ᠣᠲᠤᠭ ᠤᠨ ᠡᠮᠦᠨᠡᠲᠦ ᠬᠣᠰᠢᠭᠤᠨ ᠤ ᠰᠢᠭᠦᠬᠦ ᠬᠣᠷᠢᠶᠠᠨ ᠡᠴᠡ《 ᠭᠦᠢᠴᠡᠳᠬᠡᠬᠦ ᠵᠢ ᠬᠦᠯᠢᠶᠡᠬᠦ ᠡᠳᠦᠷ》 ᠢ ᠨᠢᠭᠡᠲᠦᠯᠲᠠᠢ ᠪᠡᠷ ᠠᠷᠠᠳ ᠤᠨ ᠰᠠᠨᠠᠯ ᠢ ᠲᠥᠪᠯᠡᠷᠡᠭᠦᠯᠦᠨ《 ᠭᠦᠢᠴᠡᠳᠬᠡᠬᠦ ᠪᠦᠲᠦᠮᠵᠢ ᠵᠢ ᠳᠡᠭᠡᠭᠰᠢᠯᠡᠭᠦᠯᠬᠦ》 ᠪᠡᠨ ᠢᠯᠡᠳᠭᠡᠪᠡ
ᠵᠣᠬᠢᠶᠠᠭᠴᠢ᠄ ᠣᠲᠤᠭ ᠤᠨ ᠡᠮᠦᠨᠡᠲᠦ ᠬᠣᠰᠢᠭᠤᠨ ᠤ ᠰᠢᠭᠦᠬᠦ ᠬᠤᠷᠢᠶ᠎ᠠ ᠸᠠᠩ ᠵᠢᠶᠦ᠋ᠨ ᠬᠤᠤ
《 ᠦᠨᠡᠨᠴᠢ ᠢᠲᠡᠭᠡᠮᠵᠢᠲᠠᠢ᠂ ᠠᠷᠢᠭᠤᠨ ᠴᠢᠭᠡᠴᠢ᠂ ᠵᠣᠷᠢᠭᠲᠠᠢ ᠡᠭᠦᠷᠭᠡᠯᠡᠬᠦ》 ᠰᠤᠷᠤᠯᠴᠠᠯᠭ᠎ᠠ ᠬᠥᠮᠦᠵᠢᠯ ᠢ ᠯᠠᠪᠳᠠᠭᠤᠨ ᠪᠤᠲᠠᠲᠠᠢ ᠥᠷᠨᠢᠭᠦᠯᠬᠦ ᠵᠢ ᠠᠬᠢᠭᠤᠯᠬᠤ ᠶᠢᠨ ᠲᠤᠯᠠᠲᠠ᠂ ᠣᠲᠤᠭ ᠤᠨ ᠡᠮᠦᠨᠡᠲᠦ ᠬᠣᠰᠢᠭᠤᠨ ᠤ ᠰᠢᠭᠦᠬᠦ ᠬᠣᠷᠢᠶᠠᠨ ᠡᠴᠡ ᠳᠡᠭᠡᠷ᠎ᠡ ᠱᠠᠲᠤᠨ ᠤ ᠰᠢᠭᠦᠬᠦ ᠬᠣᠷᠢᠶᠠᠨ ᠤ ᠪᠠᠢᠷᠠᠯᠠᠭᠤᠯᠲᠠ ᠶᠣᠰᠣᠭᠠᠷ᠂《 ᠠᠷᠠᠳ ᠲᠦᠮᠡᠨ ᠢ ᠬᠠᠤᠯᠢ ᠬᠡᠷᠡᠭᠵᠢᠭᠦᠯᠦᠭᠰᠡᠨ ᠬᠡᠷᠡᠭ ᠨᠢᠭᠡᠪᠦᠷᠢ ᠡᠴᠡ ᠡᠷᠬᠡ ᠳᠡᠭᠰᠢ ᠰᠢᠳᠤᠷᠭᠤ ᠶᠣᠰᠤ ᠵᠢ ᠰᠡᠷᠡᠵᠦ ᠮᠡᠳᠡᠷᠡᠭᠦᠯᠬᠦ ᠪᠡᠷ ᠴᠢᠷᠮᠠᠢᠬᠤ》 ᠠᠵᠢᠯ ᠤᠨ ᠬᠠᠷᠠᠯᠲᠠ ᠲᠠᠢ ᠨᠢᠭᠲᠠ ᠤᠶᠠᠯᠳᠤᠭᠤᠯᠤᠨ᠂ 4 ᠰᠠᠷ᠎ᠠ ᠶᠢᠨ10 ᠤ ᠡᠳᠦᠷ ᠡᠴᠡ ᠡᠬᠢᠯᠡᠨ᠂《 ᠭᠦᠢᠴᠡᠳᠬᠡᠬᠦ ᠵᠢ ᠬᠦᠯᠢᠶᠡᠬᠦ ᠡᠳᠦᠷ》 ᠢ ᠪᠠᠢᠭᠤᠯᠵᠤ᠂ ᠲᠤᠬᠠᠢ ᠶᠢᠨ ᠬᠥᠮᠦᠨ ᠢ ᠲᠥᠪᠯᠡᠷᠡᠭᠦᠯᠦᠨ ᠬᠦᠯᠢᠶᠡᠨ ᠠᠪᠤᠪᠠ᠃
ᠭᠦᠢᠴᠡᠳᠬᠡᠬᠦ ᠳᠥᠬᠦᠬᠡᠷᠡᠮᠵᠢ ᠶᠢᠨ ᠠᠮᠢᠳᠤᠯᠢᠭ ᠴᠢᠨᠠᠷ᠂ ᠬᠥᠳᠡᠯᠭᠡᠭᠡᠨᠲᠦ ᠴᠢᠨᠠᠷ ᠲᠠᠢ ᠪᠠᠢᠳᠠᠭ ᠣᠨᠴᠠᠯᠢᠭ ᠳᠤ ᠬᠠᠨᠳᠤᠭᠤᠯᠵᠤ᠂ ᠭᠦᠢᠴᠡᠳᠭᠡᠭᠴᠢ ᠡᠴᠡ ᠦᠷᠭᠦᠯᠵᠢ ᠭᠠᠳᠠᠭᠰᠢ ᠭᠠᠷᠴᠤ ᠬᠡᠷᠡᠭ ᠢ ᠰᠢᠢᠳᠪᠦᠷᠢᠯᠡᠵᠦ ᠭᠦᠢᠴᠡᠳᠬᠡᠬᠦ ᠠᠷᠭ᠎ᠠ ᠠᠪᠴᠢᠯ ᠠᠪᠴᠤ᠂ ᠠᠯᠪᠠᠨ ᠭᠡᠷ ᠲᠤ ᠪᠡᠨ ᠪᠠᠢᠬᠤ ᠴᠠᠭ ᠨᠢ ᠬᠠᠷᠢᠴᠠᠩᠭᠤᠢ ᠪᠠᠭ᠎ᠠ ᠪᠠᠢᠵᠤ᠂ ᠪᠤᠰᠤᠳᠴᠢ ᠲᠠᠯ᠎ᠠ ᠡᠴᠡ ᠲᠤᠬᠠᠢ ᠶᠢᠨ ᠬᠥᠮᠦᠨ ᠭᠦᠢᠴᠡᠳᠭᠡᠭᠴᠢ ᠲᠠᠢ ᠠᠭᠤᠯᠵᠠᠬᠤ ᠭᠡᠳ ᠣᠯᠵᠤ ᠳᠠᠡᠢᠯᠬᠦ ᠦᠭᠡᠢ ᠪᠠᠢᠳᠠᠯ ᠪᠤᠢ ᠪᠣᠯᠪᠠ᠃ ᠡᠮᠦᠨ᠎ᠡ ᠬᠤᠭᠤᠴᠠᠭᠠᠨ ᠳᠤ ᠰᠢᠭᠦᠬᠦ ᠬᠣᠷᠢᠶᠠᠨ ᠡᠴᠡ《 ᠭᠦᠢᠴᠡᠳᠬᠡᠬᠦ ᠵᠢ ᠬᠦᠯᠢᠶᠡᠬᠦ ᠡᠳᠦᠷ》 ᠤᠨ ᠪᠠᠢᠭᠤᠯᠤᠯ ᠢ ᠪᠠᠢᠭᠤᠯᠬᠤ ᠪᠡᠷ ᠳᠠᠮᠵᠢᠭᠤᠯᠵᠤ᠂ ᠲᠤᠬᠠᠢ ᠶᠢᠨ ᠬᠥᠮᠦᠨ ᠤ ᠬᠡᠷᠡᠭ ᠢ ᠭᠦᠢᠴᠡᠳᠭᠡᠭᠰᠡᠨ ᠲᠤᠬᠠᠢ ᠳᠤ ᠰᠠᠨᠠᠯ ᠢ ᠲᠥᠪᠯᠡᠷᠡᠭᠦᠯᠦᠨ ᠬᠦᠯᠢᠶᠡᠨ ᠠᠪᠴᠤ᠂ ᠲᠤᠬᠠᠢ ᠶᠢᠨ ᠬᠥᠮᠦᠨ ᠤ ᠬᠠᠩᠭᠠᠭᠰᠠᠨ ᠭᠦᠢᠴᠡᠳᠬᠡᠬᠦ ᠰᠦᠪᠡᠭᠴᠢ ᠵᠢ ᠬᠦᠯᠢᠶᠡᠨ ᠠᠪᠴᠤ᠂ ᠲᠤᠬᠠᠢ ᠶᠢᠨ ᠬᠥᠮᠦᠨ ᠲᠠᠢ ᠭᠦᠢᠴᠡᠳᠬᠡᠬᠦ ᠲᠥᠰᠦᠯ ᠤᠨ ᠲᠤᠬᠠᠢ ᠶᠠᠷᠢᠯᠴᠠᠪᠠ᠃ ᠡᠭᠦᠨ ᠤ ᠵᠡᠷᠭᠡᠪᠡᠷ᠂ ᠬᠡᠷᠡᠭ ᠤᠨ ᠠᠬᠢᠴᠠ ᠶᠢᠨ ᠲᠤᠬᠠᠢ ᠴᠠᠭ ᠲᠤᠬᠠᠢ ᠳᠤ ᠨᠢ ᠲᠤᠬᠠᠢ ᠶᠢᠨ ᠬᠥᠮᠦᠨ ᠳᠤ ᠮᠡᠳᠡᠭᠳᠡᠵᠦ᠂ ᠮᠥᠨ ᠲᠡᠳᠡᠨᠦᠰ ᠤᠨ ᠰᠡᠵᠢᠭ ᠲᠤ ᠨᠢ ᠬᠢᠨᠠᠮᠠᠭᠠᠢ ᠪᠡᠷ ᠬᠠᠤᠯᠢ ᠴᠠᠭᠠᠵᠠ ᠪᠠ ᠠᠵᠢᠯ ᠤᠨ ᠲᠤᠬᠠᠢ ᠲᠠᠢᠯᠪᠤᠷᠢᠯᠠᠵᠤ ᠥᠭᠪᠡ᠃
ᠬᠣᠢᠰᠢᠳᠠ ᠰᠢᠭᠦᠬᠦ ᠬᠣᠷᠢᠶᠠᠨ ᠳᠤ ᠬᠦᠷᠴᠦ ᠭᠦᠢᠴᠡᠳᠭᠡᠭᠴᠢ ᠢ ᠡᠷᠢᠵᠦ ᠰᠠᠨᠠᠯ ᠢᠶᠡᠨ ᠲᠡᠪᠰᠢᠭᠦᠯᠬᠦ ᠡᠰᠡᠭᠦᠯ᠎ᠡ ᠬᠡᠷᠡᠭ ᠤᠨ ᠠᠬᠢᠴᠠ ᠶᠢᠨ ᠲᠤᠬᠠᠢ ᠣᠢᠯᠭᠠᠬᠤ ᠪᠡᠷ ᠢᠷᠡᠭᠰᠡᠨ ᠲᠤᠬᠠᠢ ᠶᠢᠨ ᠬᠥᠮᠦᠨ ᠳᠤ ᠭᠦᠢᠴᠡᠳᠭᠡᠭᠴᠢ ᠦᠭᠡᠢ ᠡᠰᠡᠭᠦᠯ᠎ᠡ ᠬᠦᠯᠢᠶᠡᠨ ᠠᠪᠬᠤ ᠬᠥᠮᠦᠨ ᠦᠭᠡᠢ ᠡᠴᠡ ᠪᠣᠯᠵᠤ ᠵᠣᠪᠠᠬᠤ ᠴᠢᠬᠤᠯᠠ ᠦᠭᠡᠢ ᠪᠣᠯᠵᠤ᠂ ᠭᠦᠢᠴᠡᠳᠭᠡᠭᠴᠢ ᠡᠴᠡ ᠴᠤ ᠡᠨᠡᠬᠦ ᠲᠣᠬᠢᠶᠠᠯ ᠢ ᠠᠰᠢᠭᠯᠠᠵᠤ ᠲᠤᠬᠠᠢ ᠶᠢᠨ ᠭᠦᠮᠦᠨ ᠳᠤ ᠬᠠᠤᠯᠢ ᠵᠢ ᠲᠠᠢᠯᠪᠤᠷᠢᠯᠠᠨ ᠠᠰᠠᠭᠤᠳᠠᠯ ᠢ ᠲᠠᠢᠯᠪᠤᠷᠢᠯᠠᠵᠤ᠂ ᠵᠥᠷᠢᠴᠡᠯ ᠢ ᠨᠠᠮᠵᠢᠭᠤᠯᠬᠤ ᠠᠵᠢᠯ ᠢ ᠬᠢᠵᠦ ᠪᠣᠯᠤᠨ᠎ᠠ᠃ ᠭᠦᠢᠴᠡᠳᠬᠡᠬᠦ ᠵᠢ ᠬᠦᠯᠢᠶᠡᠨ ᠠᠪᠬᠤ ᠡᠳᠦᠷ ᠢ ᠪᠠᠢᠭᠤᠯᠤᠭᠰᠠᠨ ᠨᠢ ᠠᠷᠠᠳ ᠤᠯᠠᠨ ᠡᠴᠡ ᠰᠠᠨᠠᠯ ᠢᠶᠡᠨ ᠢᠯᠡᠳᠭᠡᠬᠦ ᠳᠤ ᠳᠥᠭᠦᠮ ᠪᠣᠯᠵᠤ᠂ ᠵᠡᠷᠭᠡᠪᠡᠷ ᠭᠦᠢᠴᠡᠳᠬᠡᠬᠦ ᠺᠠᠲᠠᠷ ᠴᠠᠭᠳᠠᠭ᠎ᠠ ᠲᠤᠰᠢᠶᠠᠯ ᠤᠨ ᠴᠢᠳᠠᠮᠵᠢ ᠪᠡᠨ ᠨᠡᠩ ᠰᠠᠢᠨ ᠪᠠᠳᠠᠷᠠᠭᠤᠯᠬᠤ ᠵᠢ ᠠᠬᠢᠭᠤᠯᠵᠤ᠂《ᠦᠨᠡᠨᠴᠢ ᠢᠲᠡᠭᠡᠮᠵᠢᠲᠠᠢ᠂ ᠠᠷᠢᠭᠤᠨ ᠴᠢᠭᠡᠴᠢ᠂ ᠵᠣᠷᠢᠭᠲᠠᠢ ᠡᠭᠦᠷᠭᠡᠯᠡᠬᠦ》 ᠤᠯᠤᠰ ᠲᠥᠷᠦ ᠬᠠᠤᠯᠢ ᠴᠠᠭᠠᠵᠠ ᠶᠢᠨ ᠴᠠᠭᠲᠠᠭ᠎ᠠ ᠪᠣᠯᠬᠤ ᠳᠤ ᠵᠣᠷᠢᠭ ᠪᠣᠯᠤᠨ᠎ᠠ᠃
ᠦᠨᠡᠯᠡᠬᠦ 0ᠦᠨᠡᠯᠡᠯᠲᠡ᠎ᠲᠠᠢ