ᠲᠠᠪᠤᠨ ᠰᠠᠷ᠎ᠠ ᠶ᠋ᠢᠨ ᠳᠥᠷᠪᠡᠨ ᠦ᠌ ᠬᠥᠳᠡᠯᠭᠡᠭᠡᠨ ᠦ᠌ 101 ᠵᠢᠯ ᠦ᠋ᠨ ᠣᠢ ᠶ᠋ᠢ ᠳᠤᠷᠠᠰᠭᠠᠬᠤ ᠶ᠋ᠢᠨ ᠲᠥᠯᠥᠭᠡ ᠂ ᠪᠦᠬᠦ ᠬᠦᠷᠢᠶᠡᠨ ᠤ᠋ ᠵᠠᠯᠠᠭᠤ ᠺᠠᠲᠠᠷ ᠴᠠᠭᠳᠠᠭ᠎ᠠ ᠶ᠋ᠢᠨ ᠲᠠᠪᠤᠨ ᠰᠠᠷ᠎ᠠ ᠶ᠋ᠢᠨ ᠳᠥᠷᠪᠡᠨ ᠦ᠌ ᠵᠣᠷᠢᠭ ᠰᠠᠨᠠᠭ᠎ᠠ ᠶ᠋ᠢ ᠵᠠᠯᠭᠠᠮᠵᠢᠯᠠᠨ ᠪᠠᠳᠠᠷᠠᠭᠤᠯᠵᠤ ᠂ ᠣᠷᠳᠣᠰ ᠬᠣᠲᠠ ᠶ᠋ᠢᠨ ᠳᠤᠮᠳᠠ ᠬᠣᠷᠢᠶᠠᠨ ᠤ᠋ ᠵᠠᠯᠠᠭᠤ ᠺᠠᠲᠠᠷ ᠴᠠᠭᠳᠠᠭ᠎ᠠ ᠶ᠋ᠢᠨ ᠡᠷᠬᠢᠮ ᠳᠡᠭᠡᠳᠦ ᠡᠬᠡ ᠣᠷᠣᠨᠴᠢ ᠰᠡᠳᠭᠢᠯᠭᠡ ᠪᠠ ᠴᠣᠭ ᠪᠠᠳᠠᠷᠠᠩᠭᠤᠢ ᠵᠠᠯᠠᠭᠤ ᠨᠠᠰᠤᠨ ᠤ᠋ ᠴᠣᠭ ᠵᠢᠪᠬᠤᠭ᠎ᠠ ᠶ᠋ᠢ ᠳᠡᠯᠭᠡᠨ ᠦᠵᠡᠭᠦᠯᠵᠦ ᠂ ᠥᠷᠭᠡᠨ ᠣᠯᠠᠨ ᠵᠠᠯᠠᠭᠤ ᠺᠠᠲᠠᠷ ᠴᠠᠭᠳᠠᠭ᠎ᠠ ᠶ᠋ᠢ ᠨᠡᠩ ᠰᠠᠢᠲᠤᠷ ᠪᠦᠯᠬᠦᠮᠳᠡᠭᠦᠯᠬᠦ ᠵᠢᠨ ᠲᠥᠯᠦᠭᠡ᠂ 5 ᠰᠠᠷ᠎ᠠ ᠶ᠋ᠢᠨ 8 ᠤ᠋ ᠡᠳᠦᠷ ᠦ᠋ᠨ ᠦᠳᠡ ᠶ᠋ᠢᠨ ᠬᠣᠢᠨ᠎ᠠ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠨᠢ ᠵᠠᠯᠠᠭᠤᠴᠤᠳ ᠤ᠋ᠨ ᠪᠠᠶᠠᠷ ᠤ᠋ᠨ ᠪᠠᠭ᠎ᠠ ᠬᠡᠯᠪᠡᠷᠢ ᠵᠢᠨ ᠥᠷᠭᠡᠳᠭᠡᠯ ᠪᠣᠯᠪᠠᠰᠤᠷᠠᠯ ᠢ᠋ ᠵᠣᠬᠢᠶᠠᠨ ᠪᠠᠢᠭᠤᠯᠪᠠ᠃
ᠲᠤᠰ ᠤᠳᠠᠭᠠᠨ ᠤ᠋ ᠥᠷᠭᠡᠳᠭᠡᠯ ᠪᠣᠯᠪᠠᠰᠤᠷᠠᠯ ᠤ᠋ᠨ ᠲᠥᠷᠥᠯ ᠵᠦᠢᠯ ᠳ᠋ᠦ᠍ ᠦᠰᠦᠲᠦ ᠬᠣᠷᠣᠬᠠᠢ ᠶ᠋ᠢᠨ ᠤᠷᠤᠯᠳᠤᠭᠠᠨ᠂ ᠤᠭᠤᠲᠠᠲᠤ ᠬᠤᠯᠤᠭᠠᠨ᠎ᠠ ᠶ᠋ᠢᠨ ᠪᠥᠮᠪᠥᠭᠡ ᠵᠥᠭᠡᠭᠡᠪᠦᠷᠢᠯᠡᠬᠦ ᠲᠣᠭᠯᠠᠭᠠᠮ᠂ ᠴᠢᠯᠠᠭᠤ ᠲᠡᠮᠲᠡᠷᠢᠵᠦ ᠭᠣᠣᠯ ᠭᠠᠲᠤᠯᠬᠤ ᠂ᠬᠡᠢ ᠪᠥᠮᠪᠦᠭᠡ ᠵᠢᠨ ᠮᠥᠷᠭᠦᠯᠳᠦᠭᠡᠨ ᠂ᠬᠦᠴᠦ ᠪᠠᠨ ᠬᠠᠮᠲᠤᠳᠭᠠᠨ ᠠᠯᠬᠤᠬᠤ ᠂ ᠣᠳᠣᠨ ᠮᠡᠴᠢᠳ ᠰᠠᠷ᠎ᠠ ᠵᠢ ᠡᠷᠭᠦᠬᠦ ᠵᠡᠷᠭᠡ ᠵᠢᠷᠭᠤᠭᠠᠨ ᠵᠦᠢᠯ ᠦ᠋ᠨ ᠤᠷᠤᠯᠳᠤᠭᠠᠨ ᠪᠠᠭᠲᠠᠨ᠎ᠠ ᠃ ᠤᠷᠤᠯᠳᠤᠭᠠᠨ ᠳ᠋ᠤ ᠣᠷᠤᠯᠴᠠᠭᠰᠠᠨ ᠺᠠᠲᠠᠷ ᠴᠠᠭᠳᠠᠭ᠎ᠠ ᠨᠠᠷ ᠢ᠋ 9 ᠳᠤᠭᠤᠢᠯᠠᠩ ᠬᠤᠪᠢᠶᠠᠵᠤ᠂ ᠪᠦᠯᠬᠦᠮ ᠤ᠋ᠨ ᠴᠤᠮᠬᠤᠳᠬᠠᠯ ᠤ᠋ᠨ ᠳᠦᠷᠢᠮ ᠢ᠋ ᠬᠡᠷᠡᠭᠵᠢᠭᠦᠯᠦᠨ᠎ᠡ᠃
ᠤᠷᠤᠯᠳᠤᠭᠠᠨ ᠤ᠋ ᠶᠠᠪᠤᠴᠠ ᠳ᠋ᠤ᠂ ᠺᠠᠲᠠᠷ ᠴᠠᠭᠳᠠᠭ᠎ᠠ ᠨᠠᠷ ᠳᠤᠭᠤᠢᠯᠠᠩ ᠬᠤᠪᠢᠶᠠᠨ ᠬᠠᠷᠢᠯᠴᠠᠨ ᠬᠠᠮᠵᠢᠯᠴᠠᠵᠤ᠂ ᠳᠠᠪᠬᠤᠷ ᠳᠠᠪᠬᠤᠷ ᠥᠷᠢᠰᠦᠯᠳᠦᠭᠡᠨ ᠢ᠋ ᠥᠩᠭᠡᠷᠡᠭᠡᠨ᠂ ᠥᠪᠡᠷ ᠦ᠋ᠨ ᠳᠠᠯᠳᠠ ᠴᠢᠳᠠᠪᠤᠷᠢ ᠪᠠᠨ ᠲᠠᠰᠤᠷᠠᠯᠲᠠ ᠦᠭᠡᠢ ᠢᠯᠡᠷᠡᠭᠦᠯᠵᠦ᠂ ᠥᠷᠭᠡᠳᠭᠡᠯ ᠪᠣᠯᠪᠠᠰᠤᠷᠠᠯ ᠨᠢ ᠲᠡᠭᠦᠰ ᠠᠮᠵᠢᠯᠲᠠ ᠲᠠᠢ ᠲᠡᠭᠦᠰᠦᠭᠰᠡᠨ ᠪᠠᠢᠨ᠎ᠠ᠃
ᠦᠰᠦᠲᠦ ᠬᠣᠷᠣᠬᠠᠢ ᠶ᠋ᠢᠨ ᠤᠷᠤᠯᠳᠤᠭᠠᠨ
ᠴᠢᠯᠠᠭᠤ ᠲᠡᠮᠲᠡᠷᠢᠵᠦ ᠭᠣᠣᠯ ᠭᠠᠲᠤᠯᠬᠤ ᠤᠷᠤᠯᠳᠤᠭᠠᠨ
ᠣᠳᠣᠨ ᠮᠡᠴᠢᠳ ᠰᠠᠷ᠎ᠠ ᠵᠢ ᠡᠷᠭᠦᠬᠦ ᠤᠷᠤᠯᠳᠤᠭᠠᠨ
ᠤᠭᠤᠲᠠᠲᠤ ᠬᠤᠯᠤᠭᠠᠨ᠎ᠠ ᠶ᠋ᠢᠨ ᠪᠥᠮᠪᠥᠭᠡ ᠵᠥᠭᠡᠭᠡᠪᠦᠷᠢᠯᠡᠬᠦ ᠤᠷᠤᠯᠳᠤᠭᠠᠨ
ᠬᠡᠢ ᠪᠥᠮᠪᠦᠭᠡ ᠵᠢᠨ ᠮᠥᠷᠭᠦᠯᠳᠦᠭᠡᠨ ᠤ᠋ ᠤᠷᠤᠯᠳᠤᠭᠠᠨ
ᠬᠦᠴᠦ ᠪᠠᠨ ᠬᠠᠮᠲᠤᠳᠭᠠᠨ ᠠᠯᠬᠤᠬᠤ ᠤᠷᠤᠯᠳᠤᠭᠠᠨ
ᠱᠠᠩᠨᠠᠯ ᠬᠦᠷᠲᠡᠭᠰᠡᠨ ᠪᠦᠯᠬᠦᠮ
ᠠᠯᠢ ᠨᠢᠭᠡᠨ ᠡᠳᠦᠷ ᠪᠢᠳᠡ ᠥᠨᠥᠳᠥᠷ ᠦ᠋ᠨ ᠤᠷᠤᠰᠭᠠᠭᠰᠠᠨ ᠬᠦᠴᠦ ᠬᠥᠯᠦᠰᠦ ᠪᠠᠨ ᠮᠠᠷᠲᠠᠵᠤ ᠂ ᠠᠩᠭᠢ ᠶ᠋ᠢᠨ ᠨᠦᠭᠦᠳ ᠤ᠋ᠨ ᠢ᠋ᠢᠡᠨ ᠭᠠᠷ ᠮᠥᠷᠥ ᠲᠤ ᠦᠯᠡᠳᠡᠭᠰᠡᠨ ᠰᠢᠷᠬ᠎ᠠ ᠰᠣᠷᠪᠢ ᠵᠢ ᠮᠠᠷᠲᠠᠬᠤ ᠮᠠᠭᠠᠳ᠂ ᠴᠠᠭ ᠤ᠋ᠨ ᠤᠷᠤᠰᠭᠠᠯ ᠢ᠋ ᠳᠠᠭᠠᠯᠳᠤᠨ ᠤᠷᠤᠯᠳᠤᠭᠠᠨ ᠳ᠋ᠤ ᠣᠷᠤᠯᠴᠠᠭᠰᠠᠨ ᠠᠷᠤ ᠵᠢᠨ ᠪᠠᠷ᠎ᠠ ᠨᠢ ᠪᠠᠯᠠᠷᠠᠬᠤ ᠮᠠᠭᠠᠳ ᠁ ᠭᠡᠪᠡᠴᠦ ᠡᠳᠡᠭᠡᠷ ᠭᠱᠠᠨ ᠵᠠᠭᠤᠷ᠎ᠠ ᠲᠤ ᠡᠭᠦᠰᠦᠭᠰᠡᠨ ᠪᠠᠶᠠᠷ ᠪᠠᠶᠠᠰᠤᠯ ᠲᠠᠢ ᠴᠠᠭ ᠮᠥᠴᠡ᠂ ᠢᠯᠠᠯᠲᠠ ᠣᠯᠬᠤ ᠭᠱᠠᠨ ᠤ᠋ ᠬᠠᠰᠭᠢᠷᠤᠯᠲᠠ ᠰᠡᠳᠭᠢᠯ ᠦ᠋ᠨ ᠭᠦᠨ ᠳ᠋ᠤ ᠡᠭᠦᠷᠢᠳᠡ ᠬᠠᠳᠠᠭᠠᠯᠠᠭᠰᠠᠨ ᠶᠤᠮ ! 2020 ᠂ ᠪᠢᠳᠡ ᠦᠷᠭᠦᠯᠵᠢᠯᠡᠨ ᠡᠷᠡᠯᠬᠡᠭᠯᠡᠨ ᠤᠷᠤᠭᠰᠢᠯᠠᠶ᠎ᠠ !
ᠦᠨᠡᠯᠡᠬᠦ 0ᠦᠨᠡᠯᠡᠯᠲᠡ ᠲᠠᠢ