ᠵᠠᠯᠠᠭᠤ ᠨᠠᠰᠤ ᠭᠡᠵᠦ ᠳᠠᠰᠤᠷᠠᠯᠲᠠ ᠦᠭᠡᠢ ᠤᠷᠤᠭᠰᠢᠯᠠᠳᠠᠭ—— ᠬᠣᠲᠠ ᠶᠢᠨ ᠰᠢᠭᠦᠬᠦ ᠬᠣᠷᠢᠶᠠᠨ ᠤ ᠨᠠᠮ ᠤᠨ ᠡᠭᠦᠷ ᠲᠠ ᠪᠦᠬᠦᠨ ᠳᠤ ᠲᠠᠪᠤᠨ ᠰᠠᠷ᠎ᠠ ᠶᠢᠨ ᠳᠥᠷᠪᠡᠨ ᠤ ᠵᠠᠯᠠᠭᠤᠴᠤᠳ ᠤᠨ ᠪᠠᠶᠠᠷ ᠢ ᠬᠦᠷᠭᠡᠵᠦ
2017.05.04 ᠲᠣᠰ ᠥᠷᠲᠡᠭᠡᠨ ᠦ ᠨᠠᠢᠷᠠᠭᠤᠯᠤᠭᠴᠢ

ᠵᠠᠯᠠᠭᠤ ᠨᠠᠰᠤ ᠭᠡᠵᠦ ᠳᠠᠰᠤᠷᠠᠯᠲᠠ ᠦᠭᠡᠢ ᠤᠷᠤᠭᠰᠢᠯᠠᠳᠠᠭ—— ᠬᠣᠲᠠ ᠶᠢᠨ ᠰᠢᠭᠦᠬᠦ ᠬᠣᠷᠢᠶᠠᠨ ᠤ ᠨᠠᠮ ᠤᠨ ᠡᠭᠦᠷ ᠲᠠ ᠪᠦᠬᠦᠨ ᠳᠤ ᠲᠠᠪᠤᠨ ᠰᠠᠷ᠎ᠠ ᠶᠢᠨ ᠳᠥᠷᠪᠡᠨ ᠤ ᠵᠠᠯᠠᠭᠤᠴᠤᠳ ᠤᠨ ᠪᠠᠶᠠᠷ ᠢ ᠬᠦᠷᠭᠡᠵᠦ ᠪᠠᠢᠨ᠎ᠠ

 

ᠲᠠᠪᠤᠨ ᠰᠠᠶ᠎ᠠ ᠶᠢᠨ ᠳᠥᠷᠪᠡᠨ ᠤ ᠵᠠᠯᠠᠭᠤᠴᠤᠳ ᠤᠨ ᠪᠠᠶᠠᠷ ᠬᠦᠷᠴᠦ ᠢᠷᠡᠬᠦ ᠭᠡᠵᠦ ᠪᠠᠢᠭ᠎ᠠ ᠡᠨᠡ ᠳᠠᠰᠢᠷᠠᠮ  ᠳᠤ᠂ ᠰᠢᠭᠦᠬᠦ ᠬᠣᠷᠢᠶᠠᠨ ᠤ  ᠨᠠᠮ  ᠤᠨ ᠡᠭᠦᠷ ᠡᠴᠡ ᠪᠥᠬᠦ ᠵᠠᠯᠠᠭᠤ  ᠬᠠᠤᠯᠢᠴᠢ ᠳᠤ ᠪᠠᠶᠠᠷ ᠤᠨ ᠡᠳᠦᠷ ᠤᠨ ᠮᠡᠨᠳᠦᠴᠢᠯᠡᠯ ᠬᠦᠷᠭᠡᠵᠦ᠂ ᠪᠥᠬᠦ ᠬᠤᠷᠢᠶᠠᠨ ᠤᠨ ᠺᠠᠲᠠᠷ ᠴᠠᠭᠳᠠᠭ᠎ᠠ ᠳᠤ ᠴᠢᠩ ᠰᠡᠳᠭᠢᠯ ᠤᠨ ᠮᠡᠨᠳᠦᠴᠢᠯᠡᠯ ᠬᠦᠷᠭᠡᠪᠡ᠃

  ᠬᠣᠷᠢᠶᠠᠨ ᠤ ᠨᠠᠮ ᠤᠨ ᠡᠭᠦᠷ ᠡᠴᠡ ᠪᠥᠬᠦ ᠬᠣᠷᠢᠶᠠᠨ ᠤ ᠺᠠᠲᠠᠷ ᠴᠠᠭᠳᠠᠭ᠎ᠠ᠂ ᠣᠨᠴᠠᠭᠠᠢᠯᠠᠨ ᠵᠠᠯᠠᠭᠤ  ᠰᠢᠭᠦᠭᠴᠢ᠂ ᠵᠠᠪᠠᠯ ᠰᠢ ᠵᠢᠨ ᠫᠢᠩ ᠲᠡᠷᠢᠭᠦᠯᠦᠭᠴᠢ ᠶᠢᠨ ᠵᠠᠬᠢᠭᠰᠠᠨ《 ᠵᠠᠯᠠᠭᠤ ᠬᠥᠮᠦᠨ ᠵᠣᠷᠢᠭ ᠢᠶᠡᠨ ᠬᠥᠪᠴᠢᠯᠡᠨ ᠶᠡᠬᠡ ᠦᠢᠯᠡᠰ ᠢ ᠪᠦᠲᠦᠭᠡᠵᠦ᠂ ᠵᠣᠷᠢᠭ ᠢᠶᠡᠨ ᠬᠥᠪᠴᠢᠯᠡᠨ ᠶᠡᠬᠡ ᠨᠣᠶᠠᠨ ᠰᠠᠭᠤᠬᠤ ᠪᠢᠰᠢ》 ᠭᠡᠬᠦ ᠦᠢᠯᠡ  ᠠᠵᠢᠯᠠᠯᠭᠠᠨ ᠤ ᠴᠢᠭᠯᠡᠯ ᠪᠣᠯᠭᠠᠵᠤ᠂ ᠨᠢᠭᠡ ᠴᠠᠭ ᠤᠨ ᠣᠯᠵᠤ ᠠᠯᠳᠠᠭᠰᠠᠨ ᠳᠤ ᠪᠡᠨ ᠵᠥᠪ  ᠢᠶᠡᠷ ᠬᠠᠨᠳᠤᠵᠤ᠂ ᠠᠮᠵᠢᠯᠲᠠ ᠳᠤ ᠪᠡᠨ ᠪᠠᠷᠳᠠᠮᠨᠠᠬᠤ ᠦᠭᠡᠢ᠂ ᠠᠯᠳᠠᠭᠳᠠᠯ ᠳᠤ ᠪᠡᠨ ᠨᠤᠭᠤᠷᠠᠬᠤ ᠦᠭᠡᠢ᠂ ᠬᠦᠴᠢᠷᠳᠡᠯ ᠢ ᠳᠡᠰᠪᠥᠷᠢᠯᠡᠵᠦ᠂ ᠣᠷᠳᠤᠰ ᠤᠨ ᠲᠡᠤᠬᠡᠨ ᠳᠤ ᠴᠥᠭᠡᠨ ᠪᠠᠢᠳᠠᠭ ᠳᠠᠷᠤᠭᠠᠰᠤ ᠵᠢ ᠳᠡᠰᠪᠥᠢᠯᠡᠵᠦ᠂ ᠤᠷᠤᠭᠰᠢᠲᠠᠢ ᠣᠷᠴᠢᠨ ᠪᠣᠯᠤᠨ ᠰᠠᠭᠠᠳ ᠲᠠᠢ ᠣᠷᠴᠢᠨ ᠨᠢ ᠴᠥᠮ ᠮᠠᠨ ᠤ ᠤᠷᠤᠭᠰᠢ ᠳᠠᠪᠰᠢᠬᠤ ᠶᠢᠨ ᠡᠬᠢ ᠪᠠᠶᠠᠯᠢᠭ ᠪᠠᠢᠵᠤ ᠬᠠᠷᠢᠨ ᠬᠠᠷᠰᠢ ᠰᠠᠭᠠᠳ ᠪᠢᠰᠢ᠃ ᠪᠢᠳᠡ ᠬᠣᠷᠢᠶᠠᠨ ᠤ ᠨᠠᠮ ᠤᠨ ᠡᠭᠦᠷ ᠤᠨ ᠤᠳᠤᠷᠢᠳᠤᠯᠭ᠎ᠠ ᠳᠣᠣᠷ᠎ᠠ᠂ ᠬᠦᠴᠢᠷᠳᠡᠯ ᠪᠣᠯᠤᠨ ᠥᠷᠢᠰᠦᠯᠳᠦᠭᠡᠨ ᠳᠤ ᠵᠣᠷᠢᠭᠲᠠᠢ ᠬᠠᠨᠳᠤᠵᠤ᠂ ᠨᠢᠭᠲᠠᠷᠠᠨ ᠪᠦᠯᠭᠦᠮᠳᠡᠵᠦ᠂ ᠣᠷᠤᠯᠳᠤᠯᠭ᠎ᠠ ᠲᠠᠢ ᠪᠠᠢᠵᠤ᠂  ᠪᠥᠬᠦ ᠬᠣᠲᠠ ᠶᠢᠨ ᠰᠢᠭᠦᠬᠦ ᠬᠣᠷᠢᠶᠠᠨ ᠤ ᠰᠢᠭᠦᠨ ᠭᠦᠢᠴᠡᠳᠬᠡᠬᠦ ᠠᠵᠢᠯ ᠢ ᠰᠠᠢᠨ ᠣᠷᠴᠢᠯ  ᠳᠤ ᠤᠷᠤᠬᠤ ᠥᠪᠡᠷ ᠤᠨ ᠬᠤᠪᠢ ᠨᠡᠮᠡᠷᠢ ᠪᠡᠨ ᠦᠵᠡᠭᠦᠯᠬᠦ ᠵᠢ ᠬᠦᠰᠡᠪᠡ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )