2 ᠰᠠᠷᠠᠢᠨ 27 ᠤ ᠡᠳᠦᠷ ᠂ ᠵᠦᠩᠭᠠᠷ ᠬᠤᠰᠢᠭᠤᠨ ᠤ ᠰᠢᠬᠦᠬᠦ ᠬᠤᠷᠢᠶᠠᠨ ᠤ ᠭᠦᠢᠴᠡᠳᠬᠡᠬᠦ ᠶᠢ ᠵᠢᠯᠤᠭᠤᠳᠬᠤ ᠲᠦᠪ ᠲᠦ ᠬᠠᠪᠤᠷ ᠤᠨ ᠠᠶᠤᠩᠭ᠎ᠠ ᠠᠵᠢᠯᠯᠠᠭ᠎ᠠ ᠶᠢᠨ ᠰᠤᠨᠢᠨ ᠮᠡᠳᠡᠬᠡ ᠨᠡᠢᠳᠡᠯᠡᠬᠦ ᠬᠤᠷᠠᠯ ᠶᠠᠪᠤᠭᠳᠠᠭᠤᠯᠪᠠ ᠃ ᠳᠤᠰ ᠬᠤᠷᠢᠶᠠᠨ ᠤ ᠳᠥᠷᠪᠡᠳᠦᠭᠡᠷ ᠭᠦᠢᠴᠡᠳᠬᠡᠬᠦ ᠳᠤᠪᠴᠢᠶᠠᠨ ᠤ ᠲᠣᠪᠴᠢᠶᠠᠨ ᠳᠠᠷᠤᠭ᠎ᠠ ᠮᠠ ᠯᠢ ᠰᠢᠩ ᠬᠤᠯᠪᠤᠭᠳᠠᠯ ᠪᠦᠬᠦᠢ ᠪᠠᠢᠳᠠᠯ ᠢ ᠲᠠᠨᠢᠯᠴᠠᠭᠤᠯᠪᠠ ᠃
2017 ᠤᠨ ᠤ 2 ᠰᠠᠷᠠᠢᠨ 15 ᠤ ᠡᠳᠦᠷ ᠡᠴᠡ 2017 ᠤᠨ ᠤ 2 ᠰᠠᠷᠠᠢᠨ 24 ᠤ ᠡᠳᠦᠷ ᠪᠣᠯᠲᠠᠯ᠎ᠠ᠂ ᠣᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠨᠢᠭᠡᠳᠦᠯᠲᠡᠢ ᠲᠣᠬᠢᠷᠠᠭᠤᠯᠤᠭᠰᠠᠨ ᠦᠷᠨᠢᠬᠦᠯᠦᠭᠰᠡᠨ ᠠᠷᠪᠠᠨ ᠡᠳᠦᠷ ᠦᠨ ᠤᠷᠤᠯᠠᠬᠤ ᠨᠣᠮᠧᠷ《ᠬᠠᠪᠤᠷ ᠤᠨ ᠠᠶᠤᠩᠭ᠎ᠠ ᠠᠵᠢᠯᠯᠠᠭ᠎ᠠ》ᠳᠤᠰᠬᠠᠢ ᠭᠦᠢᠴᠡᠳᠬᠡᠬᠦ ᠠᠵᠢᠯᠯᠠᠭ᠎ᠠ ᠶᠠᠪᠤᠭᠳᠠᠭᠤᠯᠪᠠ ᠃ ᠠᠵᠢᠯᠯᠠᠭ᠎ᠠ ᠶᠢ ᠪᠤᠳᠠᠳᠠᠢ ᠪᠤᠯᠭᠠᠵᠤ ᠂ ᠵᠦᠪ ᠤᠨᠤᠪᠴᠢᠳᠠᠢ《ᠯᠤᠢᠪᠡᠷᠳᠠᠭᠴᠢ》 ᠳᠤ ᠴᠤᠬᠢᠯᠳᠠ ᠥᠭᠬᠦ ᠶᠢᠨ ᠲᠦᠯᠦᠭᠡ᠂ 2017 ᠤᠨ ᠤ 2 ᠰᠠᠷᠠᠢᠨ 10 ᠤ ᠡᠳᠦᠷ ᠂ ᠳᠤᠰ ᠬᠤᠷᠢᠶ᠎ᠠ ᠳᠤᠰᠬᠠᠢ ᠬᠤᠷᠠᠯ ᠬᠤᠷᠠᠯᠳᠤᠭᠤᠯᠵᠤ ᠂ ᠬᠤᠯᠪᠤᠭᠳᠠᠯ ᠪᠦᠬᠦᠢ ᠶᠠᠪᠤᠳᠠᠯ ᠢ ᠪᠤᠳᠠᠳᠠᠢ ᠰᠤᠳᠤᠯᠤᠨ ᠳᠤᠬᠢᠷᠠᠭᠤᠯᠪᠠ ᠃ ᠪᠦᠬᠦ ᠭᠦᠢᠴᠡᠳᠬᠡᠬᠦ ᠺᠠᠳᠠᠷ ᠴᠠᠭᠳᠠᠭ᠎ᠠ ᠶᠢ ᠵᠤᠬᠢᠶᠠᠨ ᠪᠠᠢᠭᠤᠯᠵᠤ ᠭᠠᠷᠠᠭ ᠤᠨ ᠠᠮᠠᠷᠠᠯᠳᠠ ᠶᠢ ᠴᠠᠭ ᠢ ᠠᠰᠢᠭᠯᠠᠨ ᠂ ᠬᠠᠪᠤᠷ ᠤᠨ ᠠᠶᠤᠩᠭ᠎ᠠ ᠠᠵᠢᠯᠯᠠᠭ᠎ᠠ ᠶᠢᠨ ᠪᠡᠯᠡᠳᠬᠡᠯ ᠠᠵᠢᠯ ᠢ ᠬᠢᠵᠦ ᠂ ᠪᠦᠬᠦ ᠭᠦᠢᠴᠡᠳᠬᠡᠭᠴᠢ ᠦᠪᠡᠷ ᠦᠨ ᠬᠠᠷᠢᠭᠤᠴᠠᠭᠰᠠᠨ ᠬᠡᠷᠡᠭ ᠢᠶᠡᠨ ᠳᠠᠬᠢᠨ ᠨᠢᠬᠡ ᠮᠦᠷ ᠨᠠᠷᠢᠯᠢᠭ ᠡᠮᠬᠢᠯᠡᠵᠦ ᠂ ᠬᠡᠷᠡᠭ ᠦᠨ ᠰᠠᠭᠤᠷᠢ ᠳᠤᠭ᠎ᠠ ᠶᠢ ᠳᠤᠳᠤᠷᠬᠠᠢ ᠤᠢᠯᠭᠠᠵᠤ ᠂ ᠬᠡᠷᠡᠭ ᠦᠨ ᠰᠢᠯᠳᠠᠭᠠᠨ ᠢᠶᠠᠷ ᠲᠦᠷᠦᠯ ᠬᠤᠪᠢᠶᠠᠵᠤ᠂ ᠬᠡᠷᠡᠭ ᠪᠦᠷᠢ ᠶᠢᠨ ᠳᠤᠬᠠᠢ ᠶᠢᠨ ᠬᠦᠮᠦᠨ ᠦ ᠪᠠᠢᠳᠠᠯ ᠂ ᠵᠠᠷᠭᠤ ᠶᠢᠨ ᠬᠠᠳᠠᠭᠠᠯᠠᠨ ᠬᠠᠮᠠᠭᠠᠯᠠᠭᠰᠠᠨ ᠪᠠᠢᠳᠠᠯ ᠂ ᠡᠳ᠋ ᠬᠥᠷᠦᠩᠭᠡ ᠶᠢ ᠪᠠᠢᠴᠠᠭᠠᠭᠰᠠᠨ ᠪᠠᠢᠳᠠᠯ ᠵᠡᠷᠬᠡ ᠴᠢᠬᠤᠯᠠ ᠵᠦᠢᠯ ᠳᠦ ᠵᠡᠬᠦᠯᠲᠡ ᠳᠠᠯᠪᠢᠵᠤ ᠂ ᠵᠦᠪ ᠤᠨᠤᠪᠴᠢᠳᠠᠢ ᠴᠤᠬᠢᠯᠳᠠ ᠥᠭᠬᠦ ᠪᠡᠷ ᠴᠢᠷᠮᠠᠢᠨ᠎ᠠ ᠃
ᠡᠭᠦᠨ ᠡᠴᠡ ᠭᠠᠳᠠᠨ᠎ᠠ ᠂ ᠪᠦᠬᠦ ᠬᠦᠢᠴᠡᠳᠭᠡᠭᠴᠢ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠂ ᠪᠠᠢᠴᠠᠭᠠᠬᠤ ᠬᠤᠷᠢᠶ᠎ᠠ ᠂ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠭᠦᠢᠴᠡᠳᠬᠡᠬᠦ ᠶᠢ ᠳᠡᠪᠴᠢᠬᠦ ᠶᠠᠯ᠎ᠠ ᠶᠢᠨ ᠳᠤᠬᠠᠢ ᠬᠣᠯᠪᠤᠭᠠᠯᠠᠨ ᠨᠡᠢᠳᠡᠯᠡᠭᠰᠡᠨ ᠠᠭᠤᠯᠭ᠎ᠠ ᠶᠢ ᠲᠥᠪᠯᠡᠷᠡᠭᠦᠯᠦᠨ ᠰᠤᠷᠤᠯᠴᠠᠵᠤ ᠂ ᠭᠦᠢᠴᠡᠳᠬᠡᠬᠦ ᠶᠢ ᠳᠡᠪᠴᠢᠬᠦ ᠶᠠᠯ᠎ᠠ ᠶᠢ ᠰᠢᠢᠳᠪᠦᠷᠢᠯᠡᠬᠦ ᠬᠤᠯᠪᠤᠭᠳᠠᠯ ᠪᠦᠬᠦᠢ ᠲᠦᠷᠢᠮ ᠳᠤᠭᠳᠠᠭᠠᠯ ᠪᠠ ᠠᠯᠬᠤᠮ ᠳᠠᠷᠠᠭ᠎ᠠ ᠶᠢ ᠤᠢᠯᠭᠠᠪᠠ ᠃ ᠰᠢᠢᠳᠪᠦᠷᠢᠯᠡᠵᠦ ᠪᠠᠢᠭ᠎ᠠ ᠬᠡᠷᠡᠭ ᠳᠤᠮᠳᠠᠬᠢ ᠤᠷᠳᠤ ᠬᠤᠭᠤᠴᠠᠭ᠎ᠠ ᠪᠠᠷ ᠭᠦᠢᠴᠡᠳᠬᠡᠭᠡ ᠦᠬᠡᠢ᠂ ᠬᠦᠢᠴᠡᠳᠭᠡᠭᠳᠡᠭᠴᠢ ᠤᠷᠳᠤ ᠬᠤᠭᠤᠴᠠᠭ᠎ᠠ ᠪᠠᠷ ᠪᠠᠷ᠎ᠠ ᠰᠤᠷᠠᠭ ᠦᠬᠡᠢ ᠬᠡᠷᠡᠭ ᠢ ᠪᠠᠢᠴᠠᠭᠠᠵᠤ ᠂ ᠳᠤᠰᠬᠠᠢ ᠠᠵᠢᠯᠯᠠᠭ᠎ᠠ ᠳᠤᠮᠳᠠ ᠬᠠᠨᠳᠤᠯᠭᠠᠲᠤ ᠴᠢᠨᠠᠷ ᠳᠠᠢ ᠪᠠᠷ ᠬᠡᠷᠡᠴᠢ ᠴᠤᠭᠯᠠᠭᠤᠯᠬᠤ ᠪᠠ ᠪᠡᠬᠢᠵᠢᠭᠦᠯᠬᠦ ᠳᠦ ᠲᠦᠬᠦᠮ ᠪᠤᠯᠭᠠᠵᠤ ᠂ ᠳᠠᠷᠠᠭᠠᠴᠢ ᠶᠢᠨ ᠠᠯᠬᠤᠮ ᠤᠨ ᠭᠦᠢᠴᠡᠳᠬᠡᠬᠦ ᠶᠢ ᠳᠡᠪᠴᠢᠬᠦ ᠶᠠᠯ᠎ᠠ ᠳᠤ ᠴᠤᠬᠢᠯᠳᠠ ᠦᠭᠬᠦ ᠳᠦ ᠪᠦᠬᠦ ᠳᠠᠯ᠎ᠠ ᠶᠢᠨ ᠪᠡᠯᠡᠳᠬᠡᠯ ᠬᠢᠨ᠎ᠠ ᠃
ᠬᠦᠢᠴᠡᠳ ᠡᠬᠢᠨ ᠦ ᠦᠶ᠎ᠠ ᠶᠢᠨ ᠪᠡᠯᠡᠳᠬᠡᠯ ᠢᠶᠡᠷ ᠳᠠᠮᠵᠢᠵᠤ ᠂ ᠡᠬᠦᠷᠭᠡ ᠶᠢᠨ ᠬᠦᠰᠦᠨᠦᠭᠲᠦ ᠪᠠ ᠵᠠᠮ ᠱᠤᠭᠤᠮ ᠤᠨ ᠵᠢᠷᠤᠭ ᠢ ᠳᠤᠳᠤᠳᠬᠠᠵᠤ ᠂ ᠰᠢᠯᠢᠳᠡᠭ ᠬᠦᠴᠦᠨ ᠢ ᠴᠤᠭᠯᠠᠭᠤᠯᠤᠨ᠂ ᠪᠠᠳᠤᠯᠭ᠎ᠠ ᠶᠢᠨ ᠪᠢᠴᠢᠭ᠌ ᠳᠤᠭᠳᠠᠵᠤ ᠂ ᠪᠦᠬᠦ ᠬᠦᠢᠴᠡᠳᠬᠡᠬᠦ ᠺᠠᠳᠠᠷ ᠴᠠᠭᠳᠠᠭ᠎ᠠ ᠳᠠᠪᠤ ᠨᠡᠮᠡᠬᠦ ᠬᠤᠶᠠᠷ ᠂ ᠡᠳᠦᠷ ᠰᠦᠨᠢ ᠶᠢ ᠨᠡᠮᠡᠬᠦ ᠠᠵᠢᠯ ᠤᠨ ᠬᠡᠯᠪᠡᠷᠢ ᠶᠢ ᠬᠡᠷᠡᠭᠵᠢᠬᠦᠯᠵᠦ ᠂ ᠰᠥᠨᠢᠵᠢᠨ ᠰᠠᠬᠢᠵᠤ ᠂ ᠬᠦᠢᠴᠡᠳᠬᠡᠭᠳᠡᠭᠴᠢ ᠶᠢ ᠢᠳᠬᠠᠵᠤ ᠂ ᠡᠬᠦᠷᠭᠡ ᠪᠡᠨ ᠪᠡᠶᠡᠯᠡᠭᠦᠯᠬᠦ ᠶᠢ ᠡᠰᠡᠷᠭᠦᠴᠡᠬᠦ ᠬᠦᠢᠴᠡᠳᠬᠡᠭᠳᠡᠭᠴᠢ ᠳᠦ ᠡᠷᠡᠰ ᠳᠠᠰᠤ ᠠᠯᠪᠠᠳᠠᠯᠭ᠎ᠠ ᠶᠢᠨ ᠠᠷᠭ᠎ᠠ ᠬᠡᠮᠵᠢᠶ᠎ᠠ ᠠᠪᠤᠨ᠎ᠠ ᠃
ᠳᠤᠰᠬᠠᠢ ᠠᠵᠢᠯᠯᠠᠭ᠎ᠠ ᠳᠤᠮᠳᠠ ᠂ ᠵᠦᠩᠭᠠᠷ ᠬᠤᠰᠢᠭᠤᠨ ᠤ ᠰᠢᠬᠦᠬᠦ ᠬᠤᠷᠢᠶ᠎ᠠ 179 ᠬᠡᠷᠡᠭ ᠢ ᠲᠥᠪᠯᠡᠷᠡᠭᠦᠯᠦᠨ ᠬᠦᠢᠴᠡᠳᠬᠡᠵᠦ ᠂ ᠬᠡᠷᠡᠭ ᠲᠦ ᠬᠤᠯᠪᠤᠭᠳᠠᠭᠰᠠᠨ ᠬᠠᠷᠠᠯᠳᠠ ᠶᠢᠨ ᠳᠤᠭ᠎ᠠ 6629.63195 ᠲᠦᠮᠡᠨ ᠲᠦᠭᠦᠷᠢᠭ ᠂ ᠬᠠᠤᠯᠢ ᠶᠤᠰᠤᠭᠠᠷ 14 ᠬᠦᠮᠦᠨ ᠢ ᠬᠤᠷᠢᠵᠤ ᠂ 20 ᠨᠡᠷᠡᠰ ᠬᠦᠢᠴᠡᠳᠬᠡᠭᠳᠡᠭᠴᠢ ᠶᠢ ᠢᠳᠡᠬᠡᠯ ᠠᠯᠳᠠᠭᠰᠠᠨ ᠳᠠᠩᠰᠠᠨ ᠳᠤ ᠤᠷᠤᠭᠤᠯᠪᠠ ᠃ ᠳᠠᠷᠠᠭᠠᠴᠢ ᠶᠢᠨ ᠠᠯᠬᠤᠮ ᠳᠤ ᠂ ᠵᠦᠩᠭᠠᠷ ᠬᠤᠰᠢᠭᠤᠨ ᠤ ᠰᠢᠬᠦᠬᠦ ᠬᠤᠷᠢᠶ᠎ᠠ ᠨᠡᠩ ᠴᠢᠩᠭ᠎ᠠ ᠴᠤᠬᠢᠯᠳᠠ ᠦᠭᠬᠦ ᠠᠷᠭ᠎ᠠ ᠬᠡᠮᠵᠢᠶ᠎ᠠ ᠠᠪᠴᠤ ᠂ ᠭᠦᠢᠴᠡᠳᠬᠡᠬᠦ ᠠᠵᠢᠯ ᠤᠨ ᠰᠦᠷ ᠬᠦᠴᠦᠨ ᠢ ᠴᠢᠩᠭᠠᠳᠭᠠᠵᠤ ᠂ ᠡᠷᠡᠭᠦᠦ ᠶᠢᠨ ᠬᠡᠷᠡᠭ ᠦᠨ ᠰᠢᠬᠦᠨ ᠳᠠᠰᠤᠯᠤᠯᠲᠠ ᠶᠢᠨ ᠰᠡᠳᠬᠢᠬᠦᠢ ᠪᠤᠢ ᠪᠤᠯᠭᠠᠬᠤ ᠶᠢ ᠪᠠᠳᠤᠳᠬᠠᠵᠤ ᠂ ᠴᠠᠭ ᠳᠤᠬᠠᠢ ᠳᠤ ᠭᠦᠢᠴᠡᠳᠬᠡᠬᠦ ᠡᠴᠡ ᠵᠠᠢᠯᠠᠬᠤ ᠂ ᠭᠦᠢᠴᠡᠳᠬᠡᠬᠦ ᠡᠴᠡ ᠳᠤᠳᠠᠭᠠᠬᠤ ᠂ ᠭᠦᠢᠴᠡᠳᠬᠡᠬᠦ ᠶᠢ ᠡᠰᠡᠷᠭᠦᠴᠡᠬᠦ ᠠᠵᠢᠯᠯᠠᠭ᠎ᠠ ᠶᠢᠨ ᠬᠠᠮᠢᠶ᠎ᠠ ᠪᠦᠬᠦᠢ ᠰᠦᠪᠡᠭᠴᠢ ᠶᠢ ᠴᠤᠭᠯᠠᠭᠤᠯᠵᠤ ᠂ ᠬᠠᠷᠢᠶ᠎ᠠ ᠪᠦᠬᠦᠢ ᠪᠠᠢᠴᠠᠭᠠᠬᠤ ᠬᠤᠷᠢᠶ᠎ᠠ᠂ ᠳᠤᠳᠤᠭᠠᠳᠤ ᠶᠢ ᠬᠠᠮᠠᠭᠠᠯᠠᠬᠤ ᠳᠤᠪᠴᠢᠶ᠎ᠠ ᠳᠠᠢ ᠬᠠᠷᠢᠯᠴᠠᠬᠤ ᠪᠠᠨ ᠴᠢᠩᠭᠠᠳᠭᠠᠵᠤ᠂ ᠳᠤᠰᠪᠤᠷᠢ ᠶᠢᠨ ᠭᠦᠢᠴᠡᠳᠬᠡᠬᠦ ᠶᠢ ᠡᠰᠡᠷᠭᠦᠴᠡᠬᠦ ᠶᠠᠯ᠎ᠠ ᠳᠤᠮᠳᠠᠬᠢ ᠬᠠᠷᠢᠭᠤᠴᠠᠯᠭ᠎ᠠ ᠪᠠᠨ ᠳᠤᠳᠤᠷᠬᠠᠢ ᠪᠤᠯᠭᠠᠵᠤ ᠂ ᠬᠡᠷᠡᠭ ᠳᠠᠩᠰᠠᠯᠠᠬᠤ᠂ ᠪᠠᠢᠴᠠᠭᠠᠬᠤ᠂ ᠵᠠᠭᠠᠯᠳᠤᠬᠤ ᠪᠠ ᠰᠢᠬᠦᠨ ᠲᠠᠰᠤᠯᠤᠯᠲᠠ ᠵᠡᠷᠬᠡ ᠠᠯᠬᠤᠮ ᠳᠠᠷᠠᠭ᠎ᠠ ᠶᠢᠨ ᠪᠠᠷᠢᠮᠵᠢᠶ᠎ᠠ ᠶᠢ ᠨᠠᠷᠢᠨ ᠪᠤᠯᠭᠠᠵᠤ ᠂ ᠬᠡᠷᠡᠭ ᠰᠢᠢᠳᠪᠦᠷᠢᠯᠡᠬᠦ ᠴᠢᠨᠠᠷ ᠪᠠ ᠪᠦᠲᠦᠮᠵᠢ ᠶᠢ ᠳᠡᠭᠡᠭᠰᠢᠯᠡᠬᠦᠯᠵᠦ ᠂ ᠬᠠᠤᠯᠢ ᠶᠤᠰᠤᠭᠠᠷ ᠶᠠᠯ᠎ᠠ ᠬᠢᠭᠰᠡᠨ ᠶᠠᠪᠤᠳᠠᠯ ᠳᠤᠳᠤᠷᠬᠠᠢ《ᠯᠤᠢᠪᠠᠷᠳᠠᠭᠴᠢ》ᠰᠢᠢᠳᠬᠡᠨ᠎ᠠ ᠃
ᠬᠦᠢᠴᠡᠳᠭᠡᠭᠳᠡᠭᠴᠢ ᠰᠠᠨᠠᠭᠠᠴᠢᠯᠠᠭ᠎ᠠ ᠠᠴᠠ ᠪᠠᠨ ᠡᠬᠦᠷᠭᠡ ᠪᠡᠨ ᠭᠦᠢᠴᠡᠳᠬᠡᠬᠦ ᠶᠢ ᠬᠦᠰᠡᠵᠦ ᠂ ᠮᠥᠨᠴᠦ ᠦᠷᠭᠡᠨ ᠤᠯᠠᠨ ᠠᠷᠠᠳ ᠲᠦᠮᠡᠨ ᠢᠳᠡᠪᠬᠢᠳᠠᠢ ᠢᠳᠡᠬᠡᠯ ᠠᠯᠳᠠᠭᠰᠠᠨ ᠬᠦᠢᠴᠡᠳᠭᠡᠭᠳᠡᠭᠴᠢ ᠶᠢᠨ ᠪᠡᠶ᠎ᠠ᠂ ᠡᠳ᠋ ᠬᠥᠷᠦᠩᠭᠡ ᠶᠢᠨ ᠰᠦᠪᠡᠭᠴᠢ ᠬᠠᠩᠭᠠᠬᠤ ᠶᠢ ᠤᠭᠳᠤᠵᠤ ᠂ ᠪᠢᠳᠡ ᠬᠠᠮᠳᠤᠪᠡᠷ ᠦᠨᠡᠨᠴᠢ ᠢᠳᠡᠬᠡᠯᠳᠦ ᠵᠦᠩᠭᠠᠷ ᠢ ᠪᠠᠢᠭᠤᠯᠤᠶ᠎ᠠ ᠃
ᠦᠨᠡᠯᠡᠬᠦ 0ᠦᠨᠡᠯᠡᠯᠲᠡ ᠲᠠᠢ