ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠭᠦᠢᠴᠡᠳᠬᠡᠬᠦ ᠬᠡᠯᠲᠡᠰ ᠨᠢ2016 ᠤᠨ ᠳ᠋ᠤ《 ᠭᠦᠢᠴᠡᠳᠬᠡᠬᠦ ᠵᠢᠯ》 ᠲᠤᠰᠭᠠᠢ ᠠᠵᠢᠯᠠᠯᠭᠠᠨ ᠢ ᠥᠷᠨᠢᠭᠦᠯᠦᠭᠰᠡᠨ ᠡᠴᠡ ᠨᠠᠭᠠᠰᠢ᠂《 ᠠᠷᠠᠳ ᠲᠦᠮᠡᠨ ᠳᠤ ᠬᠠᠤᠯᠢ ᠬᠡᠷᠡᠭᠵᠢᠭᠦᠯᠬᠦ ᠬᠡᠷᠡᠭ ᠨᠢᠭᠡᠪᠦᠷᠢ ᠡᠴᠡ ᠲᠥᠪ ᠭᠣᠣᠯᠴᠢ ᠵᠢ ᠮᠡᠳᠡᠷᠡᠭᠦᠯᠬᠦ》 ᠭᠡᠬᠦ ᠪᠡᠷ ᠵᠣᠷᠢᠯᠲᠠ ᠪᠣᠯᠭᠠᠵᠤ᠂ ᠭᠦᠢᠴᠡᠳᠬᠡᠬᠦ ᠠᠵᠢᠯ ᠨᠢ ᠲᠥᠪ ᠭᠣᠣᠯᠴᠢ ᠵᠢ ᠢᠯᠡᠷᠡᠭᠦᠯᠬᠦ ᠬᠠᠮᠤᠭ ᠡᠴᠦᠰ ᠤᠨ ᠪᠣᠭᠤᠮᠲᠠ ᠪᠤᠯᠬᠤ ᠵᠢ ᠭᠦᠢᠴᠡᠳ ᠲᠠᠨᠢᠵᠦ᠂ ᠠᠷᠠᠳ ᠲᠦᠮᠡᠨ ᠤ ᠬᠡᠪ ᠤᠨ ᠡᠷᠬᠡ ᠠᠰᠢᠭ ᠢᠶᠡᠨ ᠤᠯᠬᠤ ᠵᠢ ᠨᠠᠢᠳᠠᠪᠤᠷᠢᠵᠢᠭᠤᠯᠬᠤ ᠨᠢ ᠪᠥᠬᠦ ᠭᠦᠢᠴᠡᠳᠬᠡᠬᠦ ᠺᠠᠲᠠᠷ ᠴᠠᠭᠳᠠᠭᠠᠨ ᠤ ᠴᠤᠤᠷ ᠤᠨ ᠭᠠᠭᠴᠠ ᠬᠠᠷᠠᠯᠲᠠ ᠪᠣᠯᠤᠨ᠎ᠠ᠃ ᠬᠣᠷᠢᠶᠠᠨ ᠤ ᠨᠠᠮ ᠤᠨ ᠡᠭᠦᠷ ᠤᠨ ᠵᠥᠪ ᠣᠨᠤᠪᠴᠢᠲᠠᠢ ᠤᠳᠤᠷᠢᠳᠤᠯᠭ᠎ᠠ ᠪᠠ ᠵᠢᠯᠤᠭᠤᠳᠤᠯᠭ᠎ᠠ ᠳᠣᠣᠷ᠎ᠠ᠂ ᠪᠥᠬᠦ ᠬᠣᠲᠠ ᠶᠢᠨ ᠭᠦᠢᠴᠡᠳᠬᠡᠬᠦ ᠺᠠᠲᠠᠷ ᠴᠠᠭᠳᠠᠭ᠎ᠠ ᠵᠢ ᠨᠢᠭᠡᠲᠦᠯᠲᠠᠢ ᠤᠳᠤᠷᠢᠳᠤᠨ ᠰᠢᠰᠲ᠋ᠧᠮ ᠲᠠᠢ ᠪᠡᠷ ᠭᠦᠢᠴᠡᠳᠬᠡᠬᠦ ᠠᠵᠢᠯᠠᠯᠭ᠎ᠠ ᠵᠢ ᠲᠥᠪᠯᠡᠷᠡᠭᠦᠯᠵᠦ᠂ ᠬᠥᠳᠡᠯᠭᠡᠭᠡᠨ ᠢᠶᠡᠷ ᠲᠦᠷᠭᠡᠨ ᠪᠠᠢᠬᠤ ᠵᠢ ᠴᠠᠭ ᠢᠮᠠᠭᠲᠠ ᠪᠠᠢᠷᠢᠮᠲᠠᠯᠠᠵᠤ᠂ ᠴᠥᠬᠦᠷᠡᠰᠢ ᠦᠭᠡᠢ ᠠᠵᠢᠯᠯᠠᠬᠤ ᠱᠠᠭᠠᠷᠳᠠᠯᠭ᠎ᠠ ᠂ ᠯᠠᠪᠳᠠᠭᠤᠨ ᠪᠣᠯᠭᠤᠮᠵᠢᠲᠠᠢ᠂ ᠲᠥᠪ ᠭᠣᠣᠯᠴᠢ ᠠᠷᠢᠭᠤᠨ ᠴᠡᠪᠡᠷ ᠠᠵᠢᠯ ᠤᠨ ᠰᠤᠷᠲᠠᠯ ᠢ ᠪᠠᠷᠢᠮᠲᠠᠯᠠᠨ᠂ ᠮᠠᠰᠢ ᠤᠯᠠᠨ ᠲᠡᠤᠬᠡᠨ ᠤ ᠬᠤᠷᠠᠮᠠᠯ ᠬᠡᠷᠡᠭ ᠪᠣᠯᠤᠨ ᠰᠢᠨ᠎ᠡ ᠢᠶᠡᠷ ᠬᠦᠯᠢᠶᠡᠨ ᠠᠪᠤᠭᠰᠠᠨ ᠬᠡᠷᠡᠭ ᠢ ᠰᠢᠢᠳᠪᠦᠷᠢᠯᠡᠵᠦ᠂ ᠳᠡᠭᠡᠷ᠎ᠡ ᠱᠠᠲᠤᠨ ᠤ ᠰᠢᠭᠦᠬᠦ ᠬᠤᠷᠢᠶ᠎ᠠ ᠪᠣᠯᠤᠨ ᠣᠷᠳᠤᠰ ᠬᠣᠲᠠ ᠶᠢᠨ ᠮᠠᠭᠲᠠᠭᠠᠯ ᠢ ᠣᠯᠵᠤ᠂ ᠲᠤᠬᠠᠢ ᠶᠢᠨ ᠬᠥᠮᠦᠨ ᠤ ᠥᠨᠳᠦᠷ ᠦᠨᠡᠯᠡᠯᠲᠠ ᠵᠢ ᠣᠯᠪᠠ᠃
ᠣᠢᠷ᠎ᠠ ᠶᠢᠨ ᠡᠳᠦᠷ᠂ ᠭᠦᠢᠴᠡᠳᠬᠡᠬᠦ ᠲᠣᠪᠴᠢᠶ᠎ᠠ ᠨᠢ ᠵᠠᠯᠭᠠᠪᠡᠷ ᠬᠤᠶᠠᠷ ᠤᠳᠠᠭ᠎ᠠ ᠲᠤᠬᠠᠢ ᠶᠢᠨ ᠬᠥᠮᠦᠨ ᠤ ᠬᠦᠷᠭᠡᠭᠰᠡᠨ ᠬᠡᠮᠦᠷᠯᠢᠭ ᠲᠤᠭ ᠢ ᠬᠦᠯᠢᠶᠡᠵᠦ᠂ ᠲᠤᠰ ᠲᠣᠪᠴᠢᠶᠠᠨ ᠤ2016 ᠤᠨ ᠪ ᠰᠢᠯᠢᠳᠡᠭ ᠠᠵᠢᠯ ᠤᠨ ᠪᠦᠲᠦᠮᠵᠢ ᠪᠠ ᠠᠷᠢᠭᠤᠨ ᠴᠡᠪᠡᠷ ᠠᠵᠢᠯ ᠤᠨ ᠰᠤᠷᠲᠠᠯ ᠢ ᠮᠠᠭᠲᠠᠭᠰᠠᠨ ᠪᠠᠢᠨ᠎ᠠ᠃
ᠨᠢᠭᠡ ᠨᠢ ᠵᠢᠶᠠ ᠠᠪᠠᠬᠠᠢ ᠶᠢᠨ ᠬᠦᠷᠭᠡᠭᠰᠡᠨ《 ᠬᠤᠷᠴᠠ ᠰᠡᠯᠡᠮ᠎ᠡ ᠠᠵᠢᠯᠠᠯᠭ᠎ᠠ ᠶᠢᠨ ᠰᠦᠷ ᠭᠡᠷᠡᠯ ᠮᠣᠬᠤᠰᠢ ᠦᠭᠡᠢ ᠬᠠᠭᠤᠴᠢᠨ ᠤᠨ ᠤ ᠳᠠᠷᠤᠭᠳᠠᠮᠠᠯ ᠬᠡᠷᠡᠭ ᠲᠡᠷᠡ ᠳᠣᠣᠷ᠎ᠠ ᠨᠢ ᠰᠢᠢᠳᠪᠥᠷᠢᠯᠡᠭᠳᠡᠪᠠᠢ》 ᠭᠡᠬᠦ ᠪᠢᠴᠢᠭᠡᠰᠦ ᠲᠠᠢ ᠪᠠᠢᠵᠤ᠂ ᠤᠯᠠᠨ ᠵᠢᠯ ᠭᠦᠢᠴᠡᠳᠭᠡᠭᠡᠳ ᠦᠷ᠎ᠡ ᠳ᠋ᠦᠩ ᠦᠭᠡᠢ ᠪᠠᠢᠭᠰᠠᠨ ᠬᠡᠷᠡᠭ᠂《 ᠬᠤᠷᠴᠠ ᠰᠡᠯᠡᠮ᠎ᠡ ᠠᠵᠢᠯᠠᠯᠭ᠎ᠠ 》 ᠳᠤᠮᠳᠠ ᠲᠡᠭᠦᠨ ᠳᠤ ᠬᠡᠰᠡᠭ ᠪᠥᠯᠦᠭ ᠵᠣᠭᠤᠰ ᠢ ᠨᠢ ᠣᠯᠵᠤ ᠥᠭᠭᠦᠨ ᠪᠠᠰᠠ ᠡᠶᠡᠳᠡᠬᠦ ᠬᠡᠯᠡᠯᠴᠡᠭᠡᠷ ᠪᠡᠷ ᠭᠦᠢᠴᠡᠳᠬᠡᠬᠦ ᠪᠡᠷ ᠳᠤᠭᠲᠠᠭᠰᠠᠨ ᠳᠤ ᠲᠠᠯᠠᠷᠬᠠᠯ ᠢᠶᠡᠨ ᠢᠯᠡᠷᠬᠡᠢᠯᠡᠪᠡ᠃
ᠪᠠᠰᠠ ᠨᠢᠭᠡ ᠨᠢ ᠬᠠᠨ ᠠᠪᠤᠭᠠᠢ ᠶᠢᠨ ᠬᠦᠷᠭᠡᠭᠰᠡᠨ《 ᠬᠠᠨᠴᠤᠢ ᠰᠢᠮᠠᠯᠠᠨ ᠠᠷᠠᠳ ᠤᠨ ᠲᠥᠯᠦᠭᠡ ᠠᠵᠢᠯᠯᠠᠵᠤ ᠬᠠᠤᠯᠢ ᠬᠡᠷᠡᠭᠵᠢᠭᠦᠯᠬᠦ ᠳᠤ ᠲᠦᠮᠡᠨ ᠢ ᠪᠣᠳᠤᠯ ᠳᠤ ᠪᠡᠨ ᠪᠠᠭᠲᠠᠭᠠᠨ᠎ᠠ》 ᠭᠡᠬᠦ ᠪᠢᠴᠢᠭᠡᠰᠦ ᠲᠠᠢ ᠪᠠᠢᠵᠤ᠂ ᠭᠦᠢᠴᠡᠳᠬᠡᠬᠦ ᠲᠣᠪᠴᠢᠶᠠᠨ ᠤ ᠭᠦᠢᠴᠡᠳᠬᠡᠬᠦ ᠶᠠᠪᠤᠴᠠ ᠳᠤᠮᠳᠠᠬᠢ ᠲᠥᠪ ᠭᠣᠣᠯᠴᠢ ᠡᠷᠬᠡ ᠲᠡᠭᠰᠢ᠂ ᠠᠷᠢᠭᠤᠨ ᠴᠢᠭᠡᠴᠢ ᠠᠵᠢᠯ ᠤᠨ ᠰᠤᠷᠲᠠᠯ ᠳᠤ ᠨᠢ ᠲᠠᠯᠠᠷᠬᠠᠪᠠ᠃
ᠬᠤᠶᠠᠷ ᠬᠡᠮᠦᠷᠯᠢᠭ ᠲᠤᠭ ᠡᠴᠡ ᠪᠢᠳᠡ ᠠᠷᠠᠳ ᠤᠨ ᠲᠥᠯᠦᠭᠡ ᠬᠠᠤᠯᠢ ᠬᠡᠷᠡᠭᠵᠢᠭᠦᠯᠵᠦ᠂ ᠡᠷᠬᠡ ᠲᠡᠭᠰᠢ ᠪᠡᠷ ᠬᠠᠤᠯᠢ ᠬᠡᠷᠡᠭᠵᠢᠭᠦᠯᠬᠦ ᠶᠢᠨ ᠴᠢᠬᠤᠯᠠ ᠴᠢᠨᠠᠷ ᠢ ᠦᠨᠡᠨᠬᠦ ᠮᠡᠳᠡᠷᠡᠵᠦ᠂ ᠪᠢᠳᠡ ᠠᠷᠠᠳ ᠢ ᠰᠡᠳᠭᠢᠯ ᠳᠤ ᠪᠡᠨ ᠲᠠᠯᠪᠢᠵᠤ᠂ ᠡᠭᠦᠷᠭᠡ ᠬᠠᠷᠢᠭᠤᠴᠠᠯᠭ᠎ᠠ ᠪᠡᠨ ᠭᠦᠢᠴᠡᠳ ᠲᠠᠨᠢᠵᠤ ᠶᠠᠪᠤᠪᠠᠯ᠂ ᠠᠷᠠᠳ ᠲᠦᠮᠡᠨ ᠰᠠᠶᠢ ᠮᠠᠨ ᠢ ᠲᠤᠳᠤᠨᠤ ᠬᠥᠮᠦᠨ ᠢᠶᠡᠷ ᠦᠵᠡᠵᠦ᠂ ᠮᠠᠨᠤᠰ ᠤᠨ ᠭᠦᠢᠴᠡᠳᠬᠡᠬᠦ ᠠᠵᠢᠯ ᠰᠠᠶᠢ ᠤᠯᠠᠨ ᠲᠦᠮᠡᠨ ᠤ ᠢᠲᠡᠭᠡᠯ ᠢ ᠣᠯᠵᠤ ᠳᠡᠢᠯᠦᠨ᠎ᠡ᠃
ᠦᠨᠡᠯᠡᠬᠦ 0ᠦᠨᠡᠯᠡᠯᠲᠡ ᠲᠠᠢ