ᠠᠯᠢ ᠬᠡᠳᠦᠢᠨ ᠠᠵᠢᠯ ᠤ᠋ᠨ ᠪᠠᠢᠷᠢ ᠳ᠋ᠤ᠌ ᠪᠠᠢᠭ᠎ᠠ ᠪᠢᠳᠡ ᠂ ᠡᠳᠦᠷᠵᠢᠨ ᠠᠵᠢᠯ ᠪᠠ ᠠᠮᠢᠳᠤᠷᠠᠯ ᠤ᠋ᠨ ᠲᠠᠯ᠎ᠠ ᠶ᠋ᠢᠨ ᠬᠦᠨᠳᠦ ᠳᠠᠷᠤᠯᠲᠠ ᠶ᠋ᠢ ᠠᠷᠭᠠᠴᠠᠬᠤ ᠭᠡᠵᠦ ᠶᠠᠭᠠᠷᠠᠯᠳᠤᠳᠠᠭ᠂ ᠡᠯ᠎ᠡ ᠲᠠᠯ᠎ᠠ ᠵᠢᠨ ᠳᠠᠷᠤᠭᠠᠰᠤ ᠬᠦᠨᠳᠦ ᠪᠠᠢᠭ᠎ᠠ ᠦᠶᠡᠰ ᠲᠤ᠂ ᠪᠢᠳᠡ ᠦᠨᠡᠨᠳᠡᠭᠡᠨ ᠠᠯᠬᠤᠮ ᠢ᠋ᠶ᠋ᠠᠨ ᠠᠯᠭᠤᠷ ᠲᠠᠯᠪᠢᠵᠤ ᠰᠡᠳᠭᠢᠯ ᠦ᠋ᠨ ᠳᠠᠭᠤᠨ ᠢ᠋ ᠰᠣᠨᠣᠰᠴᠤ ᠪᠣᠯᠤᠨ᠎ᠠ ᠃
ᠺᠠᠲᠠᠷ ᠴᠠᠭᠳᠠᠭ᠎ᠠ ᠶ᠋ᠢᠨ ᠪᠡᠶ᠎ᠡ ᠰᠡᠳᠭᠢᠯ ᠦ᠋ᠨ ᠡᠷᠡᠭᠦᠯ ᠴᠢᠭᠢᠷᠠᠭ ᠢ᠋ ᠠᠬᠢᠭᠤᠯᠵᠤ᠂ ᠠᠵᠢᠯ ᠤ᠋ᠨ ᠳᠠᠷᠤᠯᠲᠠ ᠶ᠋ᠢ ᠠᠯᠭᠤᠷᠯᠠᠨ᠂ᠥᠪᠡᠷ ᠢ᠋ ᠪᠡᠨ ᠲᠣᠬᠢᠷᠠᠭᠤᠯᠬᠤ ᠴᠢᠳᠠᠪᠤᠷᠢ ᠶ᠋ᠢ ᠳᠡᠭᠡᠭᠱᠢᠯᠡᠭᠦᠯᠬᠦ ᠶ᠋ᠢᠨ ᠲᠥᠯᠥᠭᠡ᠂ 5 ᠰᠠᠷ᠎ᠠ ᠶ᠋ᠢᠨ 18 ᠤ᠋ ᠡᠳᠦᠷ ᠡᠴᠡ 20 ᠤ᠋ ᠡᠳᠦᠷ ᠪᠣᠯᠲᠠᠯ᠎ᠠ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠠᠷᠠᠳ ᠤ᠋ᠨ ᠰᠢᠭᠦᠬᠦ ᠬᠣᠷᠢᠶ᠎ᠠ ᠠ᠋ᠴᠠ ᠤᠯᠤᠰ ᠤ᠋ᠨ ᠬᠣᠶᠠᠳᠤᠭᠠᠷ ᠳᠡᠰ ᠦ᠋ᠨ ᠰᠡᠳᠭᠢᠴᠡ ᠶ᠋ᠢᠨ ᠯᠠᠪᠯᠠᠭᠴᠢ᠂ ᠤᠯᠤᠰ ᠤ᠋ᠨ ᠪᠦᠯᠬᠦᠮ ᠦ᠋ᠨ ᠬᠠᠪᠰᠤᠷᠤᠨ ᠵᠢᠯᠣᠭᠣᠳᠬᠤ ᠠᠰᠠᠭᠤᠨ ᠯᠠᠪᠯᠠᠭᠴᠢ᠂ ᠡᠨᠧᠷᠭᠢ ᠶ᠋ᠢᠨ ᠰᠡᠳᠭᠢᠴᠡ ᠵᠦᠢ ᠶ᠋ᠢᠨ ᠤᠬᠠᠭᠠᠨ ᠤ᠋ ᠯᠠᠪᠯᠠᠭᠴᠢ ᠰᠠᠷᠠᠨ᠎ᠠ ᠪᠠᠭᠰᠢ ᠶ᠋ᠢ ᠤᠷᠢᠵᠤ ᠨᠢᠭᠡ ᠰᠢᠷᠢᠰ ᠰᠡᠳᠭᠢᠴᠡ ᠶ᠋ᠢᠨ ᠬᠢᠴᠢᠶᠡᠯ ᠵᠢ ᠥᠷᠨᠢᠭᠦᠯᠦᠭᠰᠡᠨ ᠪᠠᠢᠨ᠎ᠠ᠃
ᠨᠢᠭᠡᠳᠦᠭᠡᠷ ᠡᠳᠦᠷ
ᠠᠩᠬᠠᠨ ᠤ᠋ ᠲᠠᠯᠠᠪᠤᠷ ᠨᠢ ᠰᠡᠳᠭᠢᠴᠡ ᠶ᠋ᠢᠨ ᠡᠷᠡᠭᠦᠯ ᠮᠡᠨᠳᠦ ᠶ᠋ᠢᠨ ᠮᠡᠳᠡᠯᠭᠡ ᠶ᠋ᠢ ᠬᠤᠪᠢᠶᠠᠨ ᠡᠳ᠋ᠯᠡᠬᠦ ᠬᠤᠷᠠᠯ ᠪᠣᠯᠤᠨ᠎ᠠ ᠂ ᠬᠤᠷᠠᠯ ᠤ᠋ᠨ ᠭᠣᠣᠯ ᠰᠡᠳᠦᠪ 《 ᠲᠥᠪ ᠶᠣᠰᠣ ᠶ᠋ᠢ ᠪᠠᠷᠢᠮᠲᠠᠯᠠᠵᠤ᠂ ᠵᠥᠪ ᠡᠨᠧᠷᠭᠢ ᠶ᠋ᠢ ᠳᠠᠮᠵᠢᠭᠤᠯᠬᠤ》 ᠃ ᠰᠠᠷᠠᠨ᠎ᠠ ᠪᠠᠭᠰᠢ ᠠ᠋ᠴᠠ ᠺᠠᠲᠠᠷ ᠴᠠᠭᠳᠠᠭ᠎ᠠ ᠵᠢᠨ ᠲᠤᠯᠭᠠᠷᠠᠵᠤ ᠪᠠᠢᠭ᠎ᠠ ᠠᠵᠢᠯ ᠠᠮᠢᠳᠤᠷᠠᠯ ᠤ᠋ᠨ ᠳᠠᠷᠤᠯᠲᠠ ᠳ᠋ᠤ᠌ ᠴᠢᠭᠯᠡᠭᠦᠯᠦᠨ᠂ ᠨᠠᠷᠢᠨ ᠮᠠᠲ᠋ᠧᠷᠢᠶᠠᠯ᠂ᠬᠡᠷᠡᠭ ᠵᠢᠱ᠌ᠢᠶ᠎ᠡ ᠪᠡᠷ ᠳᠠᠮᠵᠢᠭᠤᠯᠤᠨ ᠰᠡᠳᠭᠢᠴᠡ ᠶ᠋ᠢᠨ ᠡᠷᠡᠭᠦᠯ ᠮᠡᠨᠳᠦ ᠶ᠋ᠢᠨ ᠮᠡᠳᠡᠯᠭᠡ ᠶ᠋ᠢᠨ ᠲᠣᠪᠴᠢ ᠲᠠᠨᠢᠯᠴᠠᠭᠤᠯᠭ᠎ᠠ᠂ ᠤᠷᠮ᠎ᠠ ᠰᠡᠳᠭᠢᠯᠭᠡ ᠶ᠋ᠢᠨ ᠬᠠᠮᠢᠶᠠᠷᠤᠯᠲᠠ ᠂ ᠬᠦᠴᠢᠷᠳᠡᠯ ᠡᠴᠡ ᠠᠯᠬᠤᠨ ᠭᠠᠷᠬᠤ ᠵᠡᠷᠭᠡ ᠭᠤᠷᠪᠠᠨ ᠲᠠᠯ᠎ᠠ ᠠ᠋ᠴᠠ ᠲᠠᠢᠯᠪᠤᠷᠢᠯᠠᠨ ᠵᠢᠭᠠᠵᠤ ᠥᠭᠬᠦ ᠶ᠋ᠢᠨ ᠬᠠᠮᠲᠤ᠂ ᠺᠠᠲᠠᠷ ᠴᠠᠭᠳᠠᠭ᠎ᠠ ᠨᠠᠷ ᠲᠤ᠌ ᠬᠠᠨᠳᠤᠯᠭᠠᠲᠤ ᠴᠢᠨᠠᠷᠲᠠᠢ ᠳᠠᠷᠤᠯᠲᠠ ᠪᠠᠭᠤᠷᠠᠭᠤᠯᠬᠤ ᠠᠷᠭ᠎ᠠ ᠶ᠋ᠢ ᠵᠢᠭᠠᠨ ᠦᠭᠭᠦᠭᠰᠡᠨ ᠪᠠᠢᠨ᠎ᠠ᠃ ᠬᠤᠷᠠᠯ ᠤ᠋ᠨ ᠳᠠᠷᠠᠭ᠎ᠠ᠂ ᠰᠠᠷᠠᠨ᠎ᠠ ᠪᠠᠭᠰᠢ ᠪᠠᠰᠠ ᠲᠤᠬᠠᠢ ᠶ᠋ᠢᠨ ᠲᠠᠯᠠᠪᠠᠢ ᠳ᠋ᠤ᠌ ᠪᠠᠢᠭ᠎ᠠ ᠺᠠᠲᠠᠷ ᠴᠠᠭᠳᠠᠭ᠎ᠠ ᠳ᠋ᠤ᠌ ᠰᠡᠳᠭᠢᠴᠡ ᠶ᠋ᠢᠨ ᠰᠢᠯᠭᠠᠯᠲᠠ ᠬᠢᠭᠰᠡᠨ ᠪᠥᠭᠡᠳ ᠲᠡᠳᠡᠨ ᠦ᠌ ᠲᠤᠰ ᠪᠡᠶ᠎ᠡ ᠳ᠋ᠦ᠍ ᠣᠷᠤᠰᠢᠵᠤ ᠪᠠᠢᠭ᠎ᠠ ᠠᠰᠠᠭᠤᠳᠠᠯ ᠳ᠋ᠤ᠌ ᠴᠢᠭᠯᠡᠭᠦᠯᠦᠨ ᠨᠠᠷᠢᠨ ᠲᠣᠳᠣᠷᠬᠠᠢ ᠬᠠᠷᠢᠭᠤᠯᠲᠠ ᠥᠭᠴᠡᠢ᠃
ᠬᠣᠶᠠᠳᠤᠭᠠᠷ ᠡᠳᠦᠷ
ᠪᠦᠯᠬᠦᠮ ᠦ᠋ᠨ ᠰᠡᠳᠭᠢᠴᠡ ᠶ᠋ᠢᠨ ᠬᠠᠪᠰᠤᠷᠤᠨ ᠵᠢᠯᠣᠭᠣᠳᠬᠤ ᠭᠣᠣᠯ ᠰᠡᠳᠦᠪ ᠄ ᠳᠠᠷᠤᠯᠲᠠ ᠶ᠋ᠢᠨ ᠬᠠᠮᠢᠶᠠᠷᠤᠯᠲᠠ ᠪᠠ ᠰᠡᠳᠭᠢᠴᠡ ᠶ᠋ᠢᠨ ᠡᠷᠡᠭᠦᠯ ᠴᠢᠭᠢᠷᠠᠭ ᠃ ᠰᠠᠷᠠᠨ᠎ᠠ ᠪᠠᠭᠰᠢ ᠠ᠋ᠴᠠ ᠣᠯᠠᠨ ᠶᠠᠩᠵᠤ ᠶ᠋ᠢᠨ ᠬᠠᠷᠢᠯᠴᠠᠨ ᠬᠥᠳᠡᠯᠦᠯᠴᠡᠬᠦ ᠲᠣᠭᠯᠠᠭᠠᠮ ᠢ᠋ ᠵᠣᠬᠢᠶᠠᠨ ᠪᠠᠢᠭᠤᠯᠵᠤ ᠂ ᠺᠠᠲᠠᠷ ᠴᠠᠭᠳᠠᠭ᠎ᠠ ᠨᠠᠷ ᠢ᠋ᠢᠠᠷ ᠳᠠᠷᠤᠯᠲᠠ ᠶ᠋ᠢᠨ ᠴᠠᠭᠠᠷᠢᠭ ᠵᠢᠷᠤᠭᠤᠯᠵᠤ᠂ ᠬᠦᠴᠢᠷᠳᠡᠯ᠂ ᠵᠣᠪᠠᠨᠢᠯ ᠢ᠋ᠢᠡᠨ ᠪᠤᠰᠤᠳ ᠲᠤ ᠬᠡᠯᠡᠭᠦᠯᠵᠦ ᠂ ᠳᠠᠷᠤᠯᠳᠠ ᠵᠢᠨ ᠥᠪᠡᠷ ᠪᠡᠶ᠎ᠡ ᠳ᠋ᠤ ᠠᠪᠴᠢᠷᠠᠭᠰᠠᠨ ᠨᠥᠯᠦᠭᠡ ᠵᠢ ᠣᠢᠯᠠᠭᠠᠭᠤᠯᠤᠭᠰᠠᠨ ᠶᠤᠮ᠃ᠰᠠᠷᠠᠨ᠎ᠠ ᠪᠠᠭᠰᠢ ᠶ᠋ᠢᠨ ᠬᠢᠴᠢᠶᠡᠯ ᠢ᠋ᠢᠠᠷ ᠳᠠᠮᠵᠢᠭᠤᠯᠤᠨ ᠳᠠᠷᠤᠯᠲᠠ ᠪᠠᠨ ᠬᠥᠩᠭᠡᠷᠡᠭᠦᠯᠬᠦ ᠂ ᠪᠠᠶᠠᠷ ᠬᠥᠷ ᠲᠡᠢ ᠠᠵᠢᠯᠯᠠᠬᠤ ᠠᠷᠭ᠎ᠠ ᠵᠠᠮ ᠵᠢ ᠰᠦᠪᠡᠭᠴᠢᠯᠡᠭᠰᠡᠨ ᠶᠤᠮ᠃ ᠰᠢᠭᠦᠬᠦ ᠬᠣᠷᠢᠶᠠᠨ ᠤ᠋ ᠺᠠᠲᠠᠷ ᠴᠠᠭᠳᠠᠭ᠎ᠠ ᠨᠠᠷ ᠤ᠋ᠨ ᠪᠣᠳᠠᠲᠠᠢ ᠠᠵᠢᠯ ᠤ᠋ᠨ ᠪᠠᠢᠳᠠᠯ ᠢ᠋ ᠦᠨᠳᠦᠰᠦᠯᠡᠨ ᠂ ᠰᠠᠷᠠᠨ᠎ᠠ ᠪᠠᠭᠰᠢ ᠳᠠᠷᠤᠯᠲᠠ ᠶ᠋ᠢ ᠪᠠᠭᠠᠰᠬᠠᠬᠤ ᠵᠦᠢ ᠵᠣᠬᠢᠰᠲᠠᠢ ᠰᠠᠨᠠᠭᠤᠯᠭ᠎ᠠ ᠳᠤᠷᠠᠳᠴᠤ ᠂ ᠺᠠᠲᠠᠷ ᠴᠠᠭᠳᠠᠭ᠎ᠠ ᠨᠠᠷ ᠢ᠋ ᠬᠥᠲᠥᠯᠦᠨ ᠵᠢᠯᠣᠭᠣᠳᠴᠤ ᠪᠡᠶ᠎ᠡ ᠰᠡᠳᠭᠢᠯ ᠢ᠋ᠶ᠋ᠡᠨ ᠠᠭᠤᠵᠢᠭᠤ ᠲᠠᠯᠪᠢᠵᠤ ᠂ ᠬᠠᠮᠤᠭ ᠤ᠋ᠨ ᠰᠠᠢᠨ ᠪᠠᠢᠳᠠᠯ ᠢ᠋ᠶ᠋ᠠᠷ ᠠᠵᠢᠯ ᠳ᠋ᠤ ᠤᠷᠤᠯᠴᠠᠬᠤ ᠵᠢ ᠤᠬᠠᠭᠤᠯᠤᠭᠰᠠᠨ ᠪᠠᠢᠨ᠎ᠠ᠃
ᠭᠤᠷᠪᠠᠳᠤᠭᠠᠷ ᠡᠳᠦᠷ
ᠬᠠᠮᠲᠤ ᠶ᠋ᠢᠨ ᠰᠡᠳᠭᠢᠴᠡ ᠵᠢ ᠬᠠᠪᠰᠤᠷᠤᠨ ᠵᠢᠯᠣᠭᠣᠳᠬᠤ ᠭᠣᠣᠯ ᠰᠡᠳᠦᠪ ᠄ ᠨᠡᠢᠭᠡᠮ ᠦ᠋ᠨ ᠳᠡᠮᠵᠢᠯᠭᠡ ᠶ᠋ᠢ ᠴᠢᠩᠭᠠᠳᠭᠠᠵᠤ ᠂ ᠰᠡᠳᠭᠢᠴᠡ ᠶ᠋ᠢᠨ ᠡᠷᠡᠭᠦᠯ ᠮᠡᠨᠳᠦ ᠶ᠋ᠢ ᠨᠡᠮᠡᠭᠳᠡᠭᠦᠯᠦᠨ᠎ᠡ ᠃ᠰᠢᠪᠠᠭ᠎ᠠ ᠰᠤᠭᠤᠯᠬᠤ ᠪᠡᠷ ᠳᠠᠮᠵᠢᠭᠤᠯᠤᠨ ᠳᠤᠭᠤᠢᠯᠠᠩ ᠬᠤᠪᠢᠶᠠᠵᠤ ᠳᠤᠭᠤᠢᠯᠠᠩ ᠤ᠋ᠨ ᠳᠠᠷᠤᠭ᠎ᠠ ᠶ᠋ᠢ ᠰᠣᠩᠭᠣᠨ ᠭᠠᠷᠭᠠᠬᠤ ᠶ᠋ᠢᠨ ᠬᠠᠮᠲᠤ ᠳᠤᠭᠤᠢᠯᠠᠩ ᠤ᠋ᠨ ᠲᠣᠭᠲᠠᠭᠠᠯ ᠢ᠋ ᠲᠣᠭᠲᠠᠭᠠᠵᠤ ᠂ ᠳᠠᠷᠠᠭ᠎ᠠ ᠨᠢ ᠪᠦᠯᠬᠦᠮ ᠢ᠋ᠢᠠᠷ ᠨᠢᠭᠡᠴᠢ ᠪᠣᠯᠭᠠᠨ ᠲᠣᠭᠯᠠᠭᠠᠮ ᠬᠢᠵᠦ᠂ ᠵᠢᠷᠤᠭ ᠵᠢᠷᠤᠨ᠎ᠠ ᠃ ᠰᠠᠷᠠᠨ᠎ᠠ ᠪᠠᠭᠰᠢ ᠺᠠᠲᠠᠷ ᠴᠠᠭᠳᠠᠭ᠎ᠠ ᠨᠢᠭᠡᠪᠦᠷᠢ ᠶ᠋ᠢᠨ ᠵᠢᠷᠤᠭᠰᠠᠨ ᠵᠢᠷᠤᠭ ᠢ᠋ ᠦᠨᠳᠦᠰᠦᠯᠡᠨ᠂ ᠠᠭᠤᠯᠤᠭᠳᠠᠵᠤ ᠪᠠᠢᠭ᠎ᠠ ᠰᠡᠳᠭᠢᠴᠡ ᠶ᠋ᠢᠨ ᠳᠠᠯᠳᠠ ᠤᠬᠠᠮᠰᠠᠷ ᠲᠤ ᠭᠦᠨᠵᠡᠭᠡᠢ ᠵᠠᠳᠠᠯᠤᠯᠲᠠ ᠬᠢᠵᠦ᠂ ᠴᠠᠭᠳᠠᠭ᠎ᠠ ᠨᠠᠷ ᠲᠤ᠌ ᠥᠪᠡᠷ ᠦ᠋ᠨ ᠡᠵᠡᠮᠰᠢᠵᠦ ᠪᠠᠢᠭ᠎ᠠ ᠨᠡᠢᠭᠡᠮ ᠦ᠋ᠨ ᠳᠡᠮᠵᠢᠯᠭᠡ ᠶ᠋ᠢᠨ ᠡᠬᠢ ᠪᠠᠶᠠᠯᠢᠭ ᠤ᠋ᠨ ᠲᠤᠬᠠᠢ ᠣᠢᠯᠠᠭᠠᠭᠤᠯᠵᠤ᠂ ᠠᠮᠢᠳᠤᠷᠠᠯ ᠳᠤᠮᠳᠠ ᠪᠢᠳᠡ ᠶᠡᠷᠦ ᠨᠢ ᠭᠠᠭᠴᠠᠭᠠᠷ ᠢ᠋ᠶ᠋ᠠᠨ ᠬᠦᠴᠢᠷᠳᠡᠯ ᠳ᠋ᠦ᠍ ᠲᠤᠯᠭᠠᠷᠠᠭᠰᠠᠨ ᠪᠢᠰᠢ᠂ ᠪᠠᠰᠠ ᠮᠠᠰᠢ ᠣᠯᠠᠨ ᠳᠠᠭᠤᠨ ᠦᠭᠡᠢ ᠪᠡᠷ ᠪᠢᠳᠡᠨ ᠳ᠋ᠦ᠍ ᠬᠠᠨᠢ ᠪᠣᠯᠵᠤ ᠪᠠᠢᠭ᠎ᠠ ᠬᠥᠮᠦᠰ ᠪᠠᠢᠨ᠎ᠠ᠃ ᠡᠢᠮᠦ ᠠ᠋ᠴᠠ ᠰᠡᠳᠭᠢᠴᠡ ᠪᠠᠨ ᠰᠠᠢᠲᠤᠷ ᠬᠠᠮᠠᠭᠠᠯᠠᠵᠤ᠂ ᠰᠡᠳᠬᠢᠴᠠ ᠵᠢᠨ ᠡᠷᠡᠭᠦᠯ ᠮᠡᠨᠳᠦ ᠪᠠᠨ ᠳᠡᠭᠡᠭᠰᠢᠯᠡᠭᠦᠯᠵᠦ᠂ᠠᠮᠢᠳᠤᠷᠠᠯ ᠤ᠋ᠨ ᠵᠣᠬᠢᠴᠠᠯ ᠢ᠋ᠢᠡᠨ ᠰᠠᠢᠵᠢᠷᠠᠭᠤᠯᠵᠤ᠂ ᠪᠠᠶᠠᠷ ᠵᠢᠷᠭᠠᠯ ᠤ᠋ᠨ ᠲᠥᠷᠦᠭᠳᠡᠯ ᠢ᠋ᠢᠡᠨ ᠨᠡᠮᠡᠭᠳᠡᠭᠦᠯᠬᠦ ᠪᠡᠷ ᠴᠢᠷᠮᠠᠢᠨ᠎ᠠ᠃
ᠰᠠᠷᠠᠨ᠎ᠠ ᠪᠠᠭᠰᠢ ᠶ᠋ᠢᠨ ᠤᠳᠤᠷᠢᠳᠤᠯᠭ᠎ᠠ ᠳᠣᠣᠷ᠎ᠠ ᠂ ᠣᠯᠠᠨ ᠢ᠋ᠶ᠋ᠠᠷ ᠢ᠋ᠶ᠋ᠠᠨ ᠨᠢᠭᠡᠨ ᠤᠳᠠᠭᠠᠨ ᠤ᠋ ᠰᠡᠳᠭᠢᠯ ᠦ᠋ᠨ ᠠᠶᠠᠯᠠᠯ ᠬᠢᠵᠦ ᠂ ᠵᠠᠪᠰᠠᠷᠳᠠᠯ ᠢ᠋ ᠦᠭᠡᠢᠰᠭᠡᠨ ᠂ ᠥᠪᠡᠷ ᠢ᠋ ᠪᠡᠨ ᠢᠯᠡᠳᠭᠡᠵᠦ ᠂ ᠰᠡᠳᠭᠢᠯ ᠦ᠋ᠨ ᠵᠣᠪᠠᠯᠠᠩ ᠢ᠋ᠶ᠋ᠠᠨ ᠲᠣᠭᠠᠴᠢᠵᠤ᠂ ᠡᠩ ᠦ᠋ᠨ ᠦᠶ᠎ᠡ ᠳ᠋ᠤ᠌ ᠬᠠᠮᠲᠤ ᠠᠵᠢᠯᠲᠠᠨ ᠤ᠋ ᠪᠠᠨ ᠡᠮᠦᠨ᠎ᠡ ᠢᠯᠡᠷᠡᠵᠦ ᠥᠩᠭᠡᠷᠡᠭᠦᠯᠦᠭᠡ ᠦᠭᠡᠢ ᠤᠷᠮ᠎ᠠ ᠰᠡᠳᠭᠢᠯᠭᠡ ᠢ᠋ᠢᠡᠨ ᠤᠷᠤᠰᠭᠠᠭᠰᠠᠨ ᠶᠤᠮ ᠁ ᠨᠢᠭᠡ ᠪᠦᠯᠦᠭ ᠴᠠᠭᠳᠠᠭ᠎ᠠ ᠠᠬᠤᠢ ᠲᠠᠯᠠᠪᠠᠢ ᠳ᠋ᠤ᠌ ᠥᠪᠡᠷ ᠦ᠋ᠨ ᠰᠡᠳᠭᠢᠯ ᠦ᠋ᠨ ᠵᠣᠪᠠᠭᠤᠷᠢ ᠪᠠᠨ ᠨᠢᠯᠪᠤᠰᠤ ᠤᠷᠤᠰᠭᠠᠨ ᠬᠡᠯᠡᠭᠰᠡᠨ ᠶᠤᠮ ᠃ᠨᠢᠭᠡ ᠴᠠᠭᠳᠠᠭ᠎ᠠ ᠠᠬᠤᠢ ᠲᠠᠯᠠᠪᠠᠢ ᠳ᠋ᠤ᠌ ᠬᠡᠯᠡᠭᠰᠡᠨ ᠨᠢ ᠄ ᠡᠷ᠎ᠡ ᠬᠥᠮᠦᠨ ᠪᠣᠯᠤᠭᠰᠠᠨ ᠴᠤ ᠂ ᠳᠤᠭᠤᠢᠯᠠᠩ ᠤ᠋ᠨ ᠭᠡᠰᠢᠭᠦᠳ ᠦ᠋ᠨ ᠦᠯᠢᠭᠡᠷ ᠢ᠋ ᠰᠣᠨᠤᠰᠤᠭᠠᠳ ᠥᠪᠡᠷ ᠤ᠋ᠨ ᠡᠷᠬᠡ ᠦᠬᠡᠷ ᠤᠶᠠᠷᠠᠭᠰᠠᠨ ᠪᠢᠯᠡ᠃ ᠭᠤᠷᠪᠠᠨ ᠡᠳᠦᠷ ᠦ᠋ᠨ ᠪᠣᠯᠪᠠᠰᠤᠷᠠᠯ ᠢ᠋ᠶ᠋ᠠᠷ ᠳᠠᠮᠵᠢᠭᠤᠯᠤᠨ᠂ ᠣᠯᠠᠨ ᠢ᠋ᠶ᠋ᠠᠷ ᠢ᠋ᠶ᠋ᠠᠨ ᠥᠪᠡᠷ ᠦ᠋ᠨ ᠳᠣᠲᠣᠭᠠᠳᠤ ᠰᠡᠳᠭᠢᠯ ᠢ᠋ᠶ᠋ᠡᠨ ᠨᠡᠩ ᠭᠦᠨᠵᠡᠭᠡᠢ ᠣᠢᠯᠠᠭᠠᠵᠤ ᠂ ᠥᠪᠡᠷ ᠦ᠋ᠨ ᠳᠠᠪᠠᠭᠤᠯᠢᠭ ᠲᠠᠯ᠎ᠠ ᠪᠠ ᠬᠦᠷᠦᠯᠴᠡᠬᠦ ᠦᠭᠡᠢ ᠲᠠᠯ᠎ᠠ ᠪᠠᠨ ᠣᠯᠵᠤ ᠣᠢᠯᠠᠭᠠᠨ ᠂ ᠮᠠᠰᠢ ᠤᠯᠠᠨ ᠤᠴᠢᠷ ᠲᠤ ᠭᠦᠨ ᠲᠥᠷᠦᠭᠳᠡᠯ ᠲᠠᠢ ᠪᠣᠯᠤᠭᠰᠠᠨ ᠶᠤᠮ᠃ ᠬᠥᠳᠡᠯᠭᠡᠭᠡᠨ ᠳ᠋ᠤ ᠣᠷᠤᠯᠴᠠᠭᠰᠠᠨ ᠴᠠᠭᠳᠠᠭ᠎ᠠ ᠨᠠᠷ ᠬᠣᠢᠰᠢᠳᠠ ᠨᠡᠩ ᠬᠠᠨᠤᠮᠵᠢᠲᠠᠢ ᠣᠶᠤᠨ ᠰᠠᠨᠠᠭᠠᠨ ᠤ᠋ ᠪᠠᠢᠳᠠᠯ ᠢ᠋ᠶ᠋ᠠᠷ ᠠᠵᠢᠯ ᠤ᠋ᠨ ᠳᠤᠮᠳᠠ ᠣᠷᠣᠵᠤ ᠂ ᠠᠷᠠᠳ ᠣᠯᠠᠨ ᠳ᠋ᠤ᠌ ᠨᠡᠩ ᠰᠠᠢᠨ ᠦᠢᠯᠡᠴᠢᠯᠡᠭᠡ ᠬᠠᠩᠭᠠᠨ᠎ᠠ ᠭᠡᠮᠡᠨ ᠵᠣᠷᠢᠭ ᠢ᠋ᠢᠡᠨ ᠢᠯᠡᠳᠭᠡᠭᠰᠡᠨ ᠪᠠᠢᠨ᠎ᠠ᠃
ᠦᠨᠡᠯᠡᠬᠦ 0ᠦᠨᠡᠯᠡᠯᠲᠡ ᠲᠠᠢ