ᠠᠷᠠᠳ ᠤᠨ ᠳᠡᠭᠡᠲᠦ ᠵᠡᠷᠭᠡ ᠶᠢᠨ ᠰᠢᠭᠦᠬᠦ ᠬᠣᠷᠢᠶᠠᠨ ᠤ ᠨᠣᠮ ᠤᠩᠰᠢᠬᠤ ᠤᠷᠢᠶᠠᠯᠭ᠎ᠠ ᠳᠤ ᠴᠤᠤᠷᠢᠶᠠᠳᠤᠨ ᠳᠠᠯᠠᠳ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠤ ᠬᠣᠷᠢᠶᠠᠨ ᠳᠠᠷᠤᠭ᠎ᠠ ᠡᠴᠡ ᠪᠥᠬᠦ
2017.04.14 ᠲᠣᠰ ᠥᠷᠲᠡᠭᠡᠨ ᠦ ᠨᠠᠢᠷᠠᠭᠤᠯᠤᠭᠴᠢ

ᠠᠷᠠᠳ ᠤᠨ ᠳᠡᠭᠡᠲᠦ ᠵᠡᠷᠭᠡ ᠶᠢᠨ ᠰᠢᠭᠦᠬᠦ ᠬᠣᠷᠢᠶᠠᠨ ᠤ ᠨᠣᠮ ᠤᠩᠰᠢᠬᠤ ᠤᠷᠢᠶᠠᠯᠭ᠎ᠠ ᠳᠤ ᠴᠤᠤᠷᠢᠶᠠᠳᠤᠨ   ᠳᠠᠯᠠᠳ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠤ ᠬᠣᠷᠢᠶᠠᠨ ᠳᠠᠷᠤᠭ᠎ᠠ ᠡᠴᠡ ᠪᠥᠬᠦ ᠬᠣᠷᠢᠶᠠᠨ ᠤ ᠺᠠᠲᠠᠷ ᠴᠠᠭᠳᠠᠭ᠎ᠠ ᠳᠤ ᠨᠣᠮ ᠲᠠᠨᠢᠯᠴᠠᠭᠤᠯᠪᠠ

ᠵᠣᠬᠢᠶᠠᠭᠴᠢ᠄ ᠳᠠᠯᠠᠳ ᠬᠣᠰᠢᠭᠤᠨ ᠤ ᠠᠷᠠᠳ ᠤᠨ ᠰᠢᠭᠦᠬᠦ ᠬᠤᠷᠢᠶ᠎ᠠ

 

    ᠪᠥᠬᠦ ᠬᠡᠰᠢᠭᠦᠨ ᠤ ᠨᠣᠮ ᠤᠩᠰᠢᠬᠤ ᠬᠥᠳᠡᠯᠭᠡᠭᠡᠨ ᠢ ᠥᠷᠨᠢᠭᠦᠯᠬᠦ ᠨᠢ ᠪᠥᠬᠦ ᠤᠯᠤᠰ ᠤᠨ ᠥᠨᠳᠦᠷ ᠵᠡᠷᠭᠡ ᠶᠢᠨ ᠰᠢᠭᠦᠬᠦ ᠬᠣᠷᠢᠶᠠᠨ ᠤ ᠬᠣᠷᠢᠶᠠᠨ ᠳᠠᠷᠤᠭ᠎ᠠ ᠨᠠᠷ ᠤᠨ ᠬᠤᠷᠠᠯ ᠤᠨ ᠪᠠᠢᠷᠢᠯᠠᠭᠤᠯᠤᠯᠲᠠ ᠶᠢᠨ ᠨᠢᠭᠡ ᠲᠥᠷᠦᠯ ᠤᠨ ᠡᠩᠨᠡᠭᠡᠨ ᠤ ᠪᠠᠢᠭᠤᠯᠤᠯᠲᠠ ᠶᠢᠨ ᠴᠢᠬᠤᠯᠠ ᠡᠭᠦᠷᠭᠡ ᠪᠠᠢᠵᠤ᠂ ᠺᠠᠲᠠᠷ ᠴᠠᠭᠳᠠᠭᠠᠨ ᠤ ᠬᠦᠰᠡᠯᠡᠩ ᠢᠲᠡᠭᠡᠯ ᠵᠣᠷᠢᠭ ᠤᠨ ᠬᠥᠮᠦᠵᠢᠯ ᠢ ᠴᠢᠩᠭᠠᠳᠭᠠᠵᠤ᠂ ᠰᠢᠭᠦᠬᠦ ᠬᠣᠷᠢᠶᠠᠨ ᠤ ᠡᠩᠨᠡᠭᠡᠨ ᠤ ᠲᠤᠬᠠᠢᠯᠠᠭᠰᠠᠨ ᠠᠵᠢᠯ ᠤᠨ ᠵᠣᠷᠢᠭ ᠰᠠᠨᠠᠭ᠎ᠠ ᠵᠢ ᠬᠥᠮᠦᠵᠢᠭᠦᠯᠬᠦ ᠨᠢᠭᠡ ᠲᠥᠷᠦᠯ ᠤ ᠴᠢᠬᠤᠯᠠ ᠠᠷᠭ᠎ᠠ ᠬᠡᠯᠪᠡᠷᠢ ᠪᠣᠯᠤᠨ᠎ᠠ᠃ 23 ᠳ᠋ᠤᠭᠠᠷ ᠬᠤᠭᠤᠴᠠᠭᠠᠨ ᠤ ᠳᠡᠯᠡᠬᠡᠢ ᠶᠢᠨ ᠨᠣᠮ ᠤᠩᠰᠢᠬᠤ ᠡᠳᠦᠷ  ᠬᠦᠷᠴᠦ ᠢᠷᠡᠬᠦ ᠭᠡᠵᠦ ᠪᠠᠢᠭ᠎ᠠ ᠳᠠᠰᠢᠷᠠᠮ ᠳᠤ᠂ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠡᠴᠡ ᠳᠣᠷᠤᠭᠰᠢ ᠮᠡᠳᠡᠭᠳᠡᠯ  ᠪᠠᠭᠤᠯᠭᠠᠵᠤ᠂  ᠪᠥᠬᠦ ᠬᠣᠷᠢᠶᠠᠨ ᠤ ᠡᠯ᠎ᠡ ᠳᠡᠰ ᠤᠨ ᠰᠢᠭᠦᠬᠦ ᠬᠣᠷᠢᠶᠠᠨ ᠳᠤ  ᠪᠠᠢᠷᠢᠯᠠᠭᠤᠯᠲᠠ ᠬᠢᠵᠦ《 ᠬᠦᠰᠡᠯᠡᠩ ᠢᠳᠡᠭᠡᠯ ᠵᠣᠷᠢᠭ ᠢ  ᠵᠢ ᠪᠠᠲᠤ ᠪᠣᠯᠭᠠᠵᠤ᠂ ᠬᠠᠤᠯᠢ ᠪᠠᠷ ᠵᠠᠰᠠᠬᠤ ᠢᠲᠡᠭᠡᠯ ᠪᠢᠰᠢᠷᠡᠯ ᠢ ᠨᠢ ᠪᠠᠲᠤ ᠪᠣᠯᠭᠠᠬᠤ》 ᠪᠥᠬᠦ ᠬᠡᠰᠢᠭᠦᠨ ᠤ ᠨᠣᠮ ᠤᠩᠰᠢᠬᠤ ᠬᠥᠳᠡᠯᠭᠡᠭᠡᠨ ᠢ ᠥᠷᠨᠢᠭᠦᠯᠪᠡ᠃

     ᠺᠠᠲᠠᠷ ᠴᠠᠭᠳᠠᠭᠠᠨ ᠤ ᠨᠣᠮ  ᠤᠩᠰᠢᠬᠤ ᠬᠠᠯᠠᠮᠰᠢᠯ ᠢ ᠥᠷᠨᠢᠭᠦᠯᠵᠦ᠂ ᠺᠠᠲᠠᠷ ᠴᠠᠭᠳᠠᠭ᠎ᠠ ᠵᠢ ᠵᠢᠯᠤᠭᠤᠳᠤᠨ ᠨᠣᠮ ᠤᠩᠰᠢᠬᠤ ᠳᠤᠷᠠᠲᠠᠢ ᠪᠣᠯᠬᠤ ᠂ ᠤᠯᠠᠨ ᠨᠣᠮ ᠤᠩᠰᠢᠬᠤ᠂ ᠰᠠᠢᠨ ᠨᠣᠮ ᠤᠩᠰᠢᠬᠤ ᠵᠢ  ᠵᠢᠯᠤᠭᠤᠳᠬᠤ ᠶᠢᠨ ᠲᠤᠯᠠᠲᠠ᠂ ᠳᠠᠯᠠᠳ ᠬᠣᠰᠢᠭᠤᠨ ᠤ ᠠᠷᠠᠳ ᠤᠨ ᠰᠢᠭᠦᠬᠦ ᠬᠣᠷᠢᠶᠠᠨ  ᠤ ᠨᠠᠮ᠎ ᠤᠨ ᠤᠳᠤᠷᠢᠳᠬᠤ ᠳᠤᠭᠤᠢᠯᠠᠩ ᠤᠨ ᠱᠦᠵᠢ᠂ ᠬᠣᠷᠢᠶᠠᠨ ᠳᠠᠷᠤᠭ᠎ᠠ ᠶᠠᠩ ᠴᠦᠨ ᠶᠠᠨ ᠨᠥᠬᠦᠷ ᠡᠴᠡ ᠪᠥᠬᠦ ᠬᠣᠷᠢᠶᠠᠨ ᠤ ᠺᠠᠲᠠᠷ ᠴᠠᠭᠳᠠᠭ᠎ᠠ ᠳᠤ《 ᠲᠦᠮᠡᠨ ᠤ ᠲᠥᠯᠦᠭᠡ》 ᠭᠡᠬᠦ ᠨᠣᠮ ᠢ  ᠲᠠᠨᠢᠯᠴᠠᠭᠤᠯᠪᠠ᠃ ᠲᠤᠰ ᠨᠣᠮ ᠨᠢ ᠲᠥᠪ ᠬᠣᠷᠢᠶᠠᠨ ᠤ《 ᠶᠠᠭ ᠢᠯᠳᠠᠷ ᠬᠠᠶᠠᠬᠤ ᠦᠭᠡᠢ ᠣᠪᠤᠷ ᠢᠶᠡᠷ ᠢᠯᠵᠠᠷᠠᠯ ᠢ  ᠵᠠᠰᠠᠬᠤ》  ᠱᠠᠮᠰᠢᠬᠤ ᠵᠢ ᠡᠰᠡᠷᠭᠦᠴᠠᠬᠦ ᠵᠣᠷᠢᠭ ᠰᠠᠨᠠᠭ᠎ᠠ ᠪᠠ ᠤᠯᠤᠰ ᠭᠡᠷ ᠤᠨ ᠣᠳᠣᠬᠠᠨ ᠳᠤ ᠢᠳᠡ  ᠬᠥᠭ ᠲᠠᠢ᠂ ᠰᠦᠷ ᠵᠢᠪᠬᠤᠭ᠎ᠠ ᠲᠠᠢ ᠶᠠᠪᠤᠭᠳᠠᠵᠤ ᠪᠠᠢᠭ᠎ᠠ ᠢᠯᠵᠠᠷᠠᠯ ᠢ ᠡᠰᠡᠷᠭᠦᠴᠡᠬᠦ ᠲᠡᠮᠡᠴᠡᠯ ᠢ ᠭᠦᠢᠴᠡᠳ ᠢᠯᠡᠷᠡᠭᠦᠯᠵᠦ᠂《 ᠳᠤᠮᠳᠠᠳᠤ ᠤᠯᠤᠰ ᠤᠨ ᠤᠯᠤᠰ ᠲᠥᠷᠦ ᠶᠢᠨ ᠵᠣᠬᠢᠶᠠᠯ ᠤᠨ ᠨᠢᠭᠡᠳᠦᠭᠡᠷ ᠬᠥᠮᠦᠨ》 ᠭᠡᠰᠡᠨ ᠠᠯᠲᠠᠷ ᠲᠠᠢ ᠵᠣᠬᠢᠶᠠᠯᠴᠢ᠂ ᠵᠦᠴᠦᠭᠡ ᠶᠢᠨ ᠨᠠᠢᠷᠠᠭᠤᠯᠤᠭᠴᠢ ᠵᠧᠦ ᠮᠸᠢ ᠰᠸᠨ  ᠠᠪᠤᠭᠠᠢ  ᠶᠢᠨ ᠨᠠᠢ᠍ᠮᠠᠨ ᠵᠢᠯ ᠤᠨ ᠬᠤᠭᠤᠴᠠᠭ᠎ᠠ ᠬᠡᠷᠡᠭᠰᠡᠵᠦ ᠪᠠᠢᠮᠠᠨ ᠵᠣᠬᠢᠶᠠᠨ ᠪᠦᠲᠦᠭᠡᠭᠰᠡᠨ ᠲᠣᠮᠤ ᠬᠡᠯᠪᠡᠷᠢ ᠶᠢᠨ ᠪᠤᠲᠠᠳᠤ ᠠᠬᠤᠢ ᠶᠢᠨ ᠰᠡᠳᠦᠪ ᠲᠠᠢ ᠪᠦᠲᠦᠭᠡᠯ ᠪᠣᠯᠤᠨ᠎ᠠ᠃  ᠡᠨᠡ ᠨᠢ ᠨᠢᠭᠡᠨ ᠢᠯᠵᠠᠷᠠᠯ ᠢ ᠡᠰᠡᠷᠭᠦᠴᠡᠬᠦ ᠥᠨᠳᠦᠷ ᠳᠠᠷᠤᠴᠠ ᠳᠣᠣᠷᠠᠬᠢ ᠳᠤᠮᠳᠠᠳᠤ ᠤᠯᠤᠰ ᠤᠨ ᠤᠯᠤᠰ ᠲᠥᠷᠦ ᠪᠣᠯᠤᠨ ᠨᠣᠶᠠᠳ ᠤᠨ ᠳᠠᠪᠬᠤᠷᠭ᠎ᠠ ᠶᠢᠨ ᠣᠷᠴᠢᠨ ᠤ ᠵᠢᠷᠤᠭᠯᠠᠯ ᠪᠠᠢᠵᠤ᠂ ᠲᠤᠰ ᠨᠣᠮ ᠳᠤ ᠠᠷᠠᠳ ᠤᠨ ᠳᠡᠭᠡᠳᠦ ᠵᠡᠷᠭᠡ ᠶᠢᠨ  ᠪᠠᠢᠴᠠᠭᠠᠬᠤ ᠬᠣᠷᠢᠶᠠᠨ ᠤ ᠢᠯᠵᠠᠷᠠᠯ ᠢ ᠡᠰᠡᠷᠭᠦᠴᠡᠬᠦ ᠶᠡᠷᠦᠩᠬᠡᠢ ᠲᠣᠪᠴᠢᠶᠠᠨ ᠤ ᠲᠠᠩᠨᠠᠨ ᠪᠠᠢᠴᠠᠭᠠᠬᠤ ᠭᠠᠵᠠᠷ ᠤᠨ ᠭᠠᠵᠠᠷ ᠤᠨ ᠳᠠᠷᠤᠭ᠎ᠠ ᠾᠥᠦ ᠯᠢᠶᠠᠩ ᠫᠢᠩ ᠵᠠᠷᠯᠢᠭ ᠬᠦᠯᠢᠶᠡᠵᠦ᠂ ᠭᠠᠵᠠᠷ ᠣᠷᠤᠨ ᠤ ᠪᠠᠢᠴᠠᠭᠠᠬᠤ ᠬᠣᠷᠢᠶᠠᠨ ᠳᠤ ᠬᠦᠷᠴᠦ ᠨᠢᠭᠡᠨ ᠱᠠᠮᠰᠢᠭᠰᠠᠨ ᠬᠡᠷᠡᠭ ᠢ ᠰᠢᠭᠦᠨ ᠪᠠᠢᠴᠠᠭᠠᠵᠤ᠂ ᠱᠠᠮᠰᠢᠭᠴᠢ ᠡᠲᠡᠭᠡᠳ ᠲᠠᠢ ᠦᠬᠦᠵᠦ ᠰᠡᠭᠡᠬᠦ ᠶᠢᠨ ᠲᠡᠮᠡᠴᠡᠭᠡᠨ ᠤ ᠦᠯᠢᠭᠡᠷ ᠢ ᠶᠠᠷᠢᠵᠤ᠂  ᠰᠢᠨ᠎ᠡ ᠴᠠᠭ ᠦᠶ᠎ᠡ ᠳᠤ ᠤᠷᠠᠯᠢᠭ  ᠲᠠᠬᠢᠨ ᠢᠯᠡᠷᠡᠵᠦ᠂ ᠰᠢᠨ᠎ᠡ ᠪᠠᠢᠳᠠᠯ ᠳᠣᠣᠷ᠎ᠠ ᠨᠡᠮ ᠪᠣᠯᠤᠨ ᠤᠯᠤᠰ ᠭᠡᠷ ᠤᠨ ᠢᠯᠵᠡᠷᠠᠯ ᠢ ᠡᠰᠡᠷᠭᠦᠴᠡᠬᠦ ᠶᠠᠪᠤᠴᠠ ᠶᠢᠨ ᠰᠡᠳᠭᠢᠯ ᠵᠢᠷᠦᠬᠡ ᠵᠢ ᠳᠣᠩᠰᠤᠯᠭᠠᠮ᠎ᠠ  ᠢᠯᠵᠠᠷᠠᠯ ᠢ ᠡᠰᠡᠷᠭᠦᠴᠡᠬᠦ ᠲᠡᠮᠡᠴᠡᠭᠴᠢ ᠶᠢᠨ ᠪᠠᠲᠤ ᠵᠣᠭᠰᠤᠯᠲᠠ ᠪᠠ ᠮᠢᠲᠠᠷᠠᠰᠢ ᠦᠭᠡᠢ ᠰᠥᠰᠦ ᠵᠣᠷᠢᠭ ᠢ ᠮᠠᠭᠲᠠᠨ ᠳᠠᠭᠤᠯᠠᠵᠤ᠂  ᠮᠥᠨ ᠬᠠᠮᠤᠭ ᠰᠡᠭᠦᠯ  ᠳᠤ ᠨᠢ  ᠨᠠᠮ ᠤᠨ ᠤᠳᠤᠷᠢᠳᠤᠯᠭ᠎ᠠ ᠺᠠᠲᠠᠷ ᠵᠥᠪ ᠣᠨᠤᠪᠴᠢᠲᠠᠢ ᠡᠷᠬᠡ ᠶᠢᠨ ᠦᠵᠡᠯᠲᠡ ᠵᠢ ᠬᠡᠷᠬᠢᠨ  ᠪᠤᠢ ᠪᠣᠯᠭᠠᠬᠤ ᠡᠨᠡᠬᠦ ᠤᠯᠤᠰ ᠲᠥᠷᠦ ᠶᠢᠨ ᠭᠣᠣᠯ ᠰᠡᠳᠦᠪ ᠢ ᠳᠣᠪᠤᠢᠯᠭᠠᠪᠠ᠃

     ᠣᠢᠷ᠎ᠠ ᠳᠤ ᠲᠸᠯᠸᠢᠰ ᠳᠡᠭᠡᠷ᠎ᠡ ᠲᠤᠰ ᠨᠣᠮ ᠢ ᠥᠭᠡᠷᠡᠴᠢᠯᠡᠨ ᠵᠣᠬᠢᠶᠠᠭᠰᠠᠨ ᠠᠳᠠᠯᠢ ᠨᠡᠷ᠎ᠡ ᠲᠠᠢ ᠲᠸᠯᠸᠢᠰ ᠵᠦᠴᠦᠭᠡ《 ᠲᠦᠮᠡᠨ ᠤ ᠲᠥᠯᠦᠭᠡ》 ᠮᠠᠰᠢ ᠶᠡᠬᠡ ᠨᠥᠯᠦᠭᠡ ᠲᠠᠢ ᠪᠠᠢᠵᠤ᠂ ᠲᠤᠰ ᠵᠦᠴᠦᠭᠡ ᠨᠢ ᠤᠳᠤᠬᠠᠨ ᠤ ᠭᠣᠣᠯ ᠤᠷᠤᠰᠭᠠᠯ ᠪᠣᠯᠵᠤ ᠪᠠᠢᠭ᠎ᠠ  ᠵᠦᠴᠦᠭᠡ ᠶᠢᠨ ᠰᠡᠳᠦᠪ ᠡᠴᠡ ᠰᠠᠯᠵᠤ᠂ ᠲᠥᠪ ᠰᠢᠳᠤᠷᠭᠤ᠂ ᠵᠥᠪ ᠡᠨᠧᠷᠭᠢ ᠲᠠᠢ  ᠵᠦᠴᠦᠭᠡ ᠪᠣᠯᠤᠭᠰᠠᠨ ᠪᠠᠢᠨ᠎ᠠ᠃

     ᠲᠤᠰ ᠤᠳᠠᠭᠠᠨ ᠤ ᠨᠣᠮ ᠲᠠᠨᠢᠯᠴᠠᠭᠤᠯᠤᠯᠭᠰᠠᠨ ᠨᠢ ᠵᠥᠪᠬᠡᠨ ᠮᠠᠨ ᠤ ᠬᠣᠷᠢᠶᠠᠨ ᠤ ᠨᠣᠮ ᠤᠩᠰᠢᠬᠤ ᠬᠥᠳᠡᠯᠭᠡᠭᠡᠨ ᠤ  ᠡᠬᠢᠯᠠᠯᠲᠡ ᠪᠠᠢᠵᠤ᠂ ᠵᠠᠯᠭᠠᠭᠠᠳ ᠲᠠᠨᠢᠯᠴᠠᠭᠤᠯᠬᠤ ᠨᠣᠮ ᠤᠨ ᠳᠣᠲᠤᠷ᠎ᠠ ᠮᠠᠨ ᠤ ᠬᠣᠷᠢᠶᠠᠨ ᠡᠴᠡ ᠨᠣᠮ ᠤᠩᠰᠢᠬᠤ ᠬᠥᠳᠡᠯᠭᠡᠭᠡᠨ ᠳᠤ ᠤᠯᠤᠰ ᠲᠥᠷᠦᠴᠢ ᠴᠢᠨᠠᠷ᠂ ᠦᠵᠡᠯ ᠰᠠᠨᠠᠭᠠᠴᠢ ᠴᠢᠨᠠᠷ᠂  ᠵᠢᠯᠤᠭᠤᠳᠬᠤ ᠴᠢᠨᠠᠷ ᠢ ᠢᠯᠡᠷᠬᠡᠢ ᠪᠠᠢᠯᠭᠠᠵᠤ᠂ ᠺᠠᠲᠠᠷ ᠴᠠᠭᠳᠠᠭ᠎ᠠ ᠵᠢ ᠤᠳᠤᠷᠢᠳᠤᠨ ᠮᠠᠷᠺᠰ  ᠤᠨ ᠦᠵᠡᠯ ᠤᠨ ᠰᠣᠩᠭᠤᠳᠠᠭ ᠵᠣᠬᠢᠶᠠᠯ᠂ ᠰᠢ ᠵᠢᠨ ᠫᠢᠩ ᠶᠡᠷᠦᠩᠬᠡᠢ ᠱᠦᠵᠢ ᠶᠢᠨ ᠴᠢᠬᠤᠯᠠ ᠰᠣᠩᠭᠤᠳᠠᠭ ᠵᠣᠬᠢᠶᠠᠯ᠂ ᠨᠠᠮ ᠤᠨ ᠣᠨᠤᠯ ᠤᠨ ᠰᠢᠨ᠎ᠡ ᠵᠢ ᠡᠭᠦᠳᠦᠭᠰᠡᠨ ᠦᠷ᠎ᠡ ᠪᠦᠲᠦᠭᠡᠯ ᠢ ᠬᠠᠷᠠᠭᠤᠯᠤᠭᠰᠠᠨ ᠪᠦᠲᠦᠭᠡᠯ᠂ ᠬᠤᠪᠢᠰᠭᠠᠯ ᠤᠨ ᠰᠣᠶᠤᠯ ᠢ ᠬᠠᠷᠠᠭᠤᠯᠤᠭᠰᠠᠨ ᠰᠣᠩᠭᠤᠳᠠᠭ ᠵᠣᠬᠢᠶᠠᠯ᠂ ᠬᠠᠤᠯᠢ ᠶᠢᠨ ᠰᠤᠷᠭᠠᠯ ᠤᠨ ᠣᠨᠤᠯ  ᠤᠨ ᠰᠣᠩᠭᠤᠳᠠᠭ ᠵᠣᠬᠢᠶᠠᠯ᠂ ᠰᠢᠭᠦᠬᠦ ᠬᠣᠷᠢᠶᠠᠨ ᠤ ᠰᠢᠰᠲ᠋ᠧᠮ ᠤᠨ ᠵᠢᠱᠢᠶᠡᠴᠢ ᠬᠥᠮᠦᠰ ᠤᠨ ᠲᠡᠷᠢᠭᠦᠨ ᠤ ᠦᠢᠯᠡ ᠠᠵᠢᠯᠠᠯᠭ᠎ᠠ ᠵᠢ ᠲᠤᠰᠭᠠᠭᠰᠠᠨ ᠵᠣᠬᠢᠶᠠᠯ ᠢ ᠤᠩᠰᠢᠭᠤᠯᠵᠤ᠂ ᠢᠲᠡᠭᠡᠯ ᠬᠦᠰᠡᠯᠡᠩ ᠢ ᠨᠢ ᠪᠠᠲᠤᠵᠢᠭᠤᠯᠵᠤ᠂ ᠦᠵᠡᠯ ᠰᠠᠨᠠᠭᠠᠨ ᠤ ᠰᠠᠨᠠᠭ᠎ᠠ ᠠᠬᠤᠢ  ᠵᠢ ᠨᠢ ᠳᠡᠭᠡᠭᠰᠢᠯᠡᠭᠦᠯᠵᠦ᠂ ᠲᠤᠬᠠᠢᠯᠠᠭᠰᠠᠨ ᠠᠵᠢᠯ ᠤᠨ ᠵᠣᠷᠢᠭ ᠰᠠᠨᠠᠭ᠎ᠠ ᠵᠢ ᠬᠥᠮᠦᠵᠢᠭᠦᠯᠬᠦ ᠬᠠᠷᠠᠯᠲᠠ ᠳᠤ ᠬᠦᠷᠦᠨ᠎ᠡ᠃                                                                                  

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )