ᠪᠠᠢᠭᠤᠯᠭ᠎ᠠ ᠶᠢᠨ ᠨᠠᠮ ᠤ ᠬᠣᠷᠢᠶᠠᠨ ᠤ ᠲᠣᠬᠢᠷᠠᠭᠤᠯᠭ᠎ᠠ ᠶᠣᠰᠣᠭᠠᠷ᠂9 ᠰᠠᠷ᠎ᠠ ᠶᠢᠨ27 ᠤ ᠦᠳᠡ ᠶᠢᠨ ᠬᠣᠢᠨ᠎ᠠ᠂ ᠬᠣᠲᠠ ᠶᠢᠨ ᠰᠢᠭᠦᠬᠦ ᠬᠣᠷᠢᠶᠠᠨ ᠤ ᠨᠠᠢ᠍ᠮᠠᠳᠤᠭᠠᠷ ᠨᠠᠮ ᠤᠨ ᠡᠭᠦᠷ ᠨᠢ ᠲᠤᠰᠭᠠᠢ ᠲᠤᠰᠢᠶᠠᠯᠲᠠᠨ ᠱᠦᠵᠢ ᠸᠠᠩ ᡁᠢ ᠴᠸᠩ ᠨᠥᠬᠦᠷ ᠤᠨ ᠬᠥᠲᠦᠯᠦᠯ ᠳᠣᠣᠷ᠎ᠠ《 ᠭᠦᠢᠴᠡᠳᠬᠡᠬᠦ ᠰᠠᠬᠢᠯᠭ᠎ᠠ ᠪᠠᠲᠤ ᠬᠢᠷᠢ ᠲᠡᠩᠴᠡᠬᠦ》 ᠭᠡᠬᠦ ᠲᠤᠰᠭᠠᠢ ᠰᠡᠳᠦᠪᠲᠦ ᠰᠤᠳᠤᠯᠤᠨ ᠶᠠᠷᠢᠯᠴᠠᠬᠤ ᠬᠤᠷᠠᠯ ᠢ ᠬᠤᠷᠠᠯᠳᠤᠵᠤ᠂ ᠯᠢ ᠠᠢ ᠹᠸᠢ ᠳᠡᠳ᠋ ᠬᠣᠷᠢᠶᠠᠨ ᠳᠠᠷᠤᠭ᠎ᠠ ᠡᠩ ᠤᠨ ᠨᠠᠮ ᠤᠨ ᠬᠡᠰᠢᠭᠦᠨ ᠢᠶᠡᠷ ᠬᠤᠷᠠᠯ ᠳᠤ ᠣᠷᠤᠯᠴᠠᠨ᠂ ᠨᠠᠮ ᠤᠨ ᠡᠭᠦᠷ ᠡᠴᠡ ᠨᠡᠢᠲᠡ10 ᠨᠡᠷ᠎ᠡ ᠨᠠᠮ ᠤᠨ ᠬᠡᠰᠢᠭᠦᠨ ᠰᠤᠳᠤᠯᠤᠨ ᠶᠠᠷᠢᠯᠴᠠᠬᠤ ᠬᠥᠳᠡᠯᠭᠡᠭᠡᠨ ᠳᠤ ᠣᠷᠤᠯᠴᠠᠪᠠ᠃
ᠬᠤᠷᠠᠯ ᠳᠡᠭᠡᠷ᠎ᠡ᠂ ᠸᠠᠩ ᠱᠦᠵᠢ ᠡᠴᠡ ᠶᠠᠭᠤᠨ ᠤ ᠤᠷᠢᠳ ᠲᠤᠰ ᠤᠳᠠᠭᠠᠨ ᠤ ᠲᠤᠰᠭᠠᠢ ᠰᠡᠳᠦᠪᠲᠦ ᠬᠤᠷᠠᠯᠳᠤᠭᠠᠨ ᠢ ᠬᠤᠷᠠᠯᠳᠤᠭᠰᠠᠨ ᠲᠤᠬᠠᠢ ᠳᠤᠬᠢᠷᠠᠭᠤᠯᠤᠯᠲᠠ ᠵᠢᠴᠢ ᠰᠤᠳᠤᠯᠤᠨ ᠶᠠᠷᠢᠯᠴᠠᠬᠤ ᠬᠥᠳᠡᠯᠭᠡᠭᠡᠨ ᠤ ᠴᠢᠬᠤᠯᠠ ᠴᠢᠨᠠᠷ ᠢ ᠳᠥᠭᠦᠮ ᠢᠶᠡᠷ ᠲᠣᠳᠤᠷᠬᠠᠢᠯᠠᠨ᠂ ᠢᠷᠭᠡᠨ ᠤ ᠬᠡᠷᠡᠭ ᠢ ᠰᠢᠭᠦᠨ ᠳᠠᠰᠤᠯᠠᠬᠤ ᠭᠤᠷᠪᠠᠳᠤᠭᠠᠷ ᠪᠦᠯᠭᠦᠮ ᠤᠨ ᠰᠢᠭᠦᠭᠴᠢ ᠯᠢᠦ ᠱᠤᠸᠠᠨ ᠳ᠋ᠦᠩ ᠤᠯᠠᠨ ᠢ ᠳᠠᠭᠠᠭᠤᠯᠤᠨ ᠲᠥᠪ ᠤᠨ ᠨᠠᠢ᠍ᠮᠠᠨ ᠲᠥᠷᠦᠯ ᠤᠨ ᠳᠤᠭᠲᠠᠭᠠᠯ᠂ ᠥᠪᠡᠷᠲᠡᠭᠡᠨ ᠵᠠᠰᠠᠬᠤ ᠣᠷᠤᠨ ᠤ ᠨᠠᠮ ᠤᠨ ᠬᠣᠷᠢᠶᠠᠨ ᠤ28 ᠵᠤᠷᠪᠤᠰ ᠢᠵᠢ ᠪᠦᠷᠢᠳᠦᠭᠰᠡᠨ ᠳᠦᠷᠢᠮ ᠳᠤᠭᠲᠠᠭᠠᠯ ᠵᠢᠴᠢ ᠮᠠᠨ ᠤ ᠬᠣᠲᠠ ᠶᠢᠨ21 ᠵᠤᠷᠪᠤᠰ ᠪᠤᠲᠠᠲᠠᠢ ᠰᠠᠨᠠᠭᠤᠯᠭ᠎ᠠ ᠭᠤᠷᠪᠠᠨ ᠮᠠᠲ᠋ᠧᠷᠢᠶᠠᠯ ᠤᠨ ᠵᠣᠷᠢᠭ ᠰᠠᠨᠠᠭ᠎ᠠ ᠵᠢ ᠲᠠᠬᠢᠨ ᠰᠤᠷᠤᠯᠴᠠᠪᠠ᠃ ᠸᠠᠩ ᡁᠢ ᠴᠸᠩ ᠱᠦᠵᠢ ᠡᠴᠡ ᠭᠤᠷᠪᠠᠨ ᠮᠠᠲ᠋ᠧᠷᠢᠶᠠᠯ ᠤᠨ ᠵᠣᠷᠢᠭ ᠰᠠᠨᠠᠭ᠎ᠠ ᠨᠢ ᠮᠠᠨ ᠤ ᠨᠠᠮ ᠤᠨ ᠬᠡᠰᠢᠭᠦᠨ ᠨᠢᠭᠡᠪᠦᠷᠢ᠂ ᠺᠠᠲᠠᠷ ᠴᠠᠭᠳᠠᠭ᠎ᠠ ᠨᠢᠭᠡᠪᠦᠷᠢ ᠶᠢᠨ ᠠᠵᠢᠯ ᠠᠮᠢᠳᠤᠷᠠᠯ ᠲᠠᠢ ᠴᠥᠮ ᠨᠢᠭᠲᠠ ᠬᠠᠷᠢᠴᠠᠭ᠎ᠠ ᠲᠠᠢ ᠪᠠᠢᠵᠤ᠂ ᠮᠠᠨ ᠤ ᠡᠷᠬᠡᠪᠢᠰᠢ ᠵᠢᠷᠤᠮᠯᠠᠬᠤ ᠦᠢᠯᠡ ᠠᠵᠢᠯᠠᠯᠭᠠᠨ ᠤ ᠳᠦᠷᠢᠮᠵᠢᠯ ᠮᠥᠨ ᠭᠡᠵᠦ ᠴᠢᠬᠤᠯᠠᠴᠢᠯᠠᠪᠠ᠃ ᠵᠠᠯᠭᠠᠭᠠᠳ ᠬᠤᠷᠠᠯ ᠳᠤ ᠣᠷᠤᠯᠴᠠᠭᠰᠠᠨ ᠪᠥᠬᠦ ᠨᠠᠮ ᠤᠨ ᠬᠡᠰᠢᠭᠦᠳ《 ᠭᠦᠢᠴᠡᠳᠬᠡᠬᠦ ᠰᠠᠬᠢᠯᠭ᠎ᠠ ᠪᠠᠲᠤ ᠬᠢᠷᠢ ᠲᠡᠩᠴᠡᠬᠦ》 ᠵᠢ ᠬᠡᠷᠬᠢᠨ ᠪᠤᠲᠠᠲᠠᠢ ᠲᠤᠤᠱᠯᠠᠭᠤᠯᠬᠤ ᠡᠨᠡᠬᠦ ᠲᠤᠰᠭᠠᠢ ᠰᠡᠳᠦᠪ ᠤᠨ ᠣᠷᠴᠢᠨ ᠳᠤ ᠶᠠᠷᠢᠯᠴᠠᠭ᠎ᠠ ᠬᠢᠪᠡ᠃ ᠢᠷᠭᠡᠨ ᠤ ᠬᠡᠷᠡᠭ ᠢ ᠰᠢᠭᠦᠨ ᠳᠠᠰᠤᠯᠠᠬᠤ ᠭᠤᠷᠪᠠᠳᠤᠭᠠᠷ ᠪᠦᠯᠭᠦᠮ ᠤᠨ ᠪᠦᠯᠭᠦᠮ ᠤᠨ ᠳᠠᠷᠤᠭ᠎ᠠ ᠪᠢᠶᠠᠨ ᠰᠢᠶᠣᠣ ᠶᠠᠨ ᠨᠥᠬᠦᠷ ᠡᠴᠡ ᠨᠢᠭᠡ ᠨᠠᠮ ᠤᠨ ᠬᠡᠰᠢᠭᠦᠨ ᠰᠢᠭᠦᠭᠴᠢ ᠪᠣᠯᠤᠭᠰᠠᠨ ᠤ ᠬᠤᠪᠢ ᠳᠤ᠂ ᠨᠡᠩ ᠢᠯᠠᠩᠭᠤᠶ᠎ᠠ ᠴᠠᠭ ᠮᠥᠴᠡ ᠦᠭᠡᠢ ᠨᠠᠮ ᠤᠨ ᠰᠠᠬᠢᠯᠭ᠎ᠠ ᠪᠠᠲᠤ ᠵᠢ ᠴᠢᠩᠭ᠎ᠠ ᠵᠢᠷᠤᠮᠯᠠᠬᠤ ᠤᠬᠠᠮᠰᠠᠷᠲᠤ ᠴᠢᠨᠠᠷ᠂ ᠪᠠᠲᠤ ᠴᠢᠩᠭ᠎ᠠ ᠴᠢᠨᠠᠷ ᠲᠠᠢ ᠪᠠᠢᠵᠤ᠂ ᠨᠠᠮ ᠤᠨ ᠰᠠᠬᠢᠯᠭ᠎ᠠ ᠪᠠᠲᠤ ᠵᠢ ᠦᠨᠳᠦᠰᠦᠨ ᠳᠦᠷᠢᠮᠵᠢᠯ ᠢᠶᠡᠷ ᠦᠵᠡᠵᠦ᠂ ᠤᠯᠤᠰ ᠲᠥᠷᠦ ᠶᠢᠨ ᠲᠠᠯ᠎ᠠ ᠪᠡᠷ ᠬᠠᠷᠠᠯᠲᠠ ᠴᠢᠭᠯᠡᠯ ᠢᠶᠡᠨ ᠪᠠᠷᠢᠵᠤ᠂ ᠠᠵᠢᠯ ᠤᠨ ᠲᠠᠯ᠎ᠠ ᠪᠡᠷ ᠲᠥᠪ ᠭᠣᠣᠯᠴᠢ ᠡᠷᠬᠡ ᠲᠡᠭᠰᠢ ᠵᠢ ᠪᠠᠷᠢᠵᠤ᠂ ᠠᠮᠢᠲᠤᠷᠠᠯ ᠳᠤ ᠪᠡᠨ ᠨᠠᠷᠢᠨ ᠪᠠᠢᠳᠠᠯ ᠢ ᠪᠠᠷᠢᠬᠤ ᠬᠡᠷᠡᠭᠲᠠᠢ᠃ ᠨᠠᠮ ᠤᠨ ᠠᠷᠢᠭᠤᠨ ᠴᠢᠭᠡᠴᠢ ᠰᠠᠬᠢᠯᠭ᠎ᠠ ᠪᠠᠲᠤ᠂ ᠤᠯᠠᠨ ᠲᠦᠮᠡᠨ ᠤ ᠰᠠᠬᠢᠯᠭ᠎ᠠ ᠪᠠᠲᠤ᠂ ᠰᠢᠭᠦᠨ ᠳᠠᠰᠤᠯᠠᠬᠤ ᠰᠠᠬᠢᠯᠭ᠎ᠠ ᠪᠠᠲᠤ ᠪᠣᠯᠤᠨ ᠠᠮᠢᠳᠤᠷᠠᠯ ᠤᠨ ᠰᠠᠬᠢᠯᠭ᠎ᠠ ᠪᠠᠲᠤ ᠵᠢ ᠴᠢᠩᠭ᠎ᠠ ᠵᠢᠷᠤᠮᠯᠠᠨ᠂ ᠲᠡᠭᠦᠨ ᠤ ᠬᠦᠨᠳᠦᠵᠦ ᠪᠣᠯᠤᠰᠢ ᠦᠭᠡᠢ ᠬᠣᠷᠢᠭ᠎ᠠ ᠱᠤᠭᠤᠮ ᠢᠶᠡᠷ ᠦᠵᠡᠨ᠎ᠡ᠃ ᠡᠭᠦᠨ ᠤ ᠵᠡᠷᠭᠡᠪᠡᠷ᠂ ᠬᠤᠪᠢᠶᠠᠷᠢ ᠨᠠᠮ ᠤᠨ ᠡᠭᠦᠷ ᠤᠨ ᠪᠥᠬᠦ ᠨᠠᠮ ᠤᠨ ᠬᠡᠰᠢᠭᠦᠳ ᠲᠤ《 ᠪᠡᠶ᠎ᠡ ᠪᠡᠨ ᠴᠢᠩᠭ᠎ᠠ ᠱᠠᠭᠠᠷᠳᠠᠵᠤ᠂ ᠬᠡᠷᠡᠭ ᠪᠦᠬᠦᠨ ᠳᠤ ᠪᠤᠷᠤᠭᠤ ᠭᠠᠷᠬᠤ ᠦᠭᠡᠢ᠂ ᠬᠥᠮᠦᠨ ᠵᠢ ᠤᠴᠢᠷ ᠭᠠᠷᠬᠤ ᠦᠭᠡᠢ ᠪᠠᠢᠬᠤ》 ᠬᠠᠷᠠᠯᠲᠠ ᠳᠤ ᠬᠦᠷᠬᠦ ᠱᠠᠭᠠᠷᠳᠠᠯᠭ᠎ᠠ ᠳᠤᠷᠠᠳᠪᠠ᠃
ᠤᠯᠠᠨ ᠢᠶᠡᠷ ᠢᠶᠡᠨ ᠢᠯᠡᠳᠭᠡᠯ ᠬᠢᠵᠦ ᠳᠠᠭᠤᠰᠤᠭᠰᠠᠨ ᠤ ᠳᠠᠷᠠᠭ᠎ᠠ ᠠᠢ ᠹᠸᠢ ᠳᠡᠳ᠋ ᠬᠣᠷᠢᠶᠠᠨ ᠳᠠᠷᠤᠭ᠎ᠠ ᠲᠤᠰ ᠤᠳᠠᠭᠠᠨ ᠤ ᠰᠤᠳᠤᠯᠠᠨ ᠶᠠᠷᠢᠯᠴᠠᠭᠰᠠᠨ ᠲᠤᠰᠭᠠᠢ ᠰᠡᠳᠦᠪ ᠲᠤ ᠳᠥᠭᠦᠮ ᠢᠶᠡᠷ ᠬᠤᠷᠢᠶᠠᠩᠭᠤᠢᠯᠠᠯ ᠬᠢᠵᠦ᠂ ᠲᠤᠰ ᠤᠳᠠᠭᠠᠨ ᠤ ᠬᠥᠳᠡᠯᠭᠡᠭᠡᠨ ᠤ ᠴᠢᠬᠤᠯᠠ ᠴᠢᠨᠠᠷ ᠪᠠ ᠬᠡᠷᠡᠭᠴᠡᠭᠡᠲᠤ ᠴᠢᠨᠠᠷ ᠲᠤ ᠭᠦᠢᠴᠡᠳ ᠨᠤᠲᠠᠯᠤᠯᠲᠠ ᠬᠢᠵᠦ᠂ ᠨᠠᠢ᠍ᠮᠠᠳᠤᠭᠠᠷ ᠰᠠᠯᠪᠤᠷᠢ ᠨᠠᠮ ᠤᠨ ᠡᠭᠦᠷ ᠶᠢᠨ ᠬᠣᠢᠰᠢᠬᠢ ᠶᠢᠨ ᠠᠵᠢᠯ ᠳᠤ ᠮᠠᠰᠢ ᠶᠡᠬᠡ ᠡᠷᠡᠮᠵᠢᠯᠡᠯ ᠲᠠᠯᠪᠢᠵᠤ᠂ ᠡᠭᠦᠨ ᠡᠴᠡ ᠬᠣᠢᠰᠢ ᠰᠠᠯᠪᠤᠷᠢ ᠡᠭᠦᠷ ᠤᠨ ᠬᠥᠳᠡᠯᠭᠡᠭᠡᠨ ᠳᠤ ᠢᠳᠡᠪᠬᠢᠲᠠᠢ ᠣᠷᠤᠯᠴᠠᠨ᠎ᠠ ᠭᠡᠵᠦ ᠢᠯᠡᠷᠬᠡᠢᠯᠡᠪᠡ᠃ ᠬᠠᠮᠤᠭ ᠰᠡᠭᠦᠯ ᠳᠤ ᠨᠢ ᠸᠠᠩ ᡁᠢ ᠴᠸᠩ ᠱᠦᠵᠢ ᠡᠴᠡ ᠰᠠᠯᠪᠤᠷᠢ ᠡᠭᠦᠷ ᠤᠨ ᠪᠥᠬᠦ ᠨᠠᠮ ᠤᠨ ᠬᠡᠰᠢᠭᠦᠨ᠂ ᠺᠠᠲᠠᠷ ᠴᠠᠭᠳᠠᠭ᠎ᠠ ᠠᠵᠢᠯ ᠤᠨ ᠰᠠᠬᠢᠯᠭ᠎ᠠ ᠪᠠᠲᠤ ᠵᠢ ᠵᠣᠬᠢᠶᠠᠨ ᠪᠠᠢᠭᠤᠯᠬᠤ ᠵᠢ ᠴᠢᠩᠭᠠᠳᠬᠠᠬᠤ ᠬᠥᠳᠡᠯᠭᠡᠭᠡᠨ ᠢᠶᠡᠷ ᠳᠠᠰᠢᠷᠠᠮ ᠪᠣᠯᠭᠠᠨ ᠰᠤᠷᠤᠯᠴᠠᠯᠭ᠎ᠠ᠂ ᠥᠪᠡᠷ ᠢ ᠪᠡᠨ ᠪᠠᠢᠴᠠᠭᠠᠵᠤ ᠥᠪᠡᠷ ᠢ ᠪᠡᠨ ᠵᠠᠯᠠᠷᠠᠭᠤᠯᠬᠤ ᠪᠡᠨ ᠴᠢᠩᠭᠠᠳᠭᠠᠵᠤ᠂ ᠰᠠᠢᠨ ᠰᠠᠢᠬᠠᠨ ᠠᠵᠢᠯ ᠤᠨ ᠲᠣᠭᠲᠠᠯᠴᠠᠭ᠎ᠠ ᠵᠢ ᠪᠤᠢ ᠪᠣᠯᠭᠠᠨ᠂ ᠵᠣᠷᠢᠭ ᠰᠠᠨᠠᠭ᠎ᠠ ᠨᠡᠩ ᠡᠷᠴᠢᠮᠲᠠᠢ᠂ ᠠᠵᠢᠯ ᠤᠨ ᠰᠤᠷᠲᠠᠯ ᠨᠡᠩ ᠪᠠᠲᠤᠲᠠᠢ᠂ ᠦᠢᠯᠡ ᠠᠵᠢᠯᠠᠯᠭ᠎ᠠ ᠨᠡᠩ ᠳᠦᠷᠢᠮᠵᠢᠯ ᠲᠠᠢ᠂ ᠦᠢᠯᠡᠴᠢᠯᠡᠭᠡ ᠨᠡᠩ ᠰᠢᠯᠢᠳᠡᠭ ᠂ ᠰᠠᠬᠢᠯᠭ᠎ᠠ ᠪᠠᠲᠤ ᠨᠡᠩ ᠴᠢᠩᠭ᠎ᠠ ᠪᠠᠢᠬᠤ ᠵᠢ ᠪᠤᠲᠠᠲᠠᠢ ᠪᠣᠯᠭᠠᠵᠤ᠂ ᠡᠯ᠎ᠡ ᠲᠥᠷᠦᠯ ᠤᠨ ᠠᠵᠢᠯ ᠤᠨ ᠬᠠᠷᠠᠯᠲᠠ ᠤᠷᠤᠭᠰᠢᠲᠠᠢ ᠪᠡᠶᠡᠯᠡᠭᠳᠡᠬᠦ ᠳᠤ ᠰᠠᠢᠲᠤᠷ ᠰᠠᠭᠤᠷᠢ ᠲᠠᠯᠪᠢᠬᠤ ᠬᠡᠷᠡᠭᠲᠠᠢ ᠭᠡᠵᠦ ᠴᠢᠩᠭᠠᠳᠭᠠᠪᠠ᠃
ᠦᠨᠡᠯᠡᠬᠦ 0ᠦᠨᠡᠯᠡᠯᠲᠡ᠎ᠲᠠᠢ