ᠵᠣᠬᠢᠶᠠᠭᠴᠢ᠄ ᠳᠠᠯᠠᠳ ᠬᠣᠰᠢᠭᠤᠨ ᠤ ᠠᠷᠠᠳ ᠤᠨ ᠰᠢᠭᠦᠬᠦ ᠬᠤᠷᠢᠶ᠎ᠠ
4 ᠰᠠᠷ᠎ᠠ ᠶᠢᠨ25 ᠤ ᠡᠳᠦᠷ᠂ ᠳᠠᠯᠠᠳ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠡᠴᠡ《 ᠵᠤᠨ ᠤ ᠰᠢᠭᠤᠷᠭ᠎ᠠ》 ᠭᠦᠢᠴᠡᠳᠬᠡᠬᠦ ᠲᠤᠰᠭᠠᠢ ᠲᠥᠷᠦᠯ ᠤᠨ ᠠᠵᠢᠯ ᠢ ᠵᠢᠩᠬᠢᠨᠢ ᠪᠡᠷ ᠡᠬᠢᠯᠡᠭᠦᠯᠵᠦ᠂ ᠡᠨᠡ ᠨᠢ ᠡᠨᠡ ᠵᠢᠯ ᠤᠨ ᠳᠠᠯᠠᠳ ᠬᠣᠰᠢᠭᠤᠨ ᠤ ᠰᠢᠭᠦᠬᠦ ᠬᠣᠷᠢᠶᠠᠨ ᠡᠴᠡ ᠥᠷᠨᠢᠭᠦᠯᠦᠭᠰᠡᠨ ᠪᠠᠰᠠ ᠨᠢᠭᠡ ᠤᠳᠠᠭᠠᠨ ᠤ ᠭᠦᠢᠴᠡᠳᠬᠡᠬᠦ ᠲᠤᠰᠭᠠᠢ ᠲᠥᠷᠦᠯ ᠤᠨ ᠬᠥᠳᠡᠯᠭᠡᠭᠡᠨ ᠪᠣᠯᠤᠨ᠎ᠠ᠃ ᠳᠠᠯᠠᠳ ᠬᠣᠰᠢᠭᠤᠨ ᠤ ᠰᠢᠭᠦᠬᠦ ᠬᠤᠷᠢᠶ᠎ᠠ ᠨᠢ ᠡᠨᠡ ᠤᠳᠠᠭᠠᠨ ᠤ ᠲᠤᠰᠭᠠᠢ ᠲᠥᠷᠦᠯ ᠤᠨ ᠠᠵᠢᠯ ᠢ《 ᠨᠢᠭᠡᠳᠦᠭᠡᠷ ᠭᠠᠷ》 ᠤᠨ ᠠᠵᠢᠯ ᠪᠣᠯᠭᠠᠨ ᠠᠳᠭᠤᠵᠤ᠂ ᠬᠣᠷᠢᠶᠠᠨ ᠳᠠᠷᠤᠭ᠎ᠠ ᠡᠴᠡ ᠥᠪᠡᠷ ᠢᠶᠡᠨ ᠠᠩᠬᠠᠷᠴᠤ᠂ ᠥᠪᠡᠷ ᠢᠶᠡᠨ ᠪᠠᠷᠢᠵᠤ᠂ ᠭᠦᠢᠴᠡᠳᠬᠡᠬᠦ ᠠᠵᠢᠯ ᠤᠨ ᠬᠤᠷᠠᠯ ᠢ ᠡᠷᠬᠢᠯᠡᠨ ᠬᠤᠷᠠᠯᠳᠤᠭᠤᠯᠵᠤ᠂ ᠵᠡᠷᠭᠡᠪᠡᠷ ᠳᠤᠭᠲᠠᠭᠰᠠ ᠬᠤᠭᠤᠴᠠᠭ᠎ᠠ ᠲᠠᠢ ᠪᠡᠷ ᠭᠦᠢᠴᠡᠳᠬᠡᠬᠦ ᠠᠵᠢᠯ ᠤᠨ ᠬᠠᠷᠢᠭᠤ ᠮᠡᠳᠡᠭᠦᠯᠦᠯᠲᠡ ᠵᠢ ᠰᠣᠨᠤᠰᠪᠠ᠃ ᠬᠥᠳᠡᠯᠭᠡᠭᠡᠨ ᠡᠬᠢᠯᠡᠭᠰᠡᠨ ᠡᠴᠡ ᠨᠠᠰᠢ᠂ ᠮᠠᠨ ᠤ ᠬᠣᠷᠢᠶᠠᠨ ᠤ ᠡᠯ᠎ᠡ ᠭᠦᠢᠴᠡᠳᠬᠡᠬᠦ ᠲᠣᠪᠴᠢᠶᠠᠨ ᠤ ᠪᠥᠬᠦ ᠺᠠᠲᠠᠷ ᠴᠠᠭᠳᠠᠭ᠎ᠠ《5+2》᠂《 ᠴᠠᠭᠠᠨ+ ᠬᠠᠷ᠎ᠠ》 ᠠᠵᠢᠯ ᠤᠨ ᠬᠡᠯᠪᠡᠷᠢ ᠵᠢ ᠪᠤᠲᠠᠲᠠᠢᠵᠢᠭᠤᠯᠵᠵᠤ᠂ ᠬᠦᠴᠢᠷ ᠪᠡᠷᠬᠡ ᠡᠴᠡ ᠡᠮᠢᠶᠡᠬᠦ ᠦᠭᠡᠢ᠂ ᠵᠣᠷᠢᠭᠲᠠᠢ ᠪᠡᠷ ᠲᠡᠮᠡᠴᠡᠵᠦ᠂ ᠴᠠᠭ ᠢᠶᠡᠨ ᠲᠥᠪᠯᠡᠷᠡᠭᠦᠯᠦᠨ᠂ ᠬᠦᠴᠦᠨ ᠢᠶᠡᠨ ᠲᠥᠪᠯᠡᠷᠡᠭᠦᠯᠦᠨ᠂ ᠠᠯᠪᠠᠳᠠᠯᠭ᠎ᠠ ᠪᠡᠷ ᠭᠦᠢᠴᠡᠳᠬᠡᠬᠦ ᠠᠷᠭ᠎ᠠ ᠠᠪᠴᠢᠯ ᠢ ᠭᠦᠢᠴᠡᠳ ᠬᠡᠷᠡᠭᠯᠡᠵᠦ ᠵᠥᠪ ᠬᠡᠷᠡᠭᠯᠡᠨ᠂ ᠬᠦᠴᠦ ᠬᠥᠯᠦᠰᠦ ᠪᠡᠷ ᠢᠶᠡᠨ ᠥᠷᠭᠡᠨ ᠤᠯᠠᠨ ᠤ ᠮᠠᠭᠲᠠᠭᠠᠯ ᠢ ᠣᠯᠪᠠ᠃
ᠮᠠᠨ ᠤ ᠬᠣᠷᠢᠶᠠᠨ ᠤ ᠬᠦᠢᠴᠡᠳᠬᠡᠬᠦ ᠬᠡᠷᠡᠭ ᠤᠨ ᠪᠤᠲᠠᠲᠠᠢ ᠪᠠᠢᠳᠠᠯ ᠢ ᠦᠨᠳᠦᠰᠦᠯᠡᠨ᠂ ᠡᠯ᠎ᠡ ᠭᠦᠢᠴᠡᠳᠬᠡᠬᠦ ᠲᠣᠪᠴᠢᠶ᠎ᠠ ᠨᠢ《 ᠪᠠᠢᠯᠳᠤᠭᠠᠨ ᠤ ᠱᠤᠭᠤᠮ ᠡ》 ᠡᠴᠡ ᠭᠦᠨᠵᠡᠭᠡᠢᠷᠡᠨ《 ᠪᠠᠢᠯᠳᠤᠭᠠᠨ ᠤ ᠲᠣᠭᠤᠷᠢᠭ》 ᠳᠤ ᠬᠦᠴᠢᠷ ᠪᠡᠷᠬᠡ ᠵᠢ ᠳᠠᠷᠠᠭᠠᠯᠠᠨ ᠰᠢᠪᠲᠤᠯᠠᠬᠤ ᠠᠷᠭ᠎ᠠ ᠠᠪᠴᠢᠯ ᠢ ᠠᠪᠴᠤ᠂《 ᠶᠠᠰᠤᠵᠢᠮᠠᠯ ᠬᠡᠷᠡᠭ》᠂《 ᠠᠯᠪᠠ ᠬᠠᠭᠠᠭᠴᠢᠳ ᠲᠠᠢ ᠬᠣᠯᠪᠤᠭᠳᠠᠭᠰᠠᠨ ᠬᠡᠷᠡᠭ》 ᠪᠣᠯᠤᠨ《 ᠠᠷᠠᠳ ᠤᠨ ᠠᠮᠢᠳᠤᠷᠠᠯ ᠲᠠᠢ ᠬᠣᠯᠪᠤᠭᠳᠠᠭᠰᠠᠨ ᠬᠡᠷᠡᠭ》 ᠢ ᠭᠦᠢᠴᠡᠳᠬᠡᠬᠦ ᠪᠡᠷ ᠭᠣᠣᠯᠳᠠᠯᠭ᠎ᠠ ᠪᠣᠯᠭᠠᠵᠤ᠂ ᠤᠷᠲᠤ ᠬᠤᠭᠤᠴᠠᠭ᠎ᠠ ᠪᠡᠷ ᠭᠦᠢᠴᠡᠳᠬᠡᠬᠦ ᠡᠴᠡ ᠵᠠᠢᠯᠠᠰᠬᠢᠵᠤ᠂ ᠨᠡᠩ ᠴᠢᠨᠠᠭᠰᠢᠯᠠᠨ ᠢᠲᠡᠭᠡᠮᠵᠢ ᠵᠢ ᠬᠦᠨᠳᠦᠳᠭᠡᠬᠦ ᠦᠭᠡᠢ ᠪᠠᠢᠵᠤ ᠯᠤᠢᠪᠠᠷᠳᠠᠬᠤ ᠪᠡᠷ ᠴᠢᠳᠠᠪᠤᠷᠢ ᠪᠡᠨ ᠪᠣᠯᠭᠠᠭᠰᠠᠨ《 ᠯᠤᠢᠪᠠᠷᠴᠢᠨ》 ᠳᠤ ᠬᠦᠨᠳᠦ ᠴᠣᠬᠢᠯᠲᠠ ᠥᠭᠴᠦ᠂ ᠲᠦᠷ ᠬᠣᠷᠢᠬᠤ ᠨᠢ ᠬᠡᠪ ᠤᠨ ᠪᠠᠢᠳᠠᠯ᠂ ᠲᠦᠷ ᠬᠣᠷᠢᠬᠤ ᠦᠭᠡᠢ ᠨᠢ ᠵᠢᠱᠢᠶᠡᠨ ᠡᠴᠡ ᠭᠠᠳᠠᠨ᠎ᠠ ᠭᠡᠳᠡᠭ ᠢ ᠭᠦᠢᠴᠡᠳᠭᠡᠪᠡ᠃ ᠡᠭᠦᠨ ᠤ ᠵᠡᠷᠭᠡᠪᠡᠷ᠂ ᠬᠣᠯᠪᠤᠭᠠᠯᠠᠭᠰᠠᠨ ᠢᠲᠡᠭᠡᠮᠵᠢ ᠶᠢᠨ ᠵᠠᠯᠬᠠᠭᠠᠯ ᠤᠨ ᠬᠦᠷᠢᠶ᠎ᠡ ᠬᠡᠪᠴᠢᠶ᠎ᠡ ᠵᠢ ᠤᠯᠠᠮ ᠨᠢᠭᠡ ᠠᠯᠬᠤᠮ ᠥᠷᠭᠡᠳᠭᠡᠵᠦ᠂ ᠪᠠᠢᠳᠠᠯ ᠨᠢ ᠬᠦᠨᠳᠦ ᠨᠣᠴᠢᠲᠠᠢ ᠢᠲᠡᠭᠡᠯ ᠠᠯᠳᠠᠭᠰᠠᠨ ᠭᠦᠢᠴᠡᠳᠭᠡᠭᠳᠡᠭᠴᠢ᠂ ᠬᠠᠤᠯᠢ ᠶᠣᠰᠣᠭᠠᠷ ᠭᠦᠢᠴᠡᠳᠬᠡᠬᠦ ᠂ ᠰᠢᠭᠦᠨ ᠳᠤᠭᠲᠠᠭᠠᠯᠲᠠ ᠵᠢ ᠲᠡᠪᠴᠢᠭᠰᠡᠨ ᠶᠠᠯ᠎ᠠ᠂ ᠪᠠᠢᠴᠠᠭᠠᠨ ᠪᠢᠲᠡᠭᠦᠮᠵᠢᠯᠡᠭᠰᠡᠨ᠂ ᠪᠠᠷᠢᠴᠠᠭᠠᠨ ᠳᠤ ᠦᠯᠡᠳᠡᠭᠡᠭᠰᠡᠨ᠂ ᠴᠡᠪᠳᠡᠭᠯᠡᠭᠰᠡᠨ ᠡᠳ᠋ ᠬᠥᠷᠦᠩᠭᠡ ᠵᠢ ᠬᠠᠤᠯᠢ ᠪᠤᠰᠤ ᠪᠡᠷ ᠰᠢᠢᠳᠪᠦᠷᠢᠯᠡᠭᠰᠡᠨ ᠶᠠᠯ᠎ᠠ ᠵᠡᠷᠭᠡ ᠳᠤ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠵᠦ᠂ ᠡᠷᠡᠭᠦᠦ ᠰᠢᠢᠳᠭᠡᠯ ᠨᠢ ᠢᠲᠡᠭᠡᠯ ᠠᠯᠳᠠᠭᠰᠠᠨ ᠭᠦᠢᠴᠡᠳᠭᠡᠭᠳᠡᠭᠴᠢ ᠳᠤ ᠬᠢᠵᠠᠭᠠᠷᠯᠠᠬᠤ ᠪᠠ ᠰᠡᠷᠡᠮᠵᠢᠯᠡᠭᠦᠯᠬᠦ ᠦᠢᠯᠡᠳᠦᠯ ᠦᠵᠡᠭᠦᠯᠬᠦ ᠵᠢ ᠭᠦᠢᠴᠡᠳ ᠪᠠᠳᠠᠷᠠᠭᠤᠯᠤᠨ᠎ᠠ᠃ ᠬᠠᠤᠯᠢ ᠴᠠᠭᠠᠵᠠ ᠶᠢᠨ ᠵᠠᠯᠬᠠᠭᠠᠯ ᠦᠵᠡᠭᠦᠯᠬᠦ ᠰᠠᠭᠤᠷᠢᠨ ᠳᠡᠭᠡᠷ᠎ᠡ᠂ ᠢᠲᠡᠭᠡᠯ ᠠᠯᠳᠠᠭᠰᠠᠨ ᠭᠦᠢᠴᠡᠳᠭᠡᠭᠳᠡᠭᠴᠢ ᠶᠢᠨ ᠨᠡᠷᠡᠰ ᠤᠨ ᠳᠤᠭᠲᠠᠴᠠ ᠶᠢᠨ ᠨᠥᠯᠦᠭᠡᠯᠡᠯ ᠢ ᠥᠷᠭᠡᠳᠭᠡᠵᠦ᠂ ᠸᠢᠴᠠᠲ᠂ ᠪᠦᠷᠭᠡ᠂ ᠠᠯᠪᠠᠨ ᠤ ᠰᠦᠯᠵᠢᠶ᠎ᠡ᠂ ᠲᠸᠯᠸᠢᠰ᠂ ᠨᠡᠪᠲᠡᠷᠡᠭᠦᠯᠭᠡ᠂ ᠰᠣᠨᠢᠨ ᠵᠡᠷᠭᠡ ᠵᠠᠭᠤᠴᠢ ᠵᠢᠴᠢ ᠠᠭᠤᠳᠠᠮ ᠲᠠᠯᠠᠪᠠᠢ᠂ ᠶᠠᠪᠠᠭᠠᠨ ᠵᠡᠭᠡᠯᠢ ᠶᠢᠨ LED ᠬᠥᠰᠢᠭᠡ ᠵᠡᠷᠭᠡ ᠪᠡᠷ ᠨᠡᠢᠲᠡᠯᠡᠵᠦ᠂ ᠢᠲᠡᠭᠡᠯ ᠠᠯᠳᠠᠭᠰᠠᠨ ᠭᠦᠢᠴᠡᠳᠭᠡᠭᠳᠡᠭᠴᠢ ᠶᠢᠨ ᠮᠡᠳᠡᠭᠡ ᠵᠠᠩᠭᠢ ᠵᠢ ᠳᠠᠮᠵᠢᠭᠤᠯᠬᠤ ᠬᠦᠷᠢᠶ᠎ᠡ ᠬᠡᠪᠴᠢᠶ᠎ᠡ ᠵᠢ ᠥᠷᠭᠡᠳᠭᠡᠵᠦ᠂ ᠢᠲᠡᠭᠡᠮᠵᠢ ᠶᠢᠨ ᠵᠠᠯᠬᠠᠭᠠᠯ ᠤᠨ ᠰᠦᠷᠳᠡᠭᠦᠯᠬᠦ ᠬᠦᠴᠦᠨ ᠢ ᠪᠤᠢ ᠪᠣᠯᠭᠠᠵᠤ᠂ ᠭᠦᠢᠴᠡᠳᠭᠡᠭᠳᠡᠭᠴᠢ ᠵᠢ ᠱᠠᠭᠠᠷᠳᠠᠨ ᠤᠬᠠᠮᠰᠠᠷ ᠡᠴᠡ ᠪᠡᠨ ᠬᠠᠷᠢᠭᠤᠴᠠᠯᠭ᠎ᠠ ᠪᠡᠨ ᠭᠦᠢᠴᠡᠳᠭᠡᠵᠦ᠂《 ᠢᠲᠡᠭᠡᠯ ᠠᠯᠳᠠᠭᠰᠠᠨ ᠨᠢ ᠢᠴᠡᠭᠦᠷᠢᠲᠠᠢ᠂ ᠢᠲᠡᠭᠡᠮᠵᠢᠲᠠᠢ ᠪᠠᠢᠬᠤ ᠨᠢ ᠢᠷᠠᠭᠤ ᠠᠯᠳᠠᠷ ᠲᠠᠢ》 ᠭᠡᠬᠦ ᠨᠡᠢᠭᠡᠮ ᠤᠨ ᠠᠭᠤᠷ ᠠᠮᠢᠰᠭᠤᠯ ᠢ ᠪᠤᠢ ᠪᠣᠯᠭᠠᠨ᠎ᠠ᠃ ᠭᠤᠶᠤᠴᠢᠯᠠᠭᠴᠢ ᠶᠢᠨ ᠪᠡᠶ᠎ᠡ ᠶᠢᠨ ᠠᠰᠢᠭ ᠲᠤᠰᠠ ᠵᠢ ᠦᠨᠡᠨᠬᠦ ᠪᠠᠲᠤᠯᠠᠵᠤ᠂ ᠬᠠᠤᠯᠢ ᠴᠠᠭᠠᠵᠠ ᠶᠢᠨ ᠡᠷᠬᠡ ᠰᠦᠷ ᠢ ᠪᠠᠢᠭᠤᠯᠤᠨ᠂ ᠨᠡᠢᠭᠡᠮ ᠤᠨ ᠡᠶ᠎ᠡ ᠨᠠᠢᠷᠠᠮᠳᠤᠭᠤ ᠠᠮᠤᠷ ᠳᠤᠭᠲᠠᠭᠤᠨ ᠢ ᠬᠠᠮᠠᠭᠠᠯᠠᠵᠤ᠂ ᠭᠦᠢᠴᠡᠳᠭᠡᠭᠰᠡᠨ ᠬᠡᠷᠡᠭ ᠤᠨ ᠬᠠᠤᠯᠢ ᠴᠠᠭᠠᠵᠠ ᠶᠢᠨ ᠦᠷ᠎ᠡ ᠪᠦᠲᠦᠮᠵᠢ᠂ ᠨᠡᠢᠭᠡᠮ ᠤᠨ ᠦᠷ᠎ᠡ ᠪᠦᠲᠦᠮᠵᠢ᠂ ᠤᠯᠤᠰ ᠲᠥᠷᠦ ᠶᠢᠨ ᠦᠷ᠎ᠡ ᠪᠦᠲᠦᠮᠵᠢ ᠶᠢᠨ ᠨᠢᠭᠡᠲᠦᠯᠲᠠᠢ ᠪᠠᠢᠬᠤ ᠵᠢ ᠪᠠᠲᠤᠯᠠᠨ᠎ᠠ᠃
ᠲᠤᠰ ᠤᠳᠠᠭᠠᠨ ᠤ ᠲᠤᠰᠭᠠᠢ ᠲᠥᠷᠦᠯ ᠤᠨ ᠬᠥᠳᠡᠯᠭᠡᠭᠡᠨ ᠳᠣᠮᠲᠠ᠂ ᠳᠠᠯᠠᠳ ᠬᠣᠰᠢᠭᠤᠨ ᠤ ᠠᠷᠠᠳ ᠤᠨ ᠰᠢᠭᠦᠬᠦ ᠬᠤᠷᠢᠶ᠎ᠠ ᠨᠢ《 ᠭᠦᠢᠴᠡᠳᠬᠡᠬᠦ ᠳᠤ ᠪᠡᠷᠬᠡ ᠵᠢ ᠦᠨᠳᠦᠰᠦᠨ ᠳᠤ ᠪᠡᠨ ᠰᠢᠢᠳᠪᠦᠷᠢᠯᠡᠬᠦ》 ᠪᠡᠷ ᠶᠡᠷᠦᠩᠬᠡᠢ ᠬᠠᠷᠠᠯᠲᠠ ᠪᠣᠯᠭᠠᠨ᠂ ᠤᠳᠤᠷᠢᠳᠤᠯᠭ᠎ᠠ ᠪᠡᠨ ᠴᠢᠩᠭᠠᠳᠭᠠᠨ᠂ ᠬᠦᠴᠢᠷ ᠢ ᠳᠠᠪᠠᠵᠤ᠂ ᠡᠷᠴᠢᠮᠲᠠᠢ ᠠᠬᠢᠭᠤᠯᠵᠤ᠂ ᠶᠡᠬᠡ ᠤᠯᠠᠨ ᠬᠦᠴᠢᠷ ᠬᠡᠷᠡᠭ᠂ ᠳᠠᠷᠤᠭᠳᠠᠮᠠᠯ ᠬᠡᠷᠡᠭ ᠢ ᠭᠦᠢᠴᠡᠳᠬᠡᠬᠦ ᠵᠢ ᠠᠬᠢᠭᠤᠯᠵᠤ᠂ ᠬᠥᠮᠦᠰ ᠢ ᠤᠷᠠᠮᠰᠢᠭᠤᠯᠮᠠ ᠦᠷ᠎ᠡ ᠳ᠋ᠦᠩ ᠣᠯᠤᠭᠰᠠᠨ ᠪᠠᠢᠨ᠎ᠠ᠃ ᠬᠠᠮᠤᠭ ᠰᠢᠨ᠎ᠡ ᠪᠦᠷᠢᠳᠭᠡᠯ ᠢ ᠦᠨᠳᠦᠰᠦᠯᠡᠪᠡᠯ᠂5 ᠰᠠᠷ᠎ᠠ ᠶᠢᠨ8 ᠤ ᠡᠳᠦᠷ ᠪᠣᠯᠲᠠᠯ᠎ᠠ᠂ ᠪᠥᠬᠦ ᠬᠤᠷᠢᠶ᠎ᠠ ᠨᠢ ᠨᠡᠢᠲᠡ584 ᠬᠡᠷᠡᠭ ᠢ ᠭᠦᠢᠴᠡᠳᠭᠡᠨ ᠳᠭᠤᠰᠬᠠᠵᠤ᠂571 ᠬᠥᠮᠦᠨ ᠢ ᠠᠯᠪᠠᠳᠠᠨ ᠳᠠᠭᠤᠳᠠᠵᠤ᠂185 ᠬᠥᠮᠦᠨ ᠢ ᠬᠠᠤᠯᠢ ᠶᠣᠰᠣᠭᠠᠷ ᠲᠦᠷ ᠬᠣᠷᠢᠵᠤ᠂13 ᠲᠡᠷᠭᠡ ᠬᠥᠰᠭᠡ ᠵᠢ ᠪᠠᠷᠢᠴᠠᠭᠠᠯᠠᠨ ᠳᠠᠷᠤᠵᠤ᠂523 ᠬᠥᠮᠦᠨ ᠢ ᠢᠲᠡᠭᠡᠯ ᠠᠯᠳᠠᠭᠰᠠᠨ ᠭᠦᠢᠴᠡᠳᠭᠡᠭᠳᠡᠭᠴᠢ ᠶᠢᠨ ᠨᠡᠷᠡᠰ ᠲᠤ ᠣᠷᠤᠭᠤᠯᠵᠤ᠂ ᠪᠤᠲᠠᠲᠠᠢ ᠭᠦᠢᠴᠡᠳᠭᠡᠭᠰᠡᠨ ᠪᠡᠯᠡᠨ ᠵᠣᠭᠤᠰ1875.29 ᠲᠦᠮᠡᠨ ᠲᠥᠭᠦᠷᠢᠭ᠂ ᠪᠤᠲᠠᠰ ᠢᠶᠡᠷ ᠥᠷᠢ ᠪᠡᠨ ᠲᠥᠯᠦᠭᠰᠡᠨ ᠨᠢ1161.66 ᠲᠦᠮᠡᠨ ᠲᠥᠭᠦᠷᠢᠭ᠃
ᠦᠨᠡᠯᠡᠬᠦ 0ᠦᠨᠡᠯᠡᠯᠲᠡ᠎ᠲᠠᠢ