ᠣᠢᠷ᠎ᠠ ᠳᠤ ᠂ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠶᠢᠨ ᠮᠥᠩᠭᠥᠨ ᠭᠦᠢᠯᠭᠡᠭᠡᠨ ᠦ ᠰᠢᠭᠦᠨ ᠲᠠᠰᠤᠯᠤᠯᠲᠠ ᠶᠢᠨ ᠬᠠᠮᠲᠤᠷᠠᠨ ᠵᠥᠪᠯᠡᠬᠦ ᠲᠢᠩᠬᠢᠮ ᠤᠨ ᠰᠢᠭᠦᠬᠦ ᠲᠤᠰᠢᠶᠠᠯᠲᠠᠨ ᠵᠣᠣ ᠺᠠᠶ ᠂ ᠰᠢᠭᠦᠬᠦ ᠲᠤᠰᠢᠶᠠᠯᠲᠠᠨ ᠤ ᠲᠤᠰᠠᠯᠠᠭᠴᠢ ᠵᠠᠩ ᠱᠢ ᠰᠢᠤᠸᠠᠢ ᠤᠷᠢᠯᠭ᠎ᠠ ᠪᠠᠷ ᠣᠷᠳᠣᠰ ᠤᠨ ᠷᠠᠳᠢᠣ᠋ ᠲᠧᠯᠸᠢᠰ ᠬᠣᠷᠢᠶ᠎ᠠ ᠶᠢᠨ ᠬᠢᠲᠠᠳ ᠬᠡᠯᠡᠨ ᠦ ᠰᠣᠨᠢᠨ ᠮᠡᠳᠡᠭᠡᠨ ᠦ ᠶᠡᠷᠦᠩᠬᠡᠶᠢᠯᠡᠭᠰᠡᠨ ᠷᠠᠳᠢᠣ᠋ 《 ᠰᠢᠭᠤᠳ ᠨᠡᠪᠲᠡᠷᠡᠭᠦᠯᠬᠦ ᠬᠡᠯᠡᠯᠭᠡ 》ᠶᠢᠨ ᠪᠤᠯᠤᠩ ᠳᠤ ᠰᠠᠭᠠᠲᠠᠪᠠ ᠃ ᠬᠣᠶᠠᠷ ᠺᠠᠳ᠋ᠷ ᠴᠠᠭᠳᠠᠭ᠎ᠠ ᠰᠢᠭᠤᠳ ᠨᠡᠪᠲᠡᠷᠡᠭᠦᠯᠭᠡ ᠶᠢᠨ ᠶᠠᠪᠤᠴᠠ ᠳᠤ ᠰᠣᠨᠣᠰᠤᠭᠴᠢᠳ ᠤᠨ ᠬᠠᠤᠯᠢ ᠴᠠᠭᠠᠵᠠ ᠶᠢᠨ ᠯᠠᠪᠯᠠᠭ᠎ᠠ ᠳᠤ ᠨᠠᠷᠢᠨ ᠬᠢᠨᠠᠮᠠᠭᠠᠶ ᠬᠠᠷᠢᠭᠤᠯᠲᠠ ᠥᠭᠭᠦᠭᠰᠡᠨ ᠪᠥᠭᠡᠳ ᠮᠠᠯᠵᠢᠬᠤ ᠲᠠᠷᠢᠶᠠᠯᠠᠬᠤ ᠣᠷᠣᠨ ᠤ ᠮᠥᠩᠭᠥᠨ ᠭᠦᠢᠯᠭᠡᠭᠡᠨ ᠦ ᠵᠢᠭᠡᠯᠡᠯᠭᠡ ᠂ ᠢᠲᠡᠭᠡᠮᠵᠢ ᠶᠢᠨ ᠺᠠᠷᠲ ᠤᠨ ᠬᠡᠷᠡᠭᠯᠡᠯᠲᠡ ᠂ ᠳᠠᠭᠠᠭᠠᠯᠲᠠ ᠶᠢᠨ ᠠᠶᠤᠯ ᠲᠦᠭᠰᠢᠭᠦᠷᠢ ᠵᠢᠴᠢ ᠰᠡᠷᠭᠡᠶᠢᠯᠡᠯᠲᠡ ᠵᠡᠷᠭᠡ ᠮᠥᠩᠭᠥᠨ ᠭᠦᠢᠯᠭᠡᠭᠡᠨ ᠦ ᠬᠠᠤᠯᠢ ᠴᠠᠭᠠᠵᠠ ᠶᠢᠨ ᠮᠡᠳᠡᠯᠭᠡ ᠶᠢᠨ ᠲᠤᠬᠠᠢ ᠤᠬᠠᠭᠤᠯᠤᠨ ᠲᠠᠶᠢᠯᠪᠤᠷᠢᠯᠠᠪᠠ᠃
ᠦᠨᠡᠯᠡᠬᠦ 0ᠦᠨᠡᠯᠡᠯᠲᠡ᠎ᠲᠠᠢ