ᠥᠪᠦᠷ ᠮᠣᠩᠭᠤᠯ ᠤᠨ ᠥᠨᠳᠦᠷ ᠵᠡᠷᠭᠡ ᠶᠢᠨ ᠰᠢᠭᠦᠬᠦ ᠬᠣᠷᠢᠶᠠᠨ ᠡᠴᠡ ᠪᠥᠬᠦ ᠣᠷᠤᠨ ᠤ ᠰᠢᠭᠦᠬᠦ ᠬᠣᠷᠢᠶᠠᠨ ᠤ ᠬᠠᠤᠯᠢ ᠴᠠᠭᠠᠵᠠ ᠶᠢᠨ ᠲᠣᠭ᠎ᠠ ᠪᠦᠷᠢᠳᠭᠡᠯ ᠤᠨ ᠲᠣᠭ᠎ᠠ ᠪᠠᠷᠢᠮᠲᠠ ᠵᠢ ᠨᠢᠭᠡᠳᠭᠡᠭᠰᠡᠨ ᠤ ᠳᠠᠷᠠᠭ᠎ᠠ ᠲᠣᠭ᠎ᠠ ᠪᠠᠷᠢᠮᠲᠠ ᠶᠢᠨ ᠬᠠᠮᠢᠶᠠᠷᠤᠯᠲᠠ ᠶᠢᠨ ᠲᠤᠰᠭᠠᠢ ᠲᠥᠷᠦᠯ ᠤᠨ ᠪᠣᠯᠪᠠᠰᠤᠷᠠᠯ ᠢ ᠵᠣᠬᠢᠶᠠᠨ ᠪᠠᠢᠭᠤᠯᠪᠠ
ᠵᠣᠬᠢᠶᠠᠭᠴᠢ᠄ ᠰᠢᠭᠦᠯᠲᠡ ᠳᠤ ᠬᠢᠨᠠᠯᠲᠠ ᠲᠠᠯᠪᠢᠬᠤ ᠠᠯᠪᠠᠨ ᠭᠡᠷ ᠯᠢᠦ ᠮᠸᠢ
2017 ᠤᠨ ᠤ3 ᠰᠠᠷ᠎ᠠ ᠶᠢᠨ20 ᠡᠴᠡ3 ᠰᠠᠷ᠎ᠠ ᠶᠢᠨ24 ᠤ ᠡᠳᠦᠷ ᠪᠣᠯᠲᠠᠯ᠎ᠠ᠂ ᠥᠪᠦᠷ ᠮᠣᠩᠭᠤᠯ ᠤᠨ ᠥᠨᠳᠦᠷ ᠵᠡᠷᠭᠡ ᠶᠢᠨ ᠰᠢᠭᠦᠬᠦ ᠬᠣᠷᠢᠶᠠᠨ ᠡᠴᠡ ᠴᠸᠩᠳᠦ ᠳᠤ ᠲᠠᠪᠤᠨ ᠡᠳᠦᠷ ᠤᠨ ᠬᠤᠭᠤᠴᠠᠭ᠎ᠠ ᠲᠠᠢ ᠬᠠᠤᠯᠢ ᠴᠠᠭᠠᠵᠠ ᠶᠢᠨ ᠲᠣᠭ᠎ᠠ ᠪᠦᠷᠢᠳᠭᠡᠯ ᠤᠨ ᠲᠣᠭ᠎ᠠ ᠪᠠᠷᠢᠮᠲᠠ ᠵᠢ ᠨᠢᠭᠡᠳᠭᠡᠭᠰᠡᠨ ᠤ ᠳᠠᠷᠠᠭᠠᠬᠢ ᠲᠣᠭ᠎ᠠ ᠪᠠᠷᠢᠮᠲᠠ ᠶᠢᠨ ᠬᠠᠮᠢᠶᠠᠷᠤᠯᠲᠠ ᠶᠢᠨ ᠲᠤᠰᠭᠠᠢ ᠲᠥᠷᠦᠯ ᠤᠨ ᠪᠣᠯᠪᠠᠰᠤᠷᠠᠯ ᠢ ᠵᠣᠬᠢᠶᠠᠨ ᠪᠠᠢᠭᠤᠯᠵᠤ᠂ ᠥᠨᠳᠦᠷ ᠵᠡᠷᠭᠡ ᠶᠢᠨ ᠰᠢᠭᠦᠬᠦ ᠬᠣᠷᠢᠶᠠᠨ ᠤ ᠰᠢᠭᠦᠯᠲᠡ ᠶᠢᠨ ᠬᠠᠮᠢᠶᠠᠷᠤᠯᠲᠠ ᠶᠢᠨ ᠠᠯᠪᠠᠨ ᠭᠡᠷ ᠤᠨ ᠳᠡᠳ᠋ ᠡᠷᠬᠢᠯᠡᠭᠴᠢ ᠤᠯᠠᠭᠠᠨᠴᠡᠴᠡᠭ᠂ ᠲᠣᠭ᠎ᠠ ᠪᠦᠷᠢᠳᠭᠡᠯ ᠤᠨ ᠰᠠᠯᠠᠭᠠᠨ ᠤ ᠰᠠᠯᠠᠭᠠᠨ ᠳᠠᠷᠤᠭ᠎ᠠ ᠵᠠᠩ ᠹᠸᠩ ᠱᠢᠦᠸᠠᠢ ᠵᠢᠴᠢ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠲᠣᠭ᠎ᠠ ᠪᠦᠷᠢᠳᠭᠡᠯ ᠤᠨ ᠲᠤᠬᠠᠢᠯᠠᠭᠰᠠᠨ ᠠᠵᠢᠯ ᠤᠨ ᠬᠤᠶᠠᠷ ᠭᠣᠣᠯᠯᠠᠭᠴᠢ᠂ ᠬᠤᠸᠠ ᠢᠦᠢ ᠺᠣᠮᠫᠠᠨᠢ ᠶᠢᠨ ᠬᠠᠮᠢᠶ᠎ᠠ ᠪᠥᠬᠦᠢ ᠬᠥᠮᠦᠰ ᠪᠣᠯᠪᠠᠰᠤᠷᠠᠯ ᠳᠤ ᠣᠷᠤᠯᠴᠠᠪᠠ᠃ ᠲᠤᠰ ᠤᠳᠠᠭᠠᠨ ᠤ ᠪᠣᠯᠪᠠᠰᠤᠷᠠᠯ ᠤᠨ ᠠᠭᠤᠯᠭ᠎ᠠ ᠨᠢ ᠬᠤᠶᠠᠷ ᠲᠠᠯ᠎ᠠ ᠶᠢᠨ ᠠᠭᠤᠯᠭ᠎ᠠ ᠵᠢ ᠪᠠᠭᠲᠠᠭᠠᠨ᠎ᠠ᠄ ᠨᠢᠭᠡ ᠨᠢ ᠥᠨᠳᠦᠷ ᠵᠡᠷᠭᠡ ᠶᠢᠨ ᠰᠢᠭᠦᠬᠦ ᠬᠣᠷᠢᠶᠠᠨ ᠤ ᠰᠢᠭᠦᠯᠲᠡ ᠵᠢ ᠬᠠᠮᠢᠶᠠᠷᠬᠤ ᠠᠯᠪᠠᠨ ᠬᠡᠷ ᠤᠨ ᠳᠡᠳ᠋ ᠡᠷᠬᠢᠯᠡᠭᠴᠢ ᠤᠯᠠᠭᠠᠨᠴᠡᠴᠡᠭ᠂ ᠲᠣᠭ᠎ᠠ ᠪᠦᠷᠢᠳᠭᠡᠯ ᠤᠨ ᠰᠠᠯᠠᠭᠠᠨ ᠤ ᠰᠠᠯᠠᠭᠠᠨ ᠳᠠᠷᠤᠭ᠎ᠠ ᠵᠠᠩ ᠹᠸᠩ ᠱᠢᠥᠸᠠᠢ ᠡᠴᠡ ᠪᠥᠬᠦ ᠣᠷᠤᠨ ᠤ ᠰᠢᠭᠦᠬᠦ ᠬᠣᠷᠢᠶᠠᠨ ᠡᠴᠡ2016 ᠤᠨ ᠤ ᠠᠵᠢᠯ ᠢ ᠪᠦᠷᠢᠳᠭᠡᠭᠰᠡᠨ ᠪᠠᠢᠳᠠᠯ ᠂2017 ᠤᠨ ᠤ ᠠᠵᠢᠯ ᠤᠨ ᠡᠭᠦᠷᠭᠡ ᠵᠢ ᠳᠤᠬᠢᠷᠠᠭᠤᠯᠵᠤ᠂ ᠵᠡᠷᠭᠡᠪᠡᠷ ᠲᠤᠭᠠᠴᠢᠯᠠᠭᠰᠠᠨ ᠰᠢᠭᠦᠬᠦ ᠬᠣᠷᠢᠶᠠᠨ ᠤ ᠰᠢᠰᠲ᠋ᠧᠮ ᠤᠨ ᠬᠡᠷᠡᠭ ᠤᠨ ᠶᠠᠰᠤ ᠴᠢᠨᠠᠷ ᠢ ᠦᠨᠡᠯᠡᠨ ᠵᠢᠱᠢᠬᠦ ᠳᠤᠭᠲᠠᠯᠴᠠᠭ᠎ᠠ ᠵᠢᠴᠢ2017 ᠤᠨ ᠤ ᠰᠢᠭᠦᠨ ᠳᠠᠰᠤᠯᠠᠬᠤ ᠬᠠᠷᠠᠯᠲᠠ ᠠᠵᠢᠯ ᠤᠨ ᠪᠦᠲᠦᠮᠵᠢ ᠵᠢ ᠬᠢᠨᠠᠨ ᠰᠢᠯᠭᠠᠬᠤ ᠪᠠᠷᠢᠮᠵᠢᠶ᠎ᠠ ᠵᠢ ᠵᠠᠷᠯᠠᠪᠠ᠃ ᠬᠤᠶᠠᠷ ᠨᠢ ᠬᠤᠸᠠ ᠢᠦᠢ ᠺᠣᠮᠫᠠᠨᠢ ᠢᠨᠵᠢᠨᠧᠷᠢᠩ ᠡᠴᠡ ᠲᠤᠭᠠᠴᠢᠯᠠᠭᠰᠠᠨ ᠰᠢᠭᠦᠬᠦ ᠬᠣᠷᠢᠶᠠᠨ ᠤ ᠬᠠᠮᠢᠶ᠎ᠠ ᠪᠢᠬᠦᠢ ᠲᠣᠭ᠎ᠠ ᠪᠦᠷᠢᠳᠭᠡᠯ ᠪᠣᠯᠤᠨ ᠬᠠᠢᠨ ᠡᠷᠢᠬᠦ ᠴᠢᠳᠠᠮᠵᠢ᠂ ᠠᠷᠤ ᠲᠠᠯ᠎ᠠ ᠶᠢᠨ ᠪᠡᠯᠡᠳᠭᠡᠯ ᠳᠥᠬᠦᠷ ᠵᠢᠴᠢ ᠣᠶᠤᠨᠴᠢᠯᠠᠭᠰᠠᠨ ᠰᠢᠭᠦᠬᠦ ᠬᠤᠷᠢᠶ᠎ᠠ3.0 ᠤᠨ ᠬᠡᠷᠡᠭᠯᠡᠯᠲᠡ ᠵᠢ ᠲᠤᠰᠪᠥᠷᠢ ᠲᠠᠨᠢᠯᠴᠡᠭᠤᠯᠪᠠ᠃
ᠪᠣᠯᠪᠠᠰᠤᠷᠠᠯ ᠳᠡᠭᠡᠷ᠎ᠡ᠂ ᠥᠨᠳᠦᠷ ᠵᠡᠷᠭᠡ ᠶᠢᠨ ᠰᠢᠭᠦᠬᠦ ᠬᠣᠷᠢᠶᠠᠨ ᠤ ᠰᠢᠭᠦᠬᠦ ᠳᠤ ᠬᠢᠨᠠᠯᠲᠠ ᠲᠠᠯᠪᠢᠬᠤ ᠠᠯᠪᠠᠨ ᠭᠡᠷ ᠤᠨ ᠳᠡᠳ᠋ ᠡᠷᠬᠢᠯᠡᠭᠴᠢ ᠤᠯᠠᠭᠠᠨ ᠡᠴᠡ2017ᠤᠨ ᠤ ᠲᠣᠭ᠎ᠠ ᠪᠦᠷᠢᠳᠭᠡᠯ ᠤᠨ ᠠᠵᠢᠯ ᠤᠨ ᠭᠣᠣᠯᠳᠠᠯᠭ᠎ᠠ ᠲᠠᠢ ᠡᠭᠦᠷᠭᠡ ᠵᠢ ᠲᠣᠳᠤᠷᠬᠠᠢ ᠳᠤᠷᠠᠳᠪᠠ᠄ ᠨᠢᠭᠡ ᠳᠤ ᠬᠠᠭᠤᠴᠢᠨ ᠬᠡᠯᠪᠡᠷᠢ ᠶᠢᠨ ᠬᠠᠤᠯᠢ ᠴᠠᠭᠠᠵᠠ ᠶᠢᠨ ᠲᠣᠭ᠎ᠠ ᠪᠦᠷᠢᠳᠭᠡᠯ ᠤᠨ ᠬᠦᠰᠦᠨᠦᠭᠲᠦ(48 ᠬᠠᠭᠤᠳᠠᠰᠤ) ᠢ ᠪᠠᠢᠭᠤᠯᠵᠤ ᠳᠡᠭᠡᠭᠰᠢ ᠮᠡᠳᠡᠭᠦᠯᠬᠦ ᠠᠵᠢᠯ ᠢᠶᠡᠨ ᠦᠷᠭᠦᠯᠵᠢᠯᠡᠨ ᠰᠠᠢᠲᠤᠷ ᠬᠢᠨ᠎ᠡ᠂ ᠢᠯᠠᠩᠭᠤᠶ᠎ᠠ《 ᠡᠷᠡᠭᠦᠦ ᠶᠢᠨ ᠬᠡᠷᠡᠭ ᠤᠨ ᠵᠠᠭᠠᠯᠳᠤᠭᠳᠠᠭᠴᠢ ᠶᠢᠨ ᠰᠢᠭᠦᠨ ᠳᠠᠰᠤᠯᠠᠯᠲᠠ ᠶᠢᠨ ᠬᠦᠴᠦᠨ ᠲᠠᠢ ᠪᠣᠯᠤᠭᠰᠠᠨ ᠪᠠᠢᠳᠠᠯ ᠤᠨ ᠲᠣᠭ᠎ᠠ ᠪᠦᠷᠢᠳᠭᠡᠯ ᠤᠨ ᠬᠦᠰᠦᠨᠦᠭᠲᠦ》᠂ ᠮᠥᠨ ᠬᠦᠴᠦᠨ ᠲᠠᠢ ᠪᠣᠯᠤᠭᠰᠠᠨ ᠮᠡᠳᠡᠭᠡ ᠵᠠᠩᠭᠢ ᠵᠢ ᠲᠠᠭᠯᠠᠨ ᠮᠡᠳᠡᠭᠦᠯᠦᠭᠰᠡᠨ ᠪᠠᠢᠳᠠᠯ ᠢ ᠵᠠᠷᠯᠠᠬᠤ ᠪᠡᠨ ᠴᠢᠩᠭᠠᠳᠭᠠᠨ᠎ᠠ᠃ ᠬᠤᠶᠠᠷ ᠨᠢ ᠬᠡᠷᠡᠭ ᠢ ᠰᠢᠭᠦᠨ ᠪᠠᠢᠴᠠᠭᠠᠵᠤ ᠲᠡᠭᠦᠰᠭᠡᠬᠦ ᠱᠠᠲᠤᠨ ᠤ ᠪᠤᠢ ᠪᠥᠬᠦᠢ ᠶᠠᠪᠤᠴᠠ ᠶᠢᠨ ᠵᠠᠩᠭᠢᠯᠠᠭ᠎ᠠ ᠵᠢ ᠴᠢᠩᠭ᠎ᠠ ᠡᠵᠡᠮᠳᠡᠵᠦ᠂ ᠬᠡᠷᠡᠭ ᠤᠨ ᠮᠡᠳᠡᠭᠡ ᠵᠠᠩᠭᠢ ᠵᠢ ᠣᠷᠤᠭᠤᠯᠤᠭᠰᠠᠨ ᠨᠢ ᠭᠦᠢᠴᠡᠳ ᠪᠤᠰᠤ᠂ ᠵᠥᠪ ᠪᠤᠰᠤ᠂ ᠴᠠᠭ ᠲᠤᠬᠠᠢ ᠨᠢ ᠪᠢᠰᠢ ᠪᠠᠢᠳᠠᠯ ᠭᠠᠷᠬᠤ ᠵᠢ ᠡᠷᠡᠰ ᠰᠡᠷᠭᠡᠢᠯᠡᠨ᠎ᠡ᠃ ᠭᠤᠷᠪᠠ ᠨᠢ ᠬᠦᠴᠦᠨ ᠢᠶᠡᠨ ᠲᠥᠪᠯᠡᠷᠡᠭᠦᠯᠵᠦ ᠪᠠᠢᠭᠠᠳ ᠬᠤᠶᠠᠷ ᠵᠢᠯ ᠡᠴᠡ ᠳᠡᠭᠡᠭᠰᠢ ᠪᠣᠯᠤᠭᠠᠳ ᠰᠢᠭᠦᠨ ᠪᠠᠷᠠᠭᠠᠳᠤᠢ ᠬᠡᠷᠡᠭ ᠢ ᠲᠥᠪᠯᠡᠷᠡᠭᠦᠯᠦᠨ ᠴᠡᠪᠡᠷᠯᠡᠨ᠎ᠠ᠃ ᠳᠥᠷᠪᠡ ᠨᠢ ᠲᠣᠭ᠎ᠠ ᠪᠦᠷᠢᠳᠭᠡᠯ ᠤᠨ ᠮᠠᠲ᠋ᠧᠷᠢᠶᠠᠯ ᠤᠨ ᠬᠤᠷᠢᠶᠠᠩᠭᠤᠢᠯᠠᠯ ᠢ ᠡᠮᠬᠢᠳᠭᠡᠨ ᠳᠠᠷᠤᠮᠯᠠᠬᠤ ᠪᠡᠨ ᠲᠦᠷᠭᠡᠳᠭᠡᠨ᠎ᠡ᠃ ᠡᠭᠦᠨ ᠤ ᠵᠡᠷᠭᠡᠪᠡᠷ᠂ ᠤᠯᠠᠭᠠᠨ ᠳᠡᠳ᠋ ᠡᠷᠬᠢᠯᠡᠭᠴᠢ ᠡᠴᠡ ᠡᠯ᠎ᠡ ᠱᠠᠲᠤᠨ ᠤ ᠰᠢᠭᠦᠬᠦ ᠬᠣᠷᠢᠶᠠᠨ ᠡᠴᠡ ᠪᠠᠷᠢᠮᠵᠢᠶᠠᠵᠢᠭᠰᠠᠨ ᠬᠠᠤᠯᠢ ᠴᠠᠭᠠᠵᠠ ᠶᠢᠨ ᠲᠣᠭ᠎ᠠ ᠬᠡᠮᠵᠢᠭᠳᠡᠯ ᠢ ᠨᠢᠭᠡᠳᠭᠡᠬᠦ ᠠᠵᠢᠯ ᠢ ᠢᠳᠡᠪᠬᠢᠲᠠᠢ ᠪᠡᠷ ᠨᠠᠢᠳᠠᠪᠤᠷᠢᠵᠢᠭᠤᠯᠵᠤ᠂ ᠰᠠᠭᠤᠷᠢ ᠪᠡᠨ ᠪᠠᠲᠤ ᠲᠠᠯᠪᠢᠭᠰᠡᠨ ᠤ ᠰᠠᠭᠤᠷᠢᠨ ᠳᠡᠭᠡᠷ᠎ᠡ᠂ ᠠᠵᠢᠯ ᠤᠨ ᠣᠪᠤᠷ ᠪᠠ ᠨᠠᠷᠢᠨ ᠪᠠᠢᠳᠠᠯ ᠤᠨ ᠲᠠᠯ᠎ᠠ ᠪᠡᠷ ᠠᠩᠬᠠᠷᠴᠤ᠂ ᠡᠯ᠎ᠡ ᠲᠣᠭ᠎ᠠ ᠪᠥᠢᠳᠬᠡᠯ ᠤᠨ ᠬᠥᠮᠦᠰ ᠲᠣᠬᠢᠷᠠᠭᠤᠯᠭ᠎ᠠ ᠬᠢᠭᠰᠡᠨ ᠤ ᠳᠠᠷᠠᠭᠠᠬᠢ ᠪᠦᠷᠢᠳᠭᠡᠯ ᠤᠨ ᠲᠣᠭ᠎ᠠ ᠪᠠᠷᠢᠮᠲᠠ ᠵᠢ ᠴᠤᠭᠯᠠᠭᠤᠯᠬᠤ ᠳᠤᠭᠲᠠᠴᠠ ᠳᠤ ᠳᠠᠳᠴᠤ᠂ ᠲᠣᠭ᠎ᠠ ᠪᠠᠢᠮᠲᠠ ᠶᠢᠨ ᠪᠣᠳᠠᠲᠤ ᠴᠢᠨᠠᠷ᠂ ᠵᠥᠪ ᠣᠨᠤᠪᠴᠢᠲᠠᠢ ᠴᠢᠨᠠᠷ ᠢ ᠪᠠᠲᠤᠯᠠᠵᠤ᠂ ᠡᠯ᠎ᠡ ᠲᠥᠷᠦᠯ ᠤᠨ ᠪᠦᠷᠢᠳᠭᠡᠯ ᠤᠨ ᠲᠣᠭ᠎ᠠ ᠪᠠᠷᠢᠮᠲᠠ ᠶᠢᠨ ᠠᠵᠢᠯ ᠢ ᠰᠠᠢᠲᠤᠷ ᠬᠢᠵᠦ᠂2017ᠤᠨ ᠤ ᠪᠦᠷᠢᠳᠭᠡᠯ ᠤᠨ ᠠᠵᠢᠯ ᠤᠨ ᠤᠷᠤᠭᠰᠢᠲᠠᠢ ᠶᠠᠪᠤᠭᠳᠠᠬᠤ ᠵᠢ ᠪᠠᠲᠤᠯᠠᠬᠤ ᠬᠡᠷᠡᠭᠲᠠᠢ ᠭᠡᠵᠦ ᠴᠢᠩᠭᠠᠳᠭᠠᠪᠠ᠃
ᠳᠠᠷᠠᠭ᠎ᠠ ᠨᠢ᠂ ᠤᠯᠠᠭᠠᠨ ᠳᠡᠳ᠋ ᠡᠷᠬᠢᠯᠡᠭᠴᠢ ᠵᠢᠴᠢ ᠵᠠᠩ ᠹᠸᠩ ᠱᠢᠤᠸᠠᠢ ᠰᠠᠯᠠᠭᠠᠨ ᠳᠠᠷᠤᠭ᠎ᠠ ᠡᠴᠡ2017ᠤᠨ ᠤ ᠰᠢᠭᠦᠨ ᠳᠠᠰᠤᠯᠠᠬᠤ ᠬᠠᠷᠠᠯᠲᠠ ᠠᠵᠢᠯ ᠤᠨ ᠪᠦᠲᠦᠮᠵᠢ ᠵᠢ ᠬᠢᠨᠠᠨ ᠰᠢᠯᠭᠠᠬᠤ ᠪᠠᠷᠢᠮᠵᠢᠶ᠎ᠠ ᠵᠢ ᠲᠡᠰ ᠳᠠᠷᠠᠭᠠᠯᠠᠨ ᠲᠠᠢᠯᠪᠤᠷᠢᠯᠠᠵᠤ᠂ ᠪᠠᠷᠢᠮᠵᠢᠶ᠎ᠠ ᠪᠦᠷᠢ ᠵᠢ ᠳᠤᠬᠢᠷᠠᠭᠤᠯᠤᠭᠰᠠᠨ ᠬᠠᠷᠠᠯᠲᠠ᠂ ᠦᠨᠡᠯᠡᠬᠦ ᠪᠠᠷᠢᠮᠵᠢᠶ᠎ᠠ ᠪᠣᠯᠤᠨ ᠪᠤᠳᠤᠬᠤ ᠲᠤᠮᠢᠶ᠎ᠠ ᠬᠢᠭᠡᠳ ᠬᠢᠨᠠᠨ ᠰᠢᠯᠭᠠᠬᠤ ᠬᠠᠮᠢᠶ᠎ᠠ ᠪᠥᠬᠦᠢ ᠠᠭᠤᠯᠭ᠎ᠠ ᠵᠢ ᠲᠠᠢᠯᠪᠤᠷᠢᠯᠠᠵᠤ᠂ ᠬᠢᠨᠠᠨ ᠰᠢᠯᠭᠠᠯᠲᠠ ᠨᠢ6 ᠪᠠᠷᠢᠮᠵᠢᠶᠠᠨ ᠳᠤ ᠬᠣᠯᠪᠤᠭᠳᠠᠵᠤ( ᠭᠦᠢᠴᠡᠳᠬᠡᠬᠦ ᠵᠢ ᠬᠢᠨᠠᠨ ᠰᠢᠯᠭᠠᠬᠤ ᠪᠠᠷᠢᠮᠵᠢᠶᠠᠨ ᠡᠴᠡ ᠭᠠᠳᠠᠨ᠎ᠠ)᠂ ᠨᠡᠢᠲᠡ29 ᠬᠤᠪᠢ ᠪᠠᠢᠵᠤ᠂ ᠲᠤᠰᠪᠤᠷᠢ ᠨᠢᠭᠡᠳᠦᠭᠡᠷ ᠰᠢᠭᠦᠯᠲᠡ ᠶᠢᠨ ᠰᠢᠭᠦᠨ ᠳᠠᠰᠤᠯᠠᠭᠰᠠᠨ ᠬᠡᠷᠡᠭ ᠤᠨ ᠰᠢᠭᠦᠨ ᠳᠠᠰᠤᠯᠠᠯᠲᠠ ᠵᠢ ᠥᠭᠡᠷᠡᠴᠢᠯᠡᠨ ᠪᠤᠴᠠᠭᠠᠵᠤ ᠲᠠᠬᠢᠨ ᠰᠢᠭᠦᠭᠰᠡᠨ ᠨᠤᠷᠮ᠎ᠠ᠂ ᠬᠣᠶᠠᠳᠤᠭᠠᠷ ᠰᠢᠭᠦᠯᠲᠡ ᠶᠢᠨ ᠰᠢᠭᠦᠨ ᠳᠠᠰᠤᠯᠠᠯᠲᠠ ᠵᠢ ᠥᠭᠡᠷᠡᠴᠢᠯᠡᠨ ᠪᠤᠠᠭᠠᠵᠤ ᠳᠠᠬᠢᠨ ᠰᠢᠭᠦᠭᠰᠡᠨ ᠨᠤᠷᠮ᠎ᠠ᠂ ᠨᠢᠭᠡᠳᠦᠭᠡᠷ ᠰᠢᠭᠦᠯᠲᠡ ᠶᠢᠨ ᠢᠷᠭᠡᠨ ᠤ ᠬᠡᠷᠡᠭ ᠤᠨ ᠳᠥᠭᠦᠮ ᠵᠢᠷᠤᠮ ᠢ ᠬᠡᠷᠡᠭᠯᠡᠭᠰᠡᠨ ᠨᠤᠷᠮ᠎ᠠ᠂ ᠰᠢᠭᠦᠨ ᠳᠠᠰᠤᠯᠠᠯᠲᠠ ᠶᠢᠨ ᠬᠤᠭᠤᠴᠠᠭᠠᠯᠠᠯ ᠢ ᠤᠷᠲᠤᠳᠭᠠᠭᠰᠠᠨ ᠪᠠ ᠬᠠᠰᠤᠭᠰᠠᠨ ᠤ ᠰᠢᠭᠦᠨ ᠳᠠᠭᠤᠰᠭᠠᠭᠰᠠᠨ ᠬᠠᠷᠢᠴᠠᠯ᠂ ᠨᠢᠭᠡᠳᠦᠭᠡᠷ ᠰᠢᠭᠦᠯᠲᠡ ᠶᠢᠨ ᠲᠤᠬᠠᠢ ᠶᠢᠨ ᠲᠢᠩᠬᠢᠮ ᠳᠤ ᠳᠠᠰᠤᠯᠠᠨ ᠳᠤᠭᠲᠠᠭᠠᠭᠰᠠᠨ ᠨᠤᠷᠮ᠎ᠠ᠂ ᠢᠷᠭᠡᠨ ᠤ ᠬᠡᠷᠡᠭ ᠤᠨ ᠡᠶᠡᠳᠡᠭᠦᠯᠦᠨ ᠪᠤᠴᠠᠭᠠᠭᠰᠠᠨ ᠨᠤᠷᠮ᠎ᠠ ᠵᠡᠷᠭᠡ᠃ ᠡᠭᠦᠨ ᠤ ᠵᠡᠷᠭᠡᠪᠡᠷ᠂ ᠪᠠᠰᠠ2017ᠤᠨ ᠤ ᠬᠡᠷᠡᠭ ᠤᠨ ᠶᠠᠰᠤ ᠴᠢᠨᠠᠷ ᠤᠨ ᠦᠨᠡᠯᠡᠯᠲᠡ ᠶᠢᠨ ᠲᠣᠭᠲᠠᠴᠠ ᠳᠤᠮᠳᠠᠬᠢ ᠲᠥᠪ ᠭᠣᠣᠯᠴᠢ᠂ ᠪᠦᠲᠦᠮᠵᠢ᠂ ᠦᠷ᠎ᠡ ᠳ᠋ᠦᠩ ᠭᠤᠷᠪᠠᠨ ᠶᠡᠬᠡ ᠪᠠᠷᠢᠮᠵᠢᠶᠠᠨ ᠤ ᠪᠠᠭᠲᠠᠭᠠᠭᠰᠠᠨ31 ᠪᠠᠭ᠎ᠠ ᠪᠠᠷᠢᠮᠵᠢᠶᠠᠨ ᠳᠤ ᠪᠤᠲᠠᠲᠠᠢ ᠲᠠᠢᠯᠤᠮᠵᠢ ᠬᠢᠪᠡ᠃
ᠬᠠᠮᠤᠭ ᠰᠡᠭᠦᠯ ᠳᠤ ᠨᠢ᠂ ᠬᠤᠸᠠ ᠢᠦᠢ ᠺᠣᠮᠫᠠᠨᠢ ᠶᠢᠨ ᠬᠠᠮᠢᠶ᠎ᠠ ᠪᠥᠬᠦᠢ ᠢᠨᠵᠢᠨᠧᠷᠢᠩ ᠡᠴᠡ ᠪᠤᠯᠪᠤᠰᠤᠷᠠᠯ ᠳᠤ ᠣᠷᠤᠯᠴᠠᠭᠰᠠᠳ ᠲᠤ ᠲᠤᠭᠠᠴᠢᠯᠠᠭᠰᠠᠨ ᠰᠢᠭᠦᠬᠦ ᠲᠢᠩᠬᠢᠮ ᠤᠨ ᠳᠡᠭᠡᠳᠦ ᠵᠡᠷᠭᠡ ᠶᠢᠨ ᠬᠠᠢᠨ ᠡᠷᠢᠬᠦ ᠴᠢᠳᠠᠮᠵᠢ ᠵᠢᠴᠢ ᠠᠷᠤ ᠲᠠᠯ᠎ᠠ ᠶᠢᠨ ᠪᠡᠯᠡᠳᠭᠡᠯ ᠲᠥᠭᠦᠷ ᠢ ᠲᠠᠨᠢᠯᠴᠠᠭᠤᠯᠵᠤ᠂ ᠵᠡᠷᠭᠡᠪᠡᠷ ᠪᠠᠰᠠ ᠰᠢᠨ᠎ᠡ ᠬᠠᠭᠤᠴᠢᠨ ᠬᠠᠤᠯᠢ ᠴᠠᠭᠠᠵᠠ ᠶᠢᠨ ᠪᠦᠷᠢᠳᠭᠡᠯ ᠤᠨ ᠬᠦᠰᠦᠨᠦᠭᠲᠦ ᠶᠢᠨ ᠠᠳᠠᠯᠢ ᠪᠤᠰᠤ ᠡᠷᠢᠬᠦ ᠠᠷᠭ᠎ᠠ ᠵᠢ ᠲᠠᠢᠯᠪᠤᠷᠢᠯᠠᠵᠤ᠂ ᠬᠠᠮᠤᠭ ᠰᠡᠭᠦᠯ ᠳᠤ ᠨᠢ ᠪᠣᠯᠪᠠᠰᠤᠷᠠᠯ ᠳᠤ ᠣᠷᠤᠯᠴᠠᠭᠰᠠᠳ ᠲᠤ ᠬᠣᠢᠰᠢᠬᠢ ᠶᠢᠨ ᠤᠶᠤᠨᠴᠢᠯᠠᠭᠰᠨ ᠰᠢᠭᠦᠬᠦ ᠬᠣᠷᠢᠶᠠᠨ ᠤ ᠬᠠᠮᠢᠶ᠎ᠠ ᠪᠥᠬᠦᠢ ᠪᠦᠲᠦᠭᠡᠨ ᠪᠠᠢᠭᠤᠯᠤᠯᠲᠠ ᠵᠢ ᠳᠡᠯᠭᠡᠨ ᠦᠵᠡᠭᠦᠯᠪᠡ᠃ ᠵᠢᠱᠢᠶᠡᠯᠡᠪᠡᠯ ᠤᠶᠤᠨᠴᠢᠯᠠᠭᠰᠨ ᠦᠭᠡ ᠶᠠᠷᠢᠶᠠᠨ ᠤ ᠢᠯᠭᠠᠨ ᠲᠠᠨᠢᠬᠤ ᠮᠡᠷᠭᠡᠵᠢᠯ ᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠳᠦᠷᠢᠯᠡᠭᠴᠢ ᠪᠡᠷ ᠦᠭᠡ ᠬᠡᠯᠡ ᠵᠢ ᠬᠤᠪᠢᠷᠠᠭᠤᠯᠤᠨ ᠪᠢᠴᠢᠬᠦ ᠵᠢ ᠪᠤᠲᠠᠲᠠᠢᠵᠢᠭᠤᠯᠵᠤ᠂ ᠢᠯᠭᠠᠨ ᠲᠠᠨᠢᠬᠤ ᠨᠤᠷᠮ᠎ᠠ ᠵᠢ90% ᠬᠦᠷᠭᠡᠵᠦ᠂ ᠭᠡᠪᠡᠴᠦ ᠨᠤᠲᠤᠭ ᠤᠨ ᠠᠶᠠᠯᠭᠤ ᠪᠠ ᠴᠥᠭᠡᠨ ᠲᠤᠭᠠᠳᠤ ᠦᠨᠳᠦᠰᠦᠲᠡᠨ ᠤ ᠦᠭᠡ ᠬᠡᠯᠡ ᠬᠠᠷᠠᠬᠠᠨ ᠰᠣᠳᠤᠯᠠᠬᠤ ᠬᠡᠪᠴᠢᠶᠠᠨ ᠳᠤ ᠦᠭᠡᠢ ᠪᠠᠢᠭᠰᠠᠭᠠᠷ᠃ ᠲᠢᠩᠬᠢᠮ ᠤᠨ ᠰᠢᠭᠦᠯᠲᠡ ᠶᠢᠨ ᠣᠶᠤᠨᠴᠢ ᠪᠡᠷ ᠲᠣᠭᠤᠷᠢᠨ ᠪᠠᠢᠴᠠᠭᠠᠬᠤ ᠨᠢ ᠲᠢᠩᠬᠢᠮ ᠤᠨ ᠰᠢᠭᠦᠯᠲᠡ ᠶᠢᠨ ᠮᠡᠳᠡᠭᠡ ᠵᠠᠩᠭᠢ ᠵᠢ ᠥᠪᠡᠷᠲᠡᠭᠡᠨ ᠪᠠᠢᠴᠠᠭᠠᠬᠤ ᠵᠢ ᠪᠡᠶᠡᠯᠡᠭᠦᠯᠵᠦ᠂ ᠡᠭᠦᠨ ᠢᠶᠡᠷ ᠳᠠᠮᠵᠢᠭᠤᠯᠤᠨ ᠰᠢᠭᠦᠭᠴᠢ ᠶᠢᠨ ᠲᠢᠩᠬᠢᠮ ᠤᠨ ᠰᠢᠭᠦᠯᠲᠡ ᠶᠢᠨ ᠦᠢᠯᠡ ᠠᠵᠢᠯᠠᠯᠭ᠎ᠠ ᠵᠢ ᠳᠦᠷᠢᠮᠵᠢᠭᠦᠯᠵᠦ᠂ ᠳᠠᠭᠤ ᠳᠦᠷᠰᠦ ᠶᠢᠨ ᠴᠢᠨᠠᠷ ᠢ ᠪᠠᠲᠤᠯᠠᠨ᠎ᠠ᠃ ᠣᠶᠤᠨᠴᠢᠯᠠᠭᠰᠠᠨ ᠵᠠᠭᠠᠯᠳᠤᠯᠭ᠎ᠠ ᠶᠢᠨ ᠦᠢᠯᠡᠴᠢᠯᠡᠭᠡ ᠨᠢ ᠣᠶᠤᠨᠴᠢᠯᠠᠭᠰᠠᠨ ᠮᠠᠲ᠋ᠧᠷᠢᠶᠠᠯ ᠢ ᠬᠦᠯᠢᠶᠡᠨ ᠰᠢᠯᠵᠢᠭᠦᠯᠬᠦ ᠰᠦᠯᠵᠢᠶᠠᠨ ᠬᠣᠷᠭᠤ ᠪᠣᠯᠤᠨ ᠣᠶᠤᠨᠴᠢᠯᠠᠭᠰᠠᠨ ᠵᠠᠭᠠᠯᠳᠤᠯᠭ᠎ᠠ ᠶᠢᠨ ᠮᠠᠰᠢᠨ ᠬᠥᠮᠦᠨ ᠨᠡᠮᠡᠭᠰᠡᠨ ᠵᠡᠷᠭᠡ᠃《 ᠣᠶᠤᠨᠴᠢᠯᠠᠭᠰᠠᠨ ᠰᠢᠭᠦᠬᠦ ᠬᠣᠷᠢᠶᠠᠨ》 ᠤ ᠪᠠᠢᠭᠤᠯᠤᠯᠲᠠ ᠪᠡᠷ ᠳᠠᠮᠵᠢᠨ᠂ ᠬᠥᠮᠦᠨ ᠤ ᠬᠦᠴᠦ ᠢ ᠶᠡᠬᠡᠪᠡᠷ ᠴᠢᠯᠦᠭᠡᠯᠡᠨ᠂ ᠬᠡᠷᠡᠭ ᠤᠨ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠳᠤ ᠬᠠᠪᠰᠤᠷᠤᠮᠵᠢ ᠪᠣᠯᠵᠤ᠂ ᠡᠭᠦᠨ ᠢᠶᠡᠷ ᠳᠠᠮᠵᠢᠭᠤᠯᠤᠨ ᠠᠷᠠᠳ ᠤᠯᠠᠨ ᠤ ᠬᠠᠤᠯᠢ ᠴᠠᠭᠠᠵᠠ ᠶᠢᠨ ᠣᠯᠤᠯᠲᠠ ᠶᠢᠨ ᠲᠥᠷᠦᠭᠳᠡᠯ ᠢ ᠨᠢ ᠴᠢᠩᠭᠠᠳᠭᠠᠨ᠎ᠠ᠃
ᠦᠨᠡᠯᠡᠬᠦ 0ᠦᠨᠡᠯᠡᠯᠲᠡ ᠲᠠᠢ