2017 ᠣᠨ ᠤ6 ᠰᠠᠷ᠎ᠠ ᠶᠢᠨ5 ᠤ ᠡᠳᠦᠷ᠂ ᠭᠦᠢᠴᠡᠳᠬᠡᠬᠦ ᠵᠢ ᠭᠤᠶᠤᠴᠢᠯᠠᠭᠴᠢ ᠵᠢᠨ ᠣᠪᠤᠭᠲᠤ ᠲᠤᠰᠭᠠᠢᠯᠠᠨ ᠳᠠᠯᠠᠳ ᠬᠣᠰᠢᠭᠤᠨ ᠡᠴᠡ ᠬᠦᠷᠴᠦ ᠢᠷᠡᠨ᠂《 ᠲᠥᠪ ᠭᠣᠣᠯᠴᠢ ᠵᠢ ᠬᠠᠮᠠᠭᠠᠯᠠᠨ᠂ ᠠᠷᠠᠳ ᠤᠨ ᠳᠥᠯᠦᠭᠡ ᠬᠠᠤᠯᠢ ᠬᠡᠷᠡᠭᠵᠢᠭᠦᠯᠳᠡᠭ》 ᠭᠡᠬᠦ ᠪᠢᠴᠢᠭᠡᠰᠦ ᠲᠠᠢ ᠬᠡᠮᠡᠷᠯᠢᠭ ᠲᠤᠭ ᠬᠦᠷᠭᠡᠵᠦ᠂ ᠰᠣᠳᠤᠯᠠᠬᠤ ᠲᠠᠰᠤᠭ ᠤᠨ ᠳᠡᠳ᠋ ᠡᠷᠬᠢᠯᠡᠭᠴᠢ᠂ ᠭᠦᠢᠴᠡᠳᠬᠡᠬᠦ ᠳᠤ ᠬᠢᠨᠠᠯᠲᠠ ᠲᠠᠯᠪᠢᠬᠤ ᠲᠢᠩᠬᠢᠮ ᠤᠨ ᠳ᠋ᠦ᠋ ᠪᠥᠸᠸ ᠰᠢᠭᠦᠭᠴᠢ ᠳᠤ ᠲᠠᠯᠠᠷᠬᠠᠵᠤ ᠪᠠᠢᠭ᠎ᠠ ᠪᠡᠨ ᠢᠯᠡᠷᠬᠡᠢᠯᠡᠪᠡ᠃《 ᠳᠣᠯᠤᠭᠠᠨ ᠵᠢᠯ ᠤᠨ ᠬᠡᠷᠡᠭ ᠡᠴᠦᠰ ᠲᠤ ᠪᠡᠨ ᠦᠷ᠎ᠡ ᠳ᠋ᠦᠩ ᠲᠠᠢ ᠪᠣᠯᠤᠯ᠎ᠠ》 ᠂ ᠡᠨᠡ ᠪᠣᠯ ᠭᠦᠢᠴᠡᠳᠭᠡᠭᠰᠡᠨ ᠬᠡᠷᠡᠭ ᠤᠨ ᠲᠤᠬᠠᠢ ᠶᠢᠨ ᠬᠥᠮᠦᠨ ᠵᠢᠨ ᠣᠪᠤᠭᠲᠤ ᠶᠢᠨ ᠳ᠋ᠦ᠋ ᠪᠦᠸᠸ ᠰᠢᠭᠦᠭᠴᠢ ᠲᠠᠢ ᠤᠴᠠᠷᠠᠭᠰᠠᠨ ᠤ ᠳᠠᠷᠠᠭᠠᠬᠢ ᠨᠢᠭᠡᠳᠦᠭᠡᠷ ᠦᠭᠡ ᠪᠣᠯᠤᠨ᠎ᠠ᠃ ᠲᠤᠬᠠᠢ ᠶᠢᠨ ᠬᠥᠮᠦᠨ ᠵᠢᠨ ᠣᠪᠤᠭᠲᠤ ᠪᠣᠯᠤᠨ ᠡᠰᠡᠷᠭᠦ ᠡᠲᠡᠭᠡᠳ ᠤᠨ ᠲᠤᠬᠠᠢ ᠶᠢᠨ ᠬᠥᠮᠦᠨ ᠸᠠᠩ ᠣᠪᠤᠭᠲᠤ ᠠᠭᠤᠷᠬᠠᠢ ᠨᠡᠭᠡᠭᠡᠬᠦ ᠡᠷᠬᠡ ᠶᠢᠨ ᠰᠢᠯᠵᠢᠭᠦᠯᠬᠦ ᠭᠡᠷ᠎ᠡ ᠡᠴᠡ ᠪᠣᠯᠵᠤ ᠮᠠᠷᠭᠤᠯᠳᠤᠭᠠᠨ ᠭᠠᠷᠴᠤ᠂ ᠰᠢᠭᠦᠨ ᠳᠠᠰᠤᠯᠠᠬᠤ ᠶᠠᠪᠤᠴᠠ ᠡᠴᠡ ᠭᠦᠢᠴᠡᠳᠬᠡᠬᠦ ᠶᠠᠪᠤᠴᠠ᠂ ᠳᠤᠮᠳᠠ ᠵᠡᠷᠭᠡ ᠶᠢᠨ ᠰᠢᠭᠦᠬᠦ ᠬᠤᠷᠢᠶ᠎ᠠ᠂ ᠥᠨᠳᠦᠷ ᠵᠡᠷᠭᠡ ᠶᠢᠨ ᠰᠢᠭᠦᠬᠦ ᠬᠣᠷᠢᠶᠠᠨ ᠡᠴᠡ ᠳᠡᠭᠡᠳᠦ ᠵᠡᠷᠭᠡ ᠶᠢᠨ ᠰᠢᠭᠦᠬᠦ ᠬᠤᠷᠢᠶ᠎ᠠ ᠬᠦᠷᠲᠡᠯ᠎ᠡ᠂2010 ᠣᠨ ᠡᠴᠡ2017 ᠣᠨ ᠪᠣᠯᠲᠠᠯ᠎ᠠ᠂ ᠲᠤᠬᠠᠢ ᠶᠢᠨ ᠬᠥᠮᠦᠨ ᠤ ᠬᠠᠤᠯᠢ ᠴᠠᠭᠠᠵᠠ ᠳᠤ ᠲᠠᠯᠪᠢᠭᠰᠠᠨ ᠢᠳᠡᠭᠡᠯ ᠪᠠ ᠬᠦᠯᠢᠴᠡᠯ ᠨᠢ ᠶᠠᠪᠤᠴᠠ᠂ ᠰᠢᠭᠦᠬᠦ ᠳᠡᠰ ᠪᠣᠯᠤᠨ ᠴᠠᠭ ᠬᠤᠭᠤᠴᠠᠭᠠᠨ ᠤ ᠤᠯᠠᠨ ᠰᠢᠯᠭᠠᠯᠲᠠ ᠵᠢ ᠬᠦᠯᠢᠶᠡᠪᠡ᠃ ᠲᠤᠬᠠᠢ ᠶᠢᠨ ᠬᠥᠮᠦᠨ ᠵᠢᠨ ᠣᠪᠤᠭᠲᠤ ᠮᠠᠨ ᠤ ᠬᠣᠷᠢᠶᠠᠨ ᠳᠤ ᠭᠦᠢᠴᠡᠳᠭᠡᠭᠦᠯᠬᠦ ᠣᠨᠳᠣᠣ ᠰᠠᠨᠠᠯ ᠢ ᠳᠤᠷᠠᠳᠬᠤ ᠶᠠᠪᠤᠴᠠ ᠳᠤᠮᠳᠠ᠂ ᠳ᠋ᠦ᠋ ᠪᠥᠸᠸ ᠰᠢᠭᠦᠭᠴᠢ ᠤᠯᠠᠨ ᠲᠦᠮᠡᠨ ᠳᠤ ᠬᠡᠷᠡᠭ ᠨᠢᠭᠡᠪᠦᠷᠢ ᠡᠴᠡ ᠡᠷᠬᠡ ᠲᠡᠭᠰᠢ ᠲᠥᠪ ᠭᠣᠣᠯᠴᠢ ᠵᠢ ᠮᠡᠳᠡᠷᠡᠭᠦᠯᠬᠦ ᠵᠠᠷᠴᠢᠮ ᠢ ᠪᠠᠷᠢᠵᠤ᠂ ᠲᠤᠰᠭᠠᠢᠵᠢᠭᠰᠠᠨ ᠬᠠᠤᠯᠢ ᠶᠢᠨ ᠮᠡᠷᠭᠡᠵᠢᠯ᠂ ᠬᠢᠨᠠᠮᠠᠭᠠᠢ ᠠᠵᠢᠯ ᠤᠨ ᠣᠪᠤᠷ ᠢᠶᠡᠷ ᠬᠡᠷᠡᠭ ᠤᠨ ᠪᠠᠢᠳᠠᠯ ᠢ ᠨᠠᠷᠢᠯᠢᠭ ᠰᠤᠳᠤᠯᠠᠵᠤ᠂ ᠯᠠᠪᠯᠠᠯᠲᠠ ᠪᠣᠯᠭᠠᠬᠤ ᠮᠠᠲ᠋ᠧᠷᠢᠶᠠᠯ ᠢ ᠤᠩᠰᠢᠨ᠂ ᠥᠩᠭᠡᠷᠡᠭᠰᠡᠨ ᠤ ᠬᠡᠷᠡᠭ ᠤᠨ ᠡᠪᠬᠡᠮᠡᠯ ᠢ ᠦᠵᠡᠵᠦ᠂ ᠬᠠᠤᠯᠢ ᠴᠠᠭᠠᠵᠠ ᠶᠢᠨ ᠪᠢᠴᠢᠭ᠌ ᠬᠠᠷ᠎ᠠ ᠪᠢᠴᠢᠨ᠂ ᠮᠠᠨ ᠤ ᠬᠣᠷᠢᠶᠠᠨ ᠤ ᠭᠠᠷᠭᠠᠭᠰᠠᠨ ᠭᠦᠢᠴᠡᠳᠬᠡᠬᠦ ᠳᠠᠰᠤᠯᠠᠨ ᠳᠤᠭᠲᠠᠭᠠᠯᠲᠠ ᠶᠢᠨ ᠪᠢᠴᠢᠭ᠌ ᠨᠢ ᠥᠨᠳᠦᠷ ᠵᠡᠷᠭᠡ ᠶᠢᠨ ᠰᠢᠭᠦᠬᠦ ᠬᠣᠷᠢᠶᠠᠨ ᠳᠤ ᠪᠠᠷᠢᠮᠲᠠᠯᠠᠭᠳᠠᠨ᠂ ᠳᠣᠯᠤᠭᠠᠨ ᠵᠢᠯ ᠤᠨ ᠬᠤᠭᠤᠴᠠᠭ᠎ᠠ ᠬᠡᠷᠡᠭᠰᠡᠭᠰᠡᠨ ᠬᠡᠷᠡᠭ ᠡᠴᠦᠰ ᠲᠤ ᠪᠡᠨ ᠲᠤᠬᠠᠢ ᠶᠢᠨ ᠬᠥᠮᠦᠨ ᠤ ᠰᠡᠳᠭᠢᠯ ᠳᠤ ᠨᠡᠢᠴᠡᠭᠰᠡᠨ ᠦᠷ᠎ᠡ ᠳ᠋ᠦᠩ ᠲᠠᠢ ᠪᠣᠯᠵᠤ᠂ ᠲᠤᠬᠠᠢ ᠶᠢᠨ ᠬᠥᠮᠦᠨ ᠤ ᠬᠠᠤᠯᠢ ᠴᠠᠭᠠᠵᠠ ᠳᠤ ᠲᠠᠯᠪᠢᠬᠤ ᠢᠳᠡᠭᠡᠯ ᠢ ᠨᠢ ᠳᠠᠬᠢᠨ ᠪᠤᠢ ᠪᠣᠯᠭᠠᠪᠠ᠃
ᠦᠨᠡᠯᠡᠬᠦ 0ᠦᠨᠡᠯᠡᠯᠲᠡ ᠲᠠᠢ