ᠬᠣᠶᠠᠳᠤᠭᠠᠷ ᠨᠠᠮ ᠤ᠋ᠨ ᠡᠭᠦᠷ ᠦ᠋ᠨ 《 ᠨᠢᠭᠡ ᠶ᠋ᠢ ᠰᠤᠷᠴᠤ ᠬᠣᠶᠠᠷ ᠢ᠋ ᠬᠦᠷᠭᠡᠬᠦ 》 ᠬᠠᠯᠠᠭᠤᠨ ᠳᠣᠲᠣᠨᠣ ᠬᠠᠢᠷ᠎ᠠ  ᠬᠠᠯᠠᠮᠵᠢ  ᠬᠦᠷᠭᠡᠨ  ᠬᠢᠵᠢᠭ᠌  ᠲᠡᠢ  ᠲᠡᠮᠡᠴᠡᠭᠰᠡᠨ  ᠨᠢ
2020.03.23 ᠲᠣᠰ ᠥᠷᠲᠡᠭᠡᠨ ᠦ ᠨᠠᠢᠷᠠᠭᠤᠯᠤᠭᠴᠢ

       3 ᠰᠠᠷ᠎ᠠ ᠶ᠋ᠢᠨ 13 ᠤ᠋ ᠡᠳᠦᠷ ᠦ᠋ᠨ ᠦᠳᠡ ᠶ᠋ᠢᠨ ᠡᠮᠦᠨ᠎ᠡ ᠂ ᠬᠣᠲᠠ ᠶ᠋ᠢᠨ ᠳᠤᠮᠳᠠ  ᠵᠡᠷᠭᠡ  ᠢ᠋ᠢᠨ ᠰᠢᠭᠦᠬᠦ  ᠬᠤᠷᠢᠶ᠎ᠡ  ᠶ᠋ᠢᠨ ᠬᠣᠶᠠᠳᠤᠭᠠᠷ ᠨᠠᠮ ᠤ᠋ᠨ ᠡᠭᠦᠷ 《 ᠨᠢᠭᠡ ᠶ᠋ᠢ ᠰᠤᠷᠴᠤ ᠬᠣᠶᠠᠷ ᠢ᠋ ᠬᠦᠷᠭᠡᠬᠦ 》 ᠭᠣᠣᠯ ᠰᠡᠳᠦᠪᠲᠦ ᠨᠠᠮ ᠤ᠋ᠨ ᠡᠳᠦᠷ ᠦ᠋ᠨ ᠠᠵᠢᠯᠯᠠᠭ᠎ᠠ ᠶ᠋ᠢ ᠥᠷᠨᠢᠭᠦᠯᠵᠦ ᠂ ᠨᠠᠮ ᠤ᠋ᠨ ᠡᠭᠦᠷ ᠦ᠋ᠨ ᠬᠠᠢᠷ᠎ᠠ ᠬᠠᠯᠠᠮᠵᠢ ᠶ᠋ᠢ ᠳᠠᠮᠵᠢᠭᠤᠯᠵᠤ ᠂ ᠬᠢᠵᠢᠭ᠌ ᠲᠡᠢ  ᠲᠡᠮᠡᠴᠡᠨ ᠤᠷᠢᠬᠠᠨ ᠬᠠᠪᠤᠷ ᠢ᠋ ᠤᠭᠲᠤᠵᠠᠢ ᠃

      ᠨᠢᠭᠡ ᠳ᠋ᠦ᠍ ᠨᠠᠮ ᠤ᠋ᠨ ᠡᠭᠦᠷ ᠦ᠋ᠨ ᠱᠦᠵᠢ ᠯᠢ ᠱᠣᠣ ᠢ ᠨᠥᠬᠥᠷ ᠬᠣᠶᠠᠳᠤᠭᠠᠷ ᠨᠠᠮ ᠤ᠋ᠨ ᠡᠭᠦᠷ ᠦ᠋ᠨ ᠪᠦᠬᠦ ᠨᠠᠮ ᠤ᠋ᠨ  ᠭᠡᠰᠢᠭᠦᠨ ᠢ᠋ ᠳᠠᠭᠠᠭᠤᠯᠤᠨ ᠂  ᠰᠢ ᠵᠢᠨ ᠫᠢᠩ ᠦ᠋ᠨ ᠤᠯᠤᠰ ᠢ᠋ ᠵᠠᠰᠠᠵᠤ ᠵᠠᠰᠠᠭ ᠤ᠋ᠨ ᠶᠠᠪᠤᠳᠠᠯ ᠢ᠋ ᠡᠷᠬᠢᠯᠡᠬᠦ ᠣᠨᠣᠯ ᠵᠢᠴᠢ  ᠬᠢᠵᠢᠭ᠌  ᠢ᠋ ᠰᠡᠷᠭᠡᠢᠯᠡᠨ ᠬᠢᠵᠠᠭᠠᠷᠯᠠᠬᠤ ᠬᠤᠷᠠᠯ ᠳᠡᠭᠡᠷᠡᠬᠢ ᠶᠠᠷᠢᠶ᠎ᠠ ᠶ᠋ᠢ ᠬᠢᠨᠠᠮᠠᠭᠠᠢ ᠰᠤᠷᠤᠯᠴᠠᠵᠠᠢ ᠃ ᠯᠢ ᠱᠣᠣ ᠢ ᠴᠢᠬᠤᠯᠠᠴᠢᠯᠠᠭᠰᠠᠨ ᠨᠢ ᠂ ᠪᠦᠬᠦ ᠨᠠᠮ ᠤ᠋ᠨ   ᠭᠡᠰᠢᠭᠦᠨ  ᠡᠷᠬᠡᠪᠰᠢ  ᠬᠢᠵᠢᠭ᠌ ᠦ᠋ᠨ ᠪᠠᠢᠳᠠᠯ ᠢ᠋ ᠰᠡᠷᠭᠡᠢᠯᠡᠨ ᠡᠵᠡᠮᠳᠡᠵᠦ ᠪᠠᠢᠭ᠎ᠠ ᠣᠳᠣᠬᠢ ᠪᠠᠢᠳᠠᠯ ᠲᠠᠢ ᠤᠶᠠᠯᠳᠤᠭᠤᠯᠤᠨ ᠂ ᠬᠣᠯᠪᠣᠭᠳᠠᠯ ᠪᠦᠬᠦᠢ  ᠪᠢᠴᠢᠭ᠌ ᠮᠠᠲ᠋ᠧᠷᠢᠶᠠᠯ ᠢ᠋ ᠭᠦᠨᠵᠡᠭᠡᠢ ᠰᠤᠷᠤᠯᠴᠠᠵᠤ ᠂ ᠤᠯᠤᠰ ᠲᠥᠷᠥ ᠶ᠋ᠢᠨ ᠵᠣᠭᠰᠣᠴᠠ ᠪᠠᠨ  ᠳᠡᠭᠡᠭᠰᠢᠯᠡᠭᠦᠯᠵᠦ᠂  ᠬᠢᠵᠢᠭ᠌ ᠦ᠋ᠨ ᠪᠠᠢᠳᠠᠯ ᠢ᠋ ᠰᠡᠷᠭᠡᠢᠯᠡᠨ ᠬᠣᠷᠢᠭᠯᠠᠬᠤ ᠳ᠋ᠤ᠌ ᠬᠤᠪᠢ  ᠪᠡᠶ᠎ᠡ ᠪᠡᠷ ᠲᠦᠷᠦᠭᠦᠯᠡᠵᠦ ᠂ ᠤᠯᠤᠰ ᠲᠥᠷᠥ ᠶ᠋ᠢᠨ ᠰᠤᠷᠤᠯᠴᠠᠯᠭ᠎ᠠ ᠳ᠋ᠤ᠌ ᠠᠩᠭᠢ  ᠠ᠋ᠴᠠ ᠪᠠᠨ ᠰᠠᠯᠬᠤ ᠥᠬᠡᠢ ᠂ ᠨᠠᠮ ᠤ᠋ᠨ   ᠭᠡᠰᠢᠭᠦᠨ  ᠦ᠌  ᠬᠣᠰᠢᠭᠤᠴᠢ ᠦᠢᠯᠡᠳᠦᠯ ᠢ᠋ᠶ᠋ᠡᠨ ᠪᠠᠳᠠᠷᠠᠭᠤᠯᠵᠤ ᠂ ᠦᠨᠳᠦᠰᠦᠨ ᠱᠠᠲᠤᠨ ᠤ᠋ ᠨᠠᠮ ᠤ᠋ᠨ ᠵᠣᠬᠢᠶᠠᠨ ᠪᠠᠢᠭᠤᠯᠤᠯᠲᠠ ᠶ᠋ᠢᠨ ᠳᠠᠢᠴᠢᠨ ᠪᠡᠬᠢᠯᠡᠯᠲᠡ ᠶ᠋ᠢᠨ ᠦᠢᠯᠡᠳᠦᠯ ᠢ᠋ ᠢᠳᠡᠪᠬᠢᠲᠡᠢ ᠪᠠᠳᠠᠷᠠᠭᠤᠯᠬᠤ ᠬᠡᠷᠡᠭᠲᠡᠢ ᠃

       ᠬᠣᠶᠠᠷ ᠲᠤ᠌ ᠂ ᠠᠭᠤᠰᠭᠢᠨ ᠦᠷᠪᠢᠰᠦᠯ ᠦ᠋ᠨ  ᠬᠢᠵᠢᠭ᠌  ᠦ᠋ᠨ ᠪᠠᠢᠳᠠᠯ ᠢ᠋ ᠰᠡᠷᠭᠡᠢᠯᠡᠨ ᠬᠣᠷᠢᠭᠯᠠᠬᠤ ᠶ᠋ᠢᠨ ᠲᠥᠯᠥᠭᠡ ᠂ ᠨᠢᠭᠡ ᠬᠤᠪᠢ ᠬᠠᠢᠷ᠎ᠠ ᠬᠠᠯᠠᠮᠵᠢ ᠬᠦᠷᠭᠡᠨ᠎ᠡ ᠃ ᠬᠣᠶᠠᠳᠤᠭᠠᠷ ᠨᠠᠮ ᠤ᠋ᠨ ᠡᠭᠦᠷ ᠨᠢ ᠪᠠᠢᠭᠤᠯᠭ᠎ᠠ ᠶ᠋ᠢᠨ ᠨᠠᠮ ᠤ᠋ᠨ ᠬᠣᠷᠢᠶᠠᠨ ᠤ᠋ ᠱᠠᠭᠠᠷᠳᠠᠯᠭ᠎ᠠ ᠶᠣᠰᠣᠭᠠᠷ᠂ ᠡᠨᠡ ᠤᠳᠠᠭᠠᠨ ᠤ᠋ ᠭᠣᠣᠯ ᠰᠡᠳᠦᠪᠲᠦ ᠨᠠᠮ ᠤ᠋ᠨ ᠡᠳᠦᠷ ᠦ᠋ᠨ ᠠᠵᠢᠯᠯᠠᠭ᠎ᠠ ᠳᠤᠮᠳᠠ ᠨᠠᠮ ᠤ᠋ᠨ  ᠭᠡᠰᠢᠭᠦᠨ ᠢ᠋ ᠵᠣᠬᠢᠶᠠᠨ ᠪᠠᠢᠭᠤᠯᠤᠨ ᠵᠣᠭᠣᠰ ᠬᠠᠨᠳᠢᠪᠯᠠᠨ᠎ᠠ᠃ ᠲᠤᠰ ᠤᠳᠠᠭᠠᠨ ᠤ᠋ ᠵᠣᠭᠣᠰ ᠬᠠᠨᠳᠢᠪᠯᠠᠬᠤ ᠠᠵᠢᠯᠯᠠᠭ᠎ᠠ ᠨᠢ ᠨᠠᠮ ᠤ᠋ᠨ  ᠭᠡᠰᠢᠭᠦᠳ ᠦ᠋ᠨ ᠬᠦᠰᠡᠯ ᠡᠷᠡᠮᠡᠯᠵᠡᠯ ᠢ᠋ ᠬᠦᠨᠳᠦᠳᠭᠡᠨ ᠂ ᠰᠠᠢᠨ ᠳᠤᠷ᠎ᠠ ᠠ᠋ᠴᠠ ᠪᠠᠨ ᠪᠠᠢᠬᠤ ᠵᠠᠷᠴᠢᠮ ᠢ᠋ᠶ᠋ᠠᠷ ᠶᠠᠪᠤᠭᠳᠠᠵᠤ ᠂ ᠡᠭᠦᠷ ᠦ᠋ᠨ ᠱᠦᠵᠢ ᠪᠡᠶ᠎ᠡ ᠪᠡᠷ ᠢ᠋ᠶ᠋ᠡᠨ ᠲᠦᠷᠦᠭᠦᠯᠡᠨ ᠵᠣᠭᠣᠰ ᠲᠤᠰᠠᠯᠠᠵᠤ ᠂ ᠡᠭᠦᠷ ᠦ᠋ᠨ ᠨᠠᠮ ᠤ᠋ᠨ  ᠭᠡᠰᠢᠭᠦᠨ ᠪᠦᠭᠦᠳᠡᠭᠡᠷ ᠢ᠋ᠶ᠋ᠡᠨ ᠰᠠᠢᠨ ᠳᠤᠷ᠎ᠠ ᠠ᠋ᠴᠠ ᠪᠠᠨ ᠵᠣᠭᠣᠰ ᠬᠠᠨᠳᠢᠪᠯᠠᠬᠤ ᠠᠵᠢᠯᠯᠠᠭ᠎ᠠ ᠳ᠋ᠤ᠌ ᠢᠳᠡᠪᠬᠢᠲᠡᠢ ᠣᠷᠣᠯᠴᠠᠵᠤ ᠂ ᠨᠡᠢᠲᠡ 2050 ᠲᠥᠭᠥᠷᠢᠭ ᠵᠣᠭᠣᠰ ᠲᠤᠰᠠᠯᠠᠵᠤ ᠂  ᠬᠢᠵᠢᠭ᠌  ᠢ᠋ ᠰᠡᠷᠭᠡᠢᠯᠡᠨ ᠬᠢᠵᠠᠭᠠᠷᠯᠠᠬᠤ ᠠᠵᠢᠯ ᠳ᠋ᠤ᠌ ᠥᠪᠡᠷ ᠦ᠋ᠨ ᠨᠢᠭᠡ ᠬᠤᠪᠢ ᠬᠦᠴᠦᠨ ᠪᠠ ᠬᠠᠢᠷ᠎ᠠ ᠰᠡᠳᠭᠢᠯ ᠢ᠋ᠶ᠋ᠡᠨ ᠨᠡᠮᠡᠷᠢᠯᠡᠭᠰᠡᠨ ᠪᠠᠢᠨ᠎ᠠ ᠃

       ᠭᠤᠷᠪᠠ ᠳ᠋ᠤ᠌ ᠭᠤᠷᠪᠠᠳᠤᠭᠠᠷ ᠰᠠᠷ᠎ᠠ ᠳ᠋ᠤ᠌ ᠨᠠᠮ ᠳ᠋ᠤ᠌ ᠣᠷᠣᠭᠰᠠᠨ 2 ᠨᠠᠮ ᠤ᠋ᠨ  ᠭᠡᠰᠢᠭᠦᠨ ᠦ᠌ 《 ᠤᠯᠤᠰ ᠲᠥᠷᠥ ᠶ᠋ᠢᠨ ᠮᠡᠨᠳᠦᠯᠡᠭᠰᠡᠨ ᠡᠳᠦᠷ 》  ᠢ᠋ ᠪᠡᠯᠡᠭᠯᠡᠪᠡ ᠃ ᠪᠠᠢᠭᠠᠯᠢ ᠶ᠋ᠢᠨ ᠲᠥᠷᠥᠭᠰᠡᠨ ᠡᠳᠦᠷ ᠢ᠋ ᠳᠤᠷᠠᠰᠭᠠᠬᠤ ᠨᠢ ᠠᠮᠢ ᠨᠠᠰᠤ ᠶ᠋ᠢ ᠨᠠᠨᠳᠢᠩᠨᠠᠬᠤ ᠪᠠ᠎ ᠬᠦᠨᠳᠦᠳᠭᠡᠬᠦ ᠶᠠᠪᠤᠳᠠᠯ ᠪᠣᠯᠤᠨ᠎ᠠ ᠂ 《 ᠤᠯᠤᠰ ᠲᠥᠷᠥ ᠶ᠋ᠢᠨ ᠲᠥᠷᠥᠭᠰᠡᠨ ᠡᠳᠦᠷ 》 ᠢ᠋ ᠳᠤᠷᠠᠰᠭᠠᠬᠤ ᠨᠢ ᠨᠠᠮ ᠢ᠋ᠶ᠋ᠠᠨ ᠬᠠᠢᠷᠠᠯᠠᠬᠤ ᠪᠠ ᠦᠨᠡᠨᠴᠢ  ᠰᠢᠳᠤᠷᠭᠤ ᠶᠠᠪᠤᠳᠠᠯ ᠪᠣᠯᠤᠨ᠎ᠠ ᠃《 ᠬᠣᠶᠠᠳᠤᠭᠠᠷ ᠨᠠᠮ ᠤ᠋ᠨ ᠡᠭᠦᠷ  ᠵᠦ ᠦ᠋ ᠯᠢᠨ ᠢ ᠨᠥᠬᠥᠷ ᠂ ᠾᠧ ᠴᠦ᠍ ᠬᠠᠨ ᠨᠥᠬᠥᠷ ᠦ᠋ᠨ ᠤᠯᠤᠰ ᠲᠥᠷᠥ ᠶ᠋ᠢᠨ ᠮᠡᠨᠳᠦᠯᠡᠭᠰᠡᠨ ᠡᠳᠦᠷ ᠦ᠋ᠨ ᠪᠠᠶᠠᠷ  ᠢ᠋ ᠪᠡᠯᠭᠡᠯᠡᠶ᠎ᠡ》 ! ᠯᠢ ᠱᠣᠣ ᠢ ᠪᠠᠢᠭᠤᠯᠤᠯᠭ᠎ᠠ ᠶ᠋ᠢᠨ ᠨᠠᠮ ᠤ᠋ᠨ ᠬᠣᠷᠢᠶᠠᠨ ᠤ᠋ ᠬᠣᠶᠠᠷ ᠨᠥᠬᠥᠷ ᠲᠦ᠍ ᠪᠡᠯᠡᠳᠭᠡᠭᠰᠡᠨ ᠲᠥᠷᠥᠭᠰᠡᠨ ᠡᠳᠦᠷ ᠦ᠋ᠨ ᠪᠡᠯᠡᠭ ᠢ᠋  ᠰᠢᠯᠵᠢᠭᠦᠯᠦᠨ  ᠲᠤᠰᠢᠶᠠᠵᠤ᠂ ᠬᠣᠶᠠᠷ ᠨᠥᠬᠥᠷ ᠲᠤᠰ ᠲᠤᠰ ᠲᠥᠷᠥᠭᠰᠡᠨ ᠡᠳᠦᠷ ᠦ᠋ᠨ ᠲᠥᠷᠥᠭᠳᠡᠯ ᠢ᠋ᠶ᠋ᠡᠨ ᠶᠠᠷᠢᠪᠠ᠂ ᠡᠨᠡ ᠪᠣᠯ ᠨᠠᠮ ᠳ᠋ᠤ᠌ ᠣᠷᠣᠭᠰᠠᠨ ᠠ᠋ᠴᠠ  ᠨᠠᠰᠢᠬᠢ ᠠᠩᠬ᠎ᠠ ᠤᠳᠠᠭ᠎ᠠ ᠵᠣᠬᠢᠶᠠᠨ ᠪᠠᠢᠭᠤᠯᠤᠯᠲᠠ ᠪᠠᠷ ᠥᠪᠡᠷ ᠦ᠋ᠨ 《 ᠤᠯᠤᠰ ᠲᠥᠷᠥ ᠶ᠋ᠢᠨ ᠲᠥᠷᠥᠭᠰᠡᠨ ᠡᠳᠦᠷ ᠦ᠋ᠨ ᠪᠠᠶᠠᠷ 》 ᠢ᠋ᠶ᠋ᠠᠷ ᠳᠠᠮᠵᠢᠨ ᠂ ᠨᠠᠮ ᠤ᠋ᠨ  ᠭᠡᠰᠢᠭᠦᠨ ᠦ᠌ ᠢᠷᠠᠭᠤ ᠠᠯᠳᠠᠷᠲᠤ ᠰᠡᠳᠭᠢᠯᠭᠡ ᠪᠠ ᠡᠭᠦᠷᠭᠡᠲᠦ ᠰᠡᠳᠭᠢᠯᠭᠡ ᠪᠡᠨ ᠦᠨᠡᠨ ᠬᠦ᠌ ᠴᠢᠩᠭᠠᠷᠠᠭᠤᠯᠵᠤ ᠂  ᠨᠠᠮ ᠤ᠋ᠨ ᠬᠦᠨᠳᠦ ᠨᠠᠢᠳᠠᠯᠭ᠎ᠠ ᠶ᠋ᠢ ᠯᠠᠪᠲᠠᠢ ᠬᠥᠰᠡᠷᠳᠡᠭᠦᠯᠬᠦ ᠦᠭᠡᠢ ᠪᠡᠷ ᠬᠦᠰᠡᠯᠡᠩ ᠢᠲᠡᠭᠡᠯ ᠵᠣᠷᠢᠭ ᠢ᠋ᠶ᠋ᠠᠨ ᠦᠷᠭᠦᠯᠵᠢᠯᠡᠨ ᠪᠠᠲᠤᠳᠭᠠᠵᠤ᠂ ᠨᠠᠮ ᠤ᠋ᠨ ᠵᠣᠷᠢᠯᠲᠠ ᠶ᠋ᠢ ᠦᠢᠯᠡᠳᠦᠯᠭᠡᠵᠢᠭᠦᠯᠵᠦ᠂ ᠬᠣᠰᠢᠭᠤᠴᠢ  ᠵᠢᠰᠢᠶᠡᠴᠢ ᠢ᠋ᠢᠨ ᠦᠢᠯᠡᠳᠦᠯ ᠢ᠋ ᠪᠠᠳᠠᠷᠠᠭᠤᠯᠵᠤ᠂ ᠨᠠᠮ ᠤ᠋ᠨ ᠦᠢᠯᠡᠰ ᠲᠦ᠍ ᠦᠷᠭᠦᠯᠵᠢᠯᠡᠨ  ᠰᠢᠨ᠎ᠡ ᠬᠤᠪᠢ ᠨᠡᠮᠡᠷᠢ ᠦᠵᠡᠭᠦᠯᠦᠨ᠎ᠡ᠃

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )