢᠯᠴᠠᠭᠠᠠ ᠶ᠋ᠢᠨ ᠵᠥᠪᠯᠡᠯ( ᠮᠣᠩᠭᠣᠯ ᠠᠯᠪᠠᠨ ᠵᠠᠷᠭᠤ ᠶ᠋ᠢᠨ ᠬᠠᠮᠲᠤᠷᠠᠨ ᠵᠥᠪᠯᠡᠬᠦ ᠲᠢᠩᠬᠢᠮ ) ᠯᠤᠭᠡ ᠰᠢᠭᠦᠨ ᠲᠠᠰᠤᠯᠬᠤ ᠳᠠᠷᠤᠭ᠎ᠠ ᠬᠤᠸᠠᠩ ᠲᠤᠶᠠᠭ᠎ᠠ ᠪᠣᠳᠠᠲᠤ ᠬᠡᠷᠡᠭ ᠤ᠋ᠨ ᠵᠢᠱᠢᠶ᠎ᠡ ᠂ ᠭᠡᠷᠡᠴᠢ ᠪᠣᠯᠤᠨ ᠵᠢᠷᠤᠮ ᠵᠠᠷᠬᠡ ᠲᠠᠯ᠎ᠠ ᠪᠠᠷ 2020 ᠡᠣᠠ ᠶ᠋ᠢᠨ ᠳᠡᠭᠡᠳᠦ ᠬᠠᠭᠠᠰ ᠵᠢᠯ ᠳ᠋ᠦ᠍ ᠲᠤᠰ ᠬᠣᠷᠢᠢ᠎ᠠ ᠳ᠋ᠤ᠌ ᠪᠤᠴᠠᠭᠠᠵᠤ ᠳᠠᠬᠢᠨ ᠰᠢᠭᠦᠯᠭᠡᠭᠰᠡᠨ ᠪᠤᠶᠤ ᠥᠭᠡᠷᠡᠴᠢᠯᠡᠨ ᠲᠠᠰᠤᠯᠤᠭᠰᠠᠨ ᠬᠡᠷᠡᠭ ᠦ᠋ᠨ ᠰᠢᠯᠲᠠᠭᠠᠨ ᠵᠢᠴᠢ ᠡᠣᠷᠣᠰᠢᠵᠣ ᠪᠠᠢᠭ᠎ᠠ ᠨᠡᠢᠲᠡᠯᠢᠭ ᠴᠢᠨᠠᠷ ᠲᠠᠢ ᠡᠠᠰᠠᠭᠣᠳᠠᠯ ᠢ᠋ ᠨᠠᠷᠢᠨ ᠵᠠᠳᠠᠯᠵᠠᠢ ᠃ ᠬᠤᠷᠠᠯ ᠳ᠋ᠤ᠌ ᠣᠷᠣᠯᠴᠠᠭᠰᠠᠳ ᠠ᠋ᠴᠠ ᠡᠮᠬᠢᠯᠡᠨ ᠲᠢᠭᠯᠡᠵᠦ ᠪᠠᠢᠭ᠎ᠠ ᠢᠷᠭᠡᠨ ᠦ᠌ ᠬᠡᠷᠡᠭ ᠦ᠋ᠨ ᠰᠢᠭᠦᠨ ᠲᠠᠰᠤᠯᠤᠯᠲᠠ ᠳ᠋ᠠᠬᠢ ᠠᠩᠬᠠᠷᠤᠯ ᠤ᠋ᠨ ᠲᠥᠪ ᠂ ᠬᠦᠴᠢᠷ ᠂ ᠪᠠᠴᠢᠮ ᠰᠢᠢᠳᠪᠦᠷᠢᠯᠡᠬᠦ ᠴᠢᠬᠤᠯᠠᠲᠠᠢ ᠠᠰᠠᠭᠤᠳᠠᠯ ᠤ᠋ᠨ ᠲᠤᠬᠠᠢ ᠢᠳᠡᠪᠬᠢᠲᠡᠢ ᠪᠡᠷ ᠶᠠᠷᠢᠶ᠎ᠠ ᠲᠠᠯᠪᠢᠵᠤ ᠂ ᠭᠦᠢᠴᠡᠳ ᠰᠤᠳᠤᠯᠤᠨ ᠶᠠᠷᠢᠯᠴᠠᠭᠰᠠᠨ ᠪᠥᠭᠡᠳ ᠬᠡᠰᠡᠭ ᠠᠰᠠᠭᠤᠳᠠᠯ ᠤ᠋ᠨ ᠲᠠᠯ᠎ᠠ ᠪᠠᠷ ᠰᠠᠨᠠᠯ ᠨᠢᠭᠡᠳᠦᠭᠰᠡᠨ ᠪᠠᠢᠨ᠎ᠠ ᠃
ᠬᠠᠮᠤᠭ ᠰᠡᠭᠦᠯ ᠳ᠋ᠦ᠍ ᠂ ᠬᠤᠸᠠᠩ ᠲᠤᠶᠠᠭ᠎ᠠ ᠢᠷᠭᠡᠨ ᠦ᠌ ᠪᠠ ᠬᠤᠳᠠᠯᠳᠤᠭᠠᠨ ᠤ᠋ ᠬᠡᠷᠡᠭ ᠢ᠋ ᠰᠢᠭᠦᠨ ᠲᠠᠰᠤᠯᠬᠤ ᠡᠭᠦᠷᠭᠡ ᠴᠢᠳᠠᠪᠤᠷᠢ ᠪᠠᠨ ᠬᠡᠷᠬᠢᠨ ᠭᠦᠢᠴᠡᠳ ᠪᠠᠳᠠᠷᠠᠭᠤᠯᠵᠤ ᠂ ᠢᠷᠭᠡᠨ ᠦ᠌ ᠪᠠ ᠬᠤᠳᠠᠯᠳᠤᠭᠠᠨ ᠤ᠋ ᠬᠡᠷᠡᠭ ᠢ᠋ ᠰᠢᠭᠦᠨ ᠲᠠᠰᠤᠯᠬᠤ ᠴᠢᠨᠠᠷ ᠪᠦᠲᠦᠮᠵᠢ ᠪᠡᠨ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠭᠤᠷᠪᠠᠨ ᠱᠠᠭᠠᠷᠳᠠᠯᠭ᠎ᠠ ᠳᠤᠷᠠᠳᠪᠠ ᠄ ᠨᠢᠭᠡ ᠳ᠋ᠦ᠍ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠲᠠᠷᠢᠶᠠᠯᠠᠩ ᠮᠠᠯ ᠠᠵᠤ ᠠᠬᠤᠢ ᠪᠠ ᠪᠡᠯᠡ ᠬᠥᠷᠥᠩᠭᠡ ᠶ᠋ᠢᠨ ᠣᠷᠴᠢᠨ ᠲᠣᠭᠣᠷᠢᠨ ᠤ᠋ ᠬᠠᠮᠲᠤᠷᠠᠨ ᠵᠥᠪᠯᠡᠬᠦ ᠲᠢᠩᠬᠢᠮ ᠦ᠋ᠨ ᠬᠢᠨ ᠶᠠᠷᠢᠯᠴᠠᠬᠤ ᠬᠤᠷᠠᠯ ᠬᠢᠬᠦ ᠵᠡᠷᠭᠡ ᠬᠡᠯᠪᠡᠷᠢ ᠪᠡᠷ ᠂ ᠣᠲᠣᠭ ᠤ᠋ᠨ ᠡᠮᠦᠨᠡᠲᠦ ᠬᠣᠰᠢᠭᠤᠨ ᠤ᠋ ᠰᠢᠭᠦᠬᠦ ᠬᠣᠷᠢᠶ᠎ᠠ ᠶ᠋ᠢ ᠠᠵᠢᠯ ᠲᠥᠷᠥᠯ ᠢ᠋ᠶ᠋ᠡᠷ ᠵᠢᠯᠣᠭᠣᠳᠬᠤ ᠶ᠋ᠢ ᠴᠢᠩᠭᠠᠳᠭᠠᠵᠤ ᠂ ᠬᠦᠴᠢᠷ ᠲᠦᠪᠡᠭᠲᠡᠢ ᠬᠡᠷᠡᠭ ᠢ᠋ ᠰᠤᠳᠤᠯᠤᠨ ᠶᠠᠷᠢᠯᠴᠠᠵᠤ ᠂ ᠰᠢᠭᠦᠨ ᠲᠠᠰᠤᠯᠤᠯᠲᠠ ᠶ᠋ᠢᠨ ᠪᠠᠷᠢᠮᠵᠢᠶ᠎ᠠ ᠶ᠋ᠢ ᠨᠢᠭᠡᠳᠭᠡᠨ᠎ᠡ ᠃ ᠬᠣᠶᠠᠷ ᠲᠤ᠌ ᠣᠲᠣᠭ ᠤ᠋ᠨ ᠡᠮᠦᠨᠡᠲᠦ ᠬᠣᠰᠢᠭᠤᠨ ᠤ᠋ ᠰᠢᠭᠦᠬᠦ ᠬᠣᠷᠢᠶᠠᠨ ᠤ᠋ ᠲᠤᠬᠠᠢᠯᠠᠭᠰᠠᠨ ᠠᠵᠢᠯ ᠤ᠋ᠨ ᠰᠠᠯᠠᠭ᠎ᠠ ᠮᠥᠴᠢᠷ ᠦ᠋ᠨ ᠬᠠᠷᠢᠭᠤᠴᠠᠯᠭᠠᠲᠠᠨ ᠬᠡᠷᠡᠭ ᠦ᠋ᠨ ᠶᠠᠰᠤ ᠴᠢᠨᠠᠷ ᠤ᠋ᠨ ᠪᠣᠭᠣᠮᠲᠠ ᠶ᠋ᠢ ᠰᠠᠢᠲᠤᠷ ᠰᠠᠬᠢᠵᠤ ᠂ ᠰᠢᠭᠦᠨ ᠲᠠᠰᠤᠯᠤᠯᠲᠠ ᠶ᠋ᠢᠨ ᠬᠠᠮᠢᠶᠠᠷᠤᠯᠲᠠ ᠶ᠋ᠢᠨ ᠡᠭᠦᠷᠭᠡ ᠴᠢᠳᠠᠪᠤᠷᠢ ᠶ᠋ᠢ ᠰᠠᠢᠲᠤᠷ ᠭᠦᠢᠴᠡᠳᠭᠡᠵᠦ ᠂ ᠬᠡᠷᠡᠭ ᠢ᠋ ᠰᠢᠭᠦᠨ ᠲᠠᠰᠤᠯᠬᠤ ᠴᠢᠨᠠᠷ ᠴᠢᠨᠰᠠᠭ᠎ᠠ ᠶ᠋ᠢ ᠢᠯᠡᠳᠲᠡ ᠳᠡᠭᠡᠭᠰᠢᠯᠡᠭᠦᠯᠬᠦ ᠪᠡᠷ ᠴᠢᠷᠮᠠᠢᠨ᠎ᠠ ᠃ ᠭᠤᠷᠪᠠ ᠳ᠋ᠤ᠌ ᠡᠯ᠎ᠡ ᠲᠣᠮᠢᠯᠠᠭᠰᠠᠨ ᠠᠷᠠᠳ ᠤ᠋ᠨ ᠰᠢᠭᠦᠬᠦ ᠲᠢᠩᠬᠢᠮ ᠨᠢ ᠦᠨᠳᠦᠰᠦᠨ ᠱᠠᠲᠤᠨ ᠤ᠋ ᠠᠷᠠᠳ ᠤ᠋ᠨ ᠰᠢᠭᠦᠬᠦ ᠬᠣᠷᠢᠶᠠᠨ ᠤ᠋ ᠲᠣᠮᠢᠯᠠᠭᠰᠠᠨ ᠪᠠᠢᠭᠤᠯᠤᠮᠵᠢ ᠪᠣᠯᠤᠭᠰᠠᠨ ᠤ᠋ ᠬᠤᠪᠢ ᠳ᠋ᠤ᠌ ᠡᠭᠦᠷᠭᠡ ᠬᠦᠨᠳᠦ ᠂ ᠬᠠᠷᠢᠭᠤᠴᠠᠯᠭ᠎ᠠ ᠶᠡᠬᠡ ᠪᠠᠢᠵᠤ ᠂ 《 ᠠᠷᠠᠳ ᠣᠯᠠᠨ ᠤ᠋ ᠵᠠᠷᠭᠤ ᠬᠢᠬᠦ ᠳ᠋ᠦ᠍ ᠳᠥᠭᠥᠮ ᠦᠵᠡᠭᠦᠯᠵᠦ ᠂ ᠠᠷᠠᠳ ᠤ᠋ᠨ ᠱᠢᠭᠦᠬᠦ ᠬᠣᠷᠢᠶᠠᠨ ᠤ᠋ ᠰᠢᠭᠦᠨ ᠲᠠᠰᠤᠯᠬᠤ ᠳ᠋ᠤ᠌ ᠳᠥᠭᠥᠮ ᠦᠵᠡᠭᠦᠯᠬᠦ 》 ᠵᠠᠷᠴᠢᠮ ᠢ᠋ ᠢᠳᠡᠪᠬᠢᠲᠡᠢ ᠨᠠᠢᠳᠠᠪᠤᠷᠢᠵᠢᠭᠤᠯᠵᠤ ᠂ ᠰᠢᠭᠦᠬᠦ ᠲᠢᠩᠬᠢᠮ ᠦ᠋ᠨ ᠵᠥᠷᠢᠴᠡᠯ ᠢ᠋ ᠠᠷᠢᠯᠭᠠᠬᠤ ᠡᠮᠦᠨ᠎ᠡ ᠹᠷᠣᠨᠲ ᠤ᠋ᠨ ᠵᠢᠭᠰᠠᠭᠠᠯ ᠤ᠋ᠨ ᠭᠠᠵᠠᠷ ᠤ᠋ᠨ ᠦᠢᠯᠡᠳᠦᠯ ᠢ᠋ ᠭᠦᠢᠴᠡᠳ ᠪᠠᠳᠠᠷᠠᠭᠤᠯᠵᠤ ᠂ ᠡᠯ᠎ᠡ ᠲᠥᠷᠥᠯ ᠦ᠋ᠨ ᠵᠥᠷᠢᠴᠡᠯ ᠵᠢᠭᠤᠷᠠᠯᠳᠤᠭᠠᠨ ᠢ᠋ ᠵᠣᠬᠢᠰᠲᠠᠢ ᠰᠢᠢᠳᠪᠦᠷᠢᠯᠡᠵᠦ ᠂ ᠠᠷᠠᠳ ᠲᠦᠮᠡᠨ ᠦ᠌ ᠰᠠᠨᠠᠭᠠᠨ ᠳ᠋ᠤ᠌ ᠨᠡᠢᠴᠡᠭᠰᠡᠨ ᠰᠢᠭᠦᠬᠦ ᠲᠢᠩᠬᠢᠮ ᠪᠠᠢᠭᠤᠯᠬᠤ ᠪᠠᠷ ᠴᠢᠷᠮᠠᠢᠨ᠎ᠠ ᠃
ᠦᠨᠡᠯᠡᠬᠦ 0ᠦᠨᠡᠯᠡᠯᠲᠡ᠎ᠲᠠᠢ