ᠤᠯᠠᠨ ᠵᠢᠯ  ᠳᠡᠭᠡᠭᠰᠢ ᠰᠤᠷᠪᠤᠯᠵᠢᠯᠠᠭᠠᠳ ᠦᠷ᠎ᠡ ᠳ᠋ᠦᠩ ᠦᠭᠡᠢ ᠬᠡᠷᠡᠭ ᠳᠡᠰᠪᠥᠷᠢ ᠲᠡᠪᠴᠢᠶᠡᠷᠢ ᠪᠡᠷ ᠪᠣᠳᠤᠯᠭᠠᠨ ᠤ ᠵᠠᠩᠭᠢᠶᠠᠰᠤ ᠵᠢ ᠠᠯᠳᠠᠷᠠᠭᠠᠪᠠ
2017.03.15 ᠲᠣᠰ ᠥᠷᠲᠡᠭᠡᠨ ᠦ ᠨᠠᠢᠷᠠᠭᠤᠯᠤᠭᠴᠢ

     ᠣᠢᠷ᠎ᠠ ᠶᠢᠨ ᠡᠳᠦᠷ᠂ ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠢᠷᠭᠡᠨ ᠤ ᠭᠤᠷᠪᠠᠳᠤᠭᠠᠷ ᠲᠢᠩᠬᠢᠮ ᠤᠨ ᠰᠢᠭᠦᠭᠴᠢ ᠮᠢᠶᠣᠣ ᠹᠠᠨ ᠱᠸᠩ ᠤᠯᠠᠨ ᠵᠢᠯ ᠤᠨ ᠮᠠᠷᠭᠤᠯᠳᠤᠭᠠᠨ ᠲᠠᠢ ᠡᠳ᠋ ᠬᠥᠷᠦᠩᠭᠡ ᠶᠢᠨ ᠰᠦᠢᠳᠦᠯ ᠢ ᠲᠥᠯᠦᠪᠦᠷᠢᠯᠡᠬᠦ ᠬᠡᠷᠡᠭ ᠢ ᠠᠮᠵᠢᠯᠲᠠ ᠲᠠᠢ ᠡᠶᠡᠳᠡᠭᠦᠯᠪᠡ᠃

      ᠵᠢᠢ ᠣᠪᠤᠭᠲᠤ ᠪᠣᠯᠤᠨ ᠲᠡᠭᠦᠨ ᠤ ᠳᠡᠭᠦᠦ᠂ ᠨᠠᠭᠠᠴᠤ᠂ ᠰᠦ ᠣᠪᠤᠭᠲᠤ᠂ ᠪᠠᠰᠠ ᠨᠢᠭᠡᠨ ᠺᠣᠮᠫᠠᠨᠢ ᠶᠢᠨ ᠬᠣᠭᠤᠷᠤᠨᠳᠤ ᠮᠠᠰᠢ ᠤᠳᠠᠭᠠᠨ ᠬᠤᠭᠤᠴᠠᠭᠠᠨ ᠤ ᠮᠠᠷᠭᠤᠯᠳᠤᠭᠠᠨ ᠲᠠᠢ ᠪᠠᠢᠵᠤ᠂ ᠵᠢᠢ ᠣᠪᠤᠭᠲᠤ ᠥᠪᠡᠷ ᠤᠨ ᠲᠡᠷᠭᠡ ᠪᠡᠨ ᠲᠡᠭᠦᠨ ᠤ ᠳᠡᠭᠦᠦ ᠳᠤ ᠲᠤᠰᠢᠶᠠᠨ ᠥᠭᠴᠦ᠂ ᠰᠡᠭᠦᠯᠡᠷ ᠨᠢ ᠬᠡᠳᠦᠨ ᠭᠠᠷ ᠳᠠᠮᠵᠢᠵᠤ᠂ ᠲᠤᠰ ᠲᠡᠷᠭᠡ ᠨᠢ ᠨᠢᠭᠡ ᠬᠡᠷᠡᠭᠯᠡᠭᠡᠨ ᠡᠴᠡ ᠭᠠᠷᠭᠠᠬᠤ ᠺᠣᠮᠫᠠᠨᠢ ᠳᠤ ᠵᠠᠳᠠᠯᠠᠭᠳᠠᠪᠠ᠃  ᠡᠭᠦᠨ ᠡᠴᠡ ᠪᠣᠯᠵᠤ ᠵᠢᠢ ᠣᠪᠤᠭᠲᠤ ᠳᠣᠲᠤᠭᠠᠳᠤ ᠵᠢ ᠬᠠᠮᠠᠭᠠᠯᠠᠬᠤ ᠳᠤ ᠬᠡᠷᠡᠭ ᠮᠡᠳᠡᠭᠦᠯᠵᠦ᠂ ᠰᠡᠭᠦᠯᠡᠷ ᠨᠢ ᠵᠢᠢ ᠣᠪᠤᠭᠲᠤ ᠵᠠᠰᠠᠭ ᠵᠠᠬᠢᠷᠭᠠᠨ ᠤ ᠵᠠᠭᠠᠯᠳᠤᠯᠭ᠎ᠠ ᠭᠠᠷᠭᠠᠵᠤ᠂ ᠳᠠᠯᠠᠳ ᠬᠣᠰᠢᠭᠤᠨ ᠤ ᠳᠣᠲᠤᠭᠠᠳᠤ ᠵᠢ ᠬᠠᠮᠠᠭᠠᠯᠠᠬᠤ ᠲᠣᠪᠴᠢᠶ᠎ᠠ ᠵᠢ ᠰᠢᠭᠦᠬᠦ ᠬᠣᠷᠢᠶᠠᠨ ᠳᠤ  ᠵᠠᠭᠠᠯᠳᠤᠵᠤ᠂ ᠬᠡᠷᠡᠭ ᠨᠢ ᠨᠢᠭᠡᠳᠦᠭᠡᠷ ᠰᠢᠭᠦᠯᠲᠡ᠂ ᠬᠣᠶᠠᠳᠤᠭᠠᠷ ᠰᠢᠭᠦᠯᠲᠡ ᠢ ᠥᠩᠭᠡᠷᠡᠵᠦ᠂ ᠵᠢᠢ ᠣᠪᠤᠭᠲᠤ ᠴᠥᠮ ᠵᠠᠭᠠᠯᠳᠤᠯᠭ᠎ᠠ ᠰᠢᠭᠦᠭᠳᠡᠪᠡ᠃ ᠡᠭᠦᠨ ᠡᠴᠡ ᠡᠬᠢᠯᠡᠵᠦ ᠵᠢᠢ ᠣᠪᠤᠭᠲᠤ  ᠳᠣᠯᠤᠭᠠᠨ ᠵᠢᠯ ᠤ ᠳᠡᠭᠡᠭᠰᠢ ᠰᠤᠷᠪᠤᠯᠵᠢᠯᠠᠬᠤ ᠵᠠᠮ  ᠢᠶᠡᠨ ᠡᠬᠢᠯᠡᠭᠦᠯᠪᠡ᠃ ᠬᠣᠰᠢᠭᠤᠨ ᠡᠴᠡ ᠬᠣᠲᠠ ᠬᠦᠷᠲᠡᠯ᠎ᠡ᠂ ᠬᠣᠲᠠ ᠡᠴᠡ ᠥᠪᠡᠷᠲᠡᠭᠡᠨ ᠵᠠᠰᠠᠬᠤ ᠣᠷᠤᠨ ᠬᠦᠷᠲᠡᠯ᠎ᠡ᠂ ᠬᠠᠮᠤᠭ ᠰᠡᠭᠦᠯ ᠳᠤ ᠨᠢ ᠪᠡᠭᠡᠵᠢᠩ ᠬᠦᠷᠴᠦ᠂ ᠡᠴᠦᠰ ᠲᠤ ᠪᠡᠨ ᠠᠰᠠᠭᠤᠳᠠᠯ ᠢ ᠰᠢᠢᠳᠪᠦᠷᠢᠯᠡᠵᠦ ᠳᠡᠢᠯᠦᠭᠰᠡᠨ ᠦᠭᠡᠢ ᠪᠠᠢᠪᠠ᠃ ᠡᠨᠡ ᠬᠤᠭᠤᠴᠠᠭᠠᠨ ᠳ᠋ᠤ ᠵᠢᠢ ᠣᠪᠤᠭᠲᠤ ᠪᠣᠯᠤᠨ ᠳᠣᠲᠤᠭᠠᠳᠤ  ᠵᠢ ᠬᠠᠮᠠᠭᠠᠯᠠᠬᠤ  ᠬᠥᠮᠦᠰ᠂ ᠬᠡᠷᠡᠭ ᠢ ᠰᠢᠢᠳᠪᠦᠷᠢᠯᠡᠬᠦ ᠬᠠᠤᠯᠢ  ᠶᠢᠨ ᠠᠵᠢᠯᠲᠠᠨ ᠪᠠ ᠵᠠᠬᠢᠳᠠᠯ ᠰᠤᠷᠪᠤᠯᠵᠢᠯᠠᠭ᠎ᠠ ᠶᠢᠨ ᠬᠥᠮᠦᠰ  ᠲᠠᠢ ᠤᠯᠠᠨ ᠤᠳᠠᠭ᠎ᠠ ᠵᠥᠷᠢᠴᠡᠯ ᠡᠭᠦᠰᠪᠡ᠃2015    ᠤᠨ ᠳᠤ᠂ ᠵᠢᠢ ᠣᠪᠤᠭᠲᠤ ᠡᠴᠡ ᠲᠡᠭᠦᠨ ᠤ ᠳᠡᠭᠦᠦ᠂ ᠨᠠᠭᠠᠴᠤ᠂ᠰᠦ ᠣᠪᠤᠭᠲᠤ᠂ ᠪᠠᠰᠠ ᠨᠢᠭᠡ ᠬᠡᠷᠡᠭᠯᠡᠭᠡᠨ ᠡᠴᠡ ᠭᠠᠷᠭᠠᠬᠤ ᠺᠣᠮᠫᠠᠨᠢ ᠵᠢ ᠰᠢᠭᠦᠬᠦ ᠳᠤ ᠵᠠᠭᠠᠯᠳᠤᠵᠤ᠂ ᠲᠡᠭᠦᠨ ᠤ ᠲᠡᠷᠭᠡᠨ ᠤ ᠬᠣᠬᠢᠷᠠᠯ ᠢ ᠲᠥᠯᠦᠬᠦ ᠵᠢ ᠱᠠᠭᠠᠷᠳᠠᠪᠠ᠃ ᠨᠢᠭᠡᠳᠦᠭᠡᠷ ᠰᠢᠭᠦᠯᠲᠡ ᠳᠤ ᠰᠢᠭᠦᠬᠦ ᠬᠣᠷᠢᠶᠠᠨ ᠡᠴᠡ ᠵᠢᠢ ᠣᠪᠤᠭᠲᠤ ᠶᠢᠨ ᠭᠤᠶᠤᠴᠢᠯᠠᠯ  ᠢ ᠪᠤᠴᠠᠭᠠᠵᠤ᠂ ᠵᠢᠢ ᠣᠪᠤᠭᠲᠤ ᠬᠦᠯᠢᠶᠡᠭᠰᠡᠨ ᠦᠭᠡᠢ᠂ ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠳᠤ ᠳᠡᠭᠡᠭᠰᠢ ᠵᠠᠭᠠᠯᠳᠤᠪᠠ᠃ ᠬᠣᠶᠠᠳᠤᠭᠠᠷ ᠰᠢᠭᠦᠯᠲᠡ ᠶᠢᠨ ᠬᠤᠭᠤᠴᠠᠭᠠᠨ ᠳᠤ ᠵᠢᠢ ᠣᠪᠤᠭᠲᠤ ᠤᠯᠠᠨ ᠤᠳᠠᠭ᠎ᠠ ᠰᠢᠭᠦᠬᠦ ᠬᠣᠷᠢᠶᠠᠨ ᠤ ᠤᠳᠤᠷᠢᠳᠤᠯᠭ᠎ᠠ ᠲᠠᠢ ᠠᠭᠤᠯᠵᠠᠬᠤ ᠪᠡᠷ ᠱᠠᠭᠠᠷᠳᠤᠵᠤ᠂ ᠰᠢᠭᠦᠬᠦ ᠬᠣᠷᠢᠶᠠᠨ ᠳᠤ ᠬᠠᠨᠤᠮᠵᠢ ᠦᠭᠡᠢ ᠪᠡᠨ ᠢᠯᠡᠷᠬᠡᠢᠯᠡᠵᠦ᠂ ᠬᠡᠷᠪᠡ ᠬᠠᠨᠤᠮᠵᠢᠲᠠᠢ ᠦᠷ᠎ᠡ ᠳ᠋ᠦᠩ ᠤᠯᠬᠤ ᠦᠭᠡᠢ ᠪᠣᠯ ᠦᠷᠭᠦᠯᠵᠢᠯᠡᠨ ᠳᠡᠭᠡᠭᠰᠢ ᠰᠤᠷᠪᠤᠯᠵᠢᠯᠠᠨ ᠪᠡᠭᠡᠵᠢᠩ ᠬᠦᠷᠴᠦ᠂ ᠯᠠᠪᠲᠠᠢ ᠳᠤᠷᠭᠤᠨ ᠬᠠᠶᠠᠬᠤ ᠦᠭᠡᠢ ᠭᠡᠪᠡ᠃

     ᠬᠦᠯᠢᠶᠡᠨ ᠰᠢᠢᠳᠪᠦᠷᠢᠯᠡᠭᠰᠡᠨ ᠰᠢᠭᠦᠭᠴᠢ ᠮᠢᠶᠣᠣ ᠹᠠᠨ ᠱᠸᠩ ᠬᠡᠷᠡᠭ ᠢ ᠬᠦᠯᠢᠶᠡᠨ ᠠᠪᠤᠭᠰᠠᠨ ᠤ ᠳᠠᠷᠠᠭ᠎ᠠ᠂ ᠥᠪᠡᠷ ᠤᠨ ᠪᠡᠶ᠎ᠡ ᠪᠡᠷ ᠢᠶᠡᠨ ᠵᠢᠢ ᠣᠪᠤᠭᠲᠤ ᠶᠢᠨ  ᠭᠡᠷ ᠲᠤ ᠬᠦᠷᠴᠦ ᠪᠠᠢᠳᠠᠯ ᠢ ᠣᠢᠯᠭᠠᠵᠤ᠂ ᠮᠥᠨ ᠲᠡᠭᠦᠨ ᠳᠤ ᠡᠷᠬᠡ ᠠᠰᠢᠭ ᠤᠨ ᠬᠠᠷᠢᠭᠤᠴᠠᠯᠭ᠎ᠠ ᠮᠡᠳᠡᠭᠳᠡᠵᠦ᠂  ᠰᠢᠭᠦᠬᠦ ᠬᠣᠷᠢᠶᠠᠨ ᠤ ᠲᠢᠩᠬᠢᠮ ᠨᠡᠭᠡᠭᠡᠬᠦ ᠳᠠᠭᠤᠳᠠᠯᠭ᠎ᠠ ᠶᠢᠨ ᠪᠢᠴᠢᠭ᠌ ᠵᠡᠷᠭᠡ ᠵᠢ  ᠬᠦᠷᠭᠡᠬᠦ ᠳᠤ᠂ ᠬᠠᠷᠢᠨ ᠵᠢᠢ ᠣᠪᠤᠭᠲᠤ ᠢ ᠭᠡᠷ ᠤᠨ ᠬᠥᠮᠦᠰ ᠤᠨ ᠬᠠᠷᠢᠶᠠᠯ ᠢ ᠣᠯᠵᠤ᠂ ᠬᠦᠷᠭᠡᠭᠰᠡᠨ ᠪᠢᠴᠢᠭ᠌ ᠪᠠᠷᠢᠮᠲᠠ ᠢ ᠨᠢ ᠬᠦᠷᠢᠶᠡᠨ ᠳᠣᠮᠲᠠ ᠰᠢᠳᠡᠨ ᠶᠠᠪᠤᠭᠤᠯᠵᠤ᠂ ᠭᠠᠷ ᠤᠨ ᠦᠰᠦᠭ ᠵᠢᠷᠤᠨ ᠬᠦᠯᠢᠶᠡᠵᠦ ᠠᠪᠬᠤ ᠵᠢ ᠲᠡᠪᠴᠢᠪᠡ᠃ ᠡᠭᠦᠨ ᠳᠤ ᠬᠠᠨᠳᠤᠭᠤᠯᠵᠤ᠂ ᠮᠢᠶᠣᠣ ᠹᠠᠨ ᠱᠸᠩ ᠰᠢᠭᠦᠭᠴᠢ ᠡᠴᠡ ᠨᠡᠪᠲᠡᠷᠡᠯᠴᠡᠬᠦ ᠪᠡᠨ ᠲᠠᠶᠠᠭᠳᠠᠭᠰᠠᠨ ᠦᠭᠡᠢ ᠪᠠᠢᠵᠤ᠂ ᠬᠦᠯᠢᠴᠡᠩᠭᠦᠢ ᠠᠵᠢᠯᠠᠯᠭ᠎ᠠ  ᠪᠡᠷ ᠳᠠᠮᠵᠢᠵᠤ᠂ ᠵᠢᠢ ᠣᠪᠤᠭᠲᠤ ᠲᠠᠬᠢᠨ ᠰᠢᠭᠦᠬᠦ ᠬᠣᠷᠢᠶᠠᠨ ᠳᠤ ᠬᠦᠷᠴᠦ ᠮᠢᠶᠣᠣ ᠰᠢᠭᠦᠭᠴᠢ ᠲᠠᠢ ᠠᠭᠤᠯᠵᠠᠵᠤ᠂ ᠵᠢᠢ ᠣᠪᠤᠭᠲᠤ ᠰᠢᠭᠦᠬᠦ ᠬᠣᠷᠢᠶᠠᠨ ᠳᠤ ᠢᠷᠡᠬᠦ ᠦᠶᠡᠰ ᠰᠡᠳᠭᠢᠯ ᠨᠢ ᠬᠥᠭᠰᠡᠵᠦ᠂  ᠬᠡᠰᠡᠭ ᠬᠤᠭᠤᠴᠠᠭ᠎ᠠ ᠡᠵᠡᠮᠳᠡᠯ ᠢᠶᠡᠨ ᠠᠯᠳᠠᠭᠰᠠᠨ ᠪᠠᠢᠳᠠᠯ ᠳᠤ ᠪᠠᠢᠪᠠ᠃ ᠡᠨᠡ ᠪᠠᠢᠳᠠᠯ ᠳᠣᠣᠷ᠎ᠠ᠂ ᠮᠢᠶᠣᠣ ᠰᠢᠭᠦᠭᠴᠢ ᠡᠴᠡ ᠵᠢᠢ ᠣᠪᠤᠭᠲᠤ ᠬᠠᠤᠯᠢ ᠶᠠᠷᠢᠵᠤ ᠶᠣᠰᠤ ᠵᠠᠩᠨᠠᠭᠰᠠᠨ ᠦᠭᠡᠢ᠂ ᠬᠠᠷᠢᠨ ᠲᠡᠭᠦᠨ ᠤ ᠶᠠᠷᠢᠬᠤ ᠵᠢ ᠬᠦᠯᠢᠴᠡᠩᠭᠦᠢ ᠪᠡᠷ ᠰᠣᠨᠤᠰᠪᠠ᠃ ᠴᠠᠭ ᠭᠠᠷᠤᠢ ᠶᠢᠨ ᠳᠠᠷᠠᠭ᠎ᠠ᠂ ᠵᠢᠢ ᠣᠪᠤᠭᠲᠤ ᠶᠢᠨ ᠰᠡᠳᠭᠢᠯ ᠨᠢ ᠳᠤᠭᠲᠠᠪᠤᠷᠢᠰᠢᠪᠠ᠃ ᠡᠨᠡ ᠦᠶ᠎ᠡ ᠳᠤ ᠮᠢᠶᠣᠣ ᠰᠢᠭᠦᠭᠴᠢ ᠡᠴᠡ ᠬᠡᠷᠡᠭ ᠤᠨ ᠦᠨᠳᠦᠰᠦᠨ ᠪᠠᠢᠳᠠᠯ ᠢ ᠡᠬᠢᠯᠠᠨ ᠣᠢᠯᠭᠠᠵᠤ᠂ ᠵᠢᠢ ᠣᠪᠤᠭᠲᠤ ᠶᠢᠨ ᠰᠡᠳᠭᠢᠯ ᠤᠨ ᠵᠠᠩᠭᠢᠶᠠᠰᠤ ᠤᠨ ᠣᠢᠯᠭᠠᠪᠠ᠃ ᠳᠠᠷᠠᠭ᠎ᠠ ᠨᠢ ᠮᠢᠶᠣᠣ ᠰᠢᠭᠦᠭᠴᠢ ᠡᠴᠡ ᠬᠠᠤᠯᠢ ᠴᠠᠭᠠᠵᠠ  ᠪᠠ ᠵᠦᠢ ᠶᠣᠰᠤᠨ ᠤ ᠲᠠᠯ᠎ᠠ ᠡᠴᠡ ᠬᠡᠷᠡᠭ ᠤᠨ ᠲᠤᠰ ᠪᠡᠶ᠎ᠡ ᠵᠢ ᠵᠢᠢ ᠣᠪᠤᠭᠲᠤ ᠳᠤ ᠵᠠᠳᠠᠯᠤᠨ ᠲᠠᠢᠯᠪᠤᠷᠢᠯᠠᠵᠤ᠂ ᠡᠯ᠎ᠡ ᠡᠲᠡᠭᠡᠳ ᠤᠨ ᠲᠤᠬᠠᠢ ᠶᠢᠨ ᠬᠥᠮᠦᠨ  ᠵᠢᠢ ᠣᠪᠤᠭᠲᠤ ᠥᠪᠡᠷ ᠢ ᠨᠢ ᠪᠠᠭᠲᠠᠭᠠᠭᠰᠠᠨ ᠵᠣᠭᠰᠤᠴᠠ ᠡᠴᠡ ᠬᠡᠷᠡᠭ ᠢ ᠵᠠᠳᠠᠯᠤᠯᠲᠠ ᠬᠢᠵᠦ᠂ ᠵᠢᠢ ᠣᠪᠤᠭᠲᠤ ᠵᠢ ᠪᠠᠢᠷᠢ ᠰᠣᠯᠢᠨ ᠰᠡᠳᠬᠢᠭᠦᠯᠪᠡ᠃ ᠮᠢᠶᠣᠣ ᠰᠢᠭᠦᠭᠴᠢ ᠶᠢᠨ ᠬᠢᠯᠢᠴᠡᠩᠭᠦᠢ ᠢᠳᠭᠠᠯ ᠢᠶᠡᠷ ᠳᠠᠮᠵᠢᠨ ᠵᠢᠢ ᠣᠪᠤᠭᠲᠤ ᠰᠢᠭᠦᠬᠦ ᠬᠣᠷᠢᠶᠠᠨ ᠳᠤ ᠢᠳᠡᠭᠡᠯ ᠲᠠᠢ ᠪᠣᠯᠵᠤ᠂ ᠰᠢᠭᠦᠬᠦ ᠬᠣᠷᠢᠶᠠᠨ ᠡᠴᠡ ᠲᠥᠪ ᠭᠣᠣᠯᠴᠢ ᠪᠡᠷ ᠰᠢᠢᠳᠪᠦᠷᠢᠯᠡᠵᠦ ᠥᠭᠬᠦ  ᠵᠢ ᠬᠦᠰᠡᠪᠡ᠃

    ᠵᠢᠢ ᠣᠪᠤᠭᠲᠤ ᠶᠢᠨ ᠢᠲᠡᠭᠡᠯ ᠢ ᠣᠯᠤᠭᠰᠠᠨ ᠤ ᠳᠠᠷᠠᠭ᠎ᠠ᠂ ᠲᠤᠰ ᠤᠯᠠᠨ ᠵᠢᠯ ᠪᠣᠯᠤᠭᠰᠠᠨ ᠰᠤᠷᠪᠤᠯᠵᠢᠯᠠᠭᠰᠠᠨ ᠬᠡᠷᠡᠭ ᠢ ᠰᠢᠢᠳᠪᠦᠷᠢᠯᠡᠬᠦ ᠶᠢᠨ ᠲᠥᠯᠦᠭᠡ ᠮᠢᠶᠣᠣ ᠰᠢᠭᠦᠭᠴᠢ ᠡᠴᠡ ᠤᠯᠠᠨ ᠲᠠᠯ᠎ᠠ ᠡᠴᠡ ᠤᠯᠠᠨ ᠠᠷᠭ᠎ᠠ ᠪᠡᠷ ᠰᠢᠢᠳᠪᠦᠷᠢᠯᠡᠬᠦ ᠵᠢ ᠵᠣᠷᠢᠪᠠ᠃ ᠤᠷᠢᠳᠠᠪᠠᠷ ᠬᠣᠰᠢᠭᠤ᠂ ᠬᠣᠲᠠ ᠶᠢᠨ  ᠳᠣᠲᠤᠭᠠᠳᠤ ᠵᠢ ᠬᠠᠮᠠᠭᠠᠯᠠᠬᠤ ᠲᠠᠢ ᠤᠯᠠᠨ ᠤᠳᠠᠭ᠎ᠠ ᠨᠡᠪᠲᠡᠷᠡᠯᠴᠡᠵᠦ᠂ ᠵᠢᠢ ᠣᠪᠤᠭᠲᠤ ᠶᠢᠨ ᠲᠡᠷᠭᠡ ᠨᠢ ᠰᠦᠢᠳᠦᠭᠰᠡᠨ  ᠵᠢᠴᠢ ᠳᠡᠭᠡᠭᠰᠢ ᠰᠤᠷᠪᠤᠯᠵᠢᠯᠠᠭᠰᠠᠨ ᠲᠤᠬᠠᠢ ᠣᠢᠯᠭᠠᠪᠠ᠃ ᠳᠠᠷᠠᠭ᠎ᠠ ᠨᠢ ᠮᠢᠶᠣᠣ ᠰᠢᠭᠦᠭᠴᠢ ᠡᠴᠡ ᠲᠡᠷᠭᠡ ᠬᠥᠰᠭᠡᠨ ᠤ ᠬᠠᠮᠢᠶᠠᠷᠤᠯᠲᠠ ᠶᠢᠨ ᠭᠠᠵᠠᠷ ᠬᠦᠷᠴᠦ ᠬᠡᠷᠡᠭ  ᠲᠤ ᠬᠣᠯᠪᠤᠭᠳᠠᠭᠰᠠᠨ ᠲᠡᠷᠭᠡᠨ ᠤ ᠲᠤᠬᠠᠢ ᠣᠢᠯᠭᠠᠵᠤ᠂ ᠮᠥᠨ ᠲᠡᠷᠭᠡ   ᠢ ᠰᠢᠢᠳᠪᠦᠷᠢᠯᠡᠭᠰᠡᠨ ᠠᠰᠠᠭᠤᠳᠠᠯ ᠪᠣᠯᠤᠨ ᠲᠡᠷᠭᠡᠨ ᠤ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠠᠵᠢᠯᠲᠠᠨ ᠲᠠᠢ ᠬᠠᠷᠢᠴᠠᠨ ᠣᠢᠯᠭᠠᠪᠠ᠃

     2016 ᠤᠨ ᠤ ᠡᠴᠦᠰ᠂ ᠮᠢᠶᠣᠣ ᠹᠠᠨ ᠱᠸᠩ ᠰᠢᠭᠦᠭᠴᠢ ᠲᠠᠬᠢᠨ ᠨᠢᠭᠡ ᠤᠳᠠᠭ᠎ᠠ ᠲᠤᠬᠠᠢ ᠶᠢᠨ ᠬᠥᠮᠦᠨ ᠢ ᠰᠤᠷᠪᠤᠯᠵᠢᠯᠠᠵᠤ᠂ ᠵᠡᠷᠭᠡᠪᠡᠷ ᠲᠤᠰ ᠵᠢᠭᠤᠷᠠᠯᠳᠤᠭᠠᠨ ᠢ  ᠡᠶᠡᠳᠡᠭᠦᠯᠬᠦ ᠲᠥᠰᠦᠯ ᠢ ᠳᠤᠷᠠᠳᠴᠤ᠂ ᠲᠤᠰ ᠲᠥᠰᠦᠯ ᠨᠢ ᠵᠠᠭᠠᠯᠳᠤᠭᠳᠠᠭᠴᠢ ᠵᠡᠷᠭᠡ ᠬᠡᠳᠦᠨ ᠲᠠᠯ᠎ᠠ ᠶᠢᠨ ᠬᠥᠮᠦᠨ ᠲᠠᠢ ᠬᠣᠯᠪᠤᠭᠳᠠᠭᠰᠠᠨ ᠡᠴᠡ᠂ ᠵᠢᠢ ᠣᠪᠤᠭᠲᠤ ᠶᠢᠨ ᠳᠡᠭᠦᠦ᠂ ᠨᠠᠭᠠᠴᠤ᠂ ᠰᠦ ᠣᠪᠤᠭᠲᠤ ᠪᠠ ᠨᠢᠭᠡᠨ ᠬᠡᠷᠡᠭᠯᠡᠭᠡᠨ ᠡᠴᠡ ᠭᠠᠷᠭᠠᠬᠤ ᠺᠣᠮᠫᠠᠨᠢ  ᠴᠥᠮ ᠰᠢᠭᠦᠬᠦ ᠬᠣᠷᠢᠶᠠᠨ ᠤ ᠬᠥᠲᠦᠯᠦᠯ ᠳᠣᠣᠷ᠎ᠠ ᠡᠶᠡᠳᠡᠬᠦ ᠵᠢ ᠵᠥᠪᠰᠢᠶᠡᠷᠡᠪᠡ᠃

     ᠡᠰᠡᠷᠭᠦ  ᠡᠲᠡᠭᠡᠳ ᠤᠨ ᠲᠤᠬᠠᠢ ᠶᠢᠨ ᠬᠥᠮᠦᠨ ᠡᠶᠡᠳᠡᠭᠦᠯᠬᠦ ᠲᠥᠰᠦᠯ ᠢ ᠵᠥᠪᠰᠢᠶᠡᠷᠡᠭᠰᠡᠨ ᠤ ᠳᠠᠷᠠᠭ᠎ᠠ᠂ ᠮᠢᠶᠣᠣ ᠰᠢᠭᠦᠭᠴᠢ ᠰᠡᠳᠭᠢᠯ ᠢᠶᠡᠨ ᠲᠥᠪᠯᠡᠷᠡᠭᠦᠯᠦᠨ ᠵᠢᠢ ᠣᠪᠤᠭᠲᠤ ᠲᠠᠢ ᠨᠡᠪᠲᠡᠷᠡᠯᠴᠡᠵᠦ᠂ ᠵᠢᠢ ᠣᠪᠤᠭᠲᠤ ᠶᠢᠨ ᠡᠷᠠᠭᠡᠯᠵᠢᠯ ᠪᠠ  ᠵᠣᠪᠠᠵᠤ ᠪᠠᠢᠭ᠎ᠠ ᠪᠠᠢᠳᠠᠯ ᠳᠤ ᠴᠢᠭᠯᠡᠭᠦᠯᠦᠨ ᠡᠶᠡᠳᠡᠭᠦᠯᠬᠦ ᠲᠥᠰᠦᠯ ᠳᠤ ᠵᠠᠰᠠᠯ ᠣᠷᠤᠭᠤᠯᠪᠠ᠃ ᠵᠢᠢ ᠣᠪᠤᠭᠲᠤ ᠮᠢᠶᠣᠣ ᠰᠢᠭᠦᠭᠴᠢ  ᠶᠢᠨ ᠦᠢᠯᠡ ᠠᠵᠢᠯᠠᠯᠭ᠎ᠠ ᠳᠤ ᠮᠠᠰᠢ ᠰᠡᠳᠭᠢᠯ ᠬᠥᠳᠦᠯᠦᠭᠰᠡᠨ ᠪᠠᠢᠨ᠎ᠠ᠃ ᠲᠡᠷᠡ ᠬᠠᠮᠤᠭ ᠰᠡᠭᠦᠯ ᠳᠤ ᠨᠢ ᠬᠡᠷᠡᠭ ᠤᠨ ᠦᠷ᠎ᠡ ᠳ᠋ᠦᠩ ᠨᠢ  ᠶᠠᠮᠠᠷ ᠪᠠᠢᠭᠰᠠᠨ ᠴᠤ ᠬᠠᠮᠢᠶ᠎ᠠ ᠦᠭᠡᠢ᠂ ᠮᠢᠶᠣᠣ  ᠰᠢᠭᠦᠭᠴᠢ ᠶᠢᠨ ᠠᠷᠠᠳ ᠤᠨ ᠲᠥᠯᠦᠭᠡ ᠭᠡᠬᠦ ᠠᠵᠢᠯ ᠤᠨ ᠣᠪᠤᠷ ᠳᠤ ᠬᠠᠨᠳᠤᠵᠤ ᠡᠭᠦᠨ ᠡᠴᠡ ᠰᠡᠭᠦᠯᠡᠷ  ᠰᠢᠭᠦᠬᠦ ᠬᠤᠷᠢᠶ᠎ᠠ ᠪᠠ ᠰᠢᠭᠦᠭᠴᠢ ᠳᠤ ᠶᠠᠮᠠᠷ ᠴᠤ ᠥᠰᠢᠶᠡᠷᠬᠡᠬᠦ ᠰᠡᠳᠯᠬᠢᠭᠡ ᠡᠪᠦᠷᠯᠡᠬᠦ ᠦᠭᠡᠢ ᠭᠡᠵᠦ ᠲᠣᠳᠤᠷᠬᠠᠢ ᠢᠯᠡᠷᠬᠡᠢᠯᠡᠪᠡ᠃ ᠮᠢᠶᠣᠣ ᠰᠢᠭᠦᠭᠴᠢ ᠶᠢᠨ ᠨᠠᠷᠢᠯᠡᠭ ᠠᠵᠢᠯᠠᠯᠭ᠎ᠠ ᠪᠡᠷ ᠳᠠᠮᠵᠢᠵᠤ᠂2017   ᠤᠨ ᠤ3 ᠰᠠᠷ᠎ᠠ ᠶᠢᠨ3 ᠤ ᠡᠳᠦᠷ᠂ ᠡᠯ᠎ᠡ ᠡᠲᠡᠭᠡᠳ ᠪᠡᠷ ᠢᠶᠡᠨ ᠡᠶᠡᠳᠡᠬᠦ ᠬᠡᠯᠡᠯᠴᠡᠭᠡᠷ ᠳᠤᠭᠲᠠᠵᠤ᠂ ᠲᠤᠬᠠᠢ ᠶᠢᠨ ᠲᠢᠩᠬᠢᠮ ᠳᠤ ᠨᠢ ᠭᠦᠢᠴᠡᠳᠭᠡᠪᠡ᠃3 ᠰᠠᠷ᠎ᠠ ᠶᠢᠨ9 ᠤ ᠡᠳᠦᠷ᠂ ᠵᠢᠢ ᠣᠪᠤᠭᠲᠤ ᠡᠴᠡ ᠲᠠᠯᠠᠷᠬᠠᠯ ᠢᠶᠡᠨ ᠢᠯᠡᠳᠭᠡᠬᠦ  ᠶᠢᠨ ᠲᠥᠯᠦᠭᠡ ᠨᠢᠭᠡ ᠬᠡᠮᠦᠷᠯᠢᠭ ᠲᠤᠭ ᠢ ᠬᠠᠮᠲᠤᠷᠠᠨ ᠵᠥᠪᠯᠡᠬᠦ ᠲᠢᠩᠬᠢᠮ ᠳᠤ ᠬᠦᠷᠭᠡᠪᠡ᠃

     ᠤᠯᠠᠨ ᠵᠢᠯ ᠤᠨ ᠳᠡᠭᠡᠭᠰᠢ ᠰᠤᠷᠪᠤᠯᠵᠢᠯᠠᠭᠰᠠᠨ ᠬᠡᠷᠡᠭ ᠠᠮᠵᠢᠯᠲᠠ ᠲᠠᠢ ᠰᠢᠢᠳᠪᠦᠷᠢᠯᠡᠭᠳᠡᠵᠦ᠂  ᠭᠣᠣᠯ ᠰᠢᠭᠦᠭᠴᠢ ᠮᠢᠶᠣᠣ ᠹᠠᠨ ᠱᠸᠩ ᠰᠠᠨᠠᠭ᠎ᠠ ᠨᠢ ᠠᠮᠤᠷᠠᠪᠠ᠃ ᠲᠤᠬᠠᠢ ᠶᠢᠨ ᠬᠥᠮᠦᠨ ᠤ ᠲᠣᠭᠠᠴᠢᠯᠲᠠ ᠵᠢ ᠬᠦᠯᠢᠴᠡᠩᠭᠦᠢ ᠰᠣᠨᠤᠰᠴᠤ᠂ ᠲᠤᠬᠠᠢ ᠶᠢᠨ ᠬᠥᠮᠦᠨ ᠤ ᠪᠣᠳᠤᠯ ᠤᠨ ᠵᠠᠩᠭᠢᠶᠠᠰᠤ ᠵᠢ ᠠᠯᠲᠠᠷᠭᠠᠵᠤ᠂ ᠬᠡᠷᠡᠭ ᠢ ᠰᠢᠢᠳᠪᠦᠷᠢᠯᠡᠨ᠂ ᠬᠠᠤᠯᠢ ᠬᠡᠷᠡᠭᠵᠢᠭᠦᠯᠦᠯᠲᠡ ᠶᠢᠨ ᠦᠷ᠎ᠡ ᠪᠦᠲᠦᠮᠵᠢ ᠵᠢ ᠨᠡᠢᠭᠡᠮ ᠤᠨ ᠦᠡᠷ᠎ᠠ ᠪᠦᠲᠦᠮᠵᠢ ᠲᠠᠢ ᠨᠢᠭᠡᠲᠦᠯᠲᠠᠢ ᠪᠣᠯᠭᠠᠵᠤ᠂ ᠠᠷᠠᠳ ᠤᠯᠠᠨ ᠢ ᠬᠠᠤᠯᠢ ᠬᠡᠷᠡᠭᠵᠢᠭᠦᠯᠦᠯᠭᠰᠡᠨ ᠬᠡᠷᠡᠭ ᠨᠢᠭᠡᠪᠦᠷᠢ ᠡᠴᠡ ᠲᠥᠪ ᠭᠣᠣᠯᠴᠢ ᠵᠢ ᠮᠡᠳᠡᠷᠡᠬᠦ ᠶᠢᠨ ᠪᠣᠳᠠᠲᠤ ᠢᠯᠡᠷᠡᠯ ᠪᠣᠯᠪᠠ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )