ᠬᠠᠩᠭᠢᠨ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠤ ᠭᠦᠢᠴᠡᠳᠬᠡᠬᠦ ᠠᠵᠢᠯ《ᠬᠠᠪᠤᠷ ᠤᠨ ᠠᠶᠤᠩᠭ᠎ᠠ ᠠᠵᠢᠯᠯᠠᠭ᠎ᠠ》ᠨᠡᠷ᠎ᠡ ᠮᠠᠨᠳᠤᠪᠠ
2017.03.03 ᠲᠣᠰ ᠥᠷᠲᠡᠭᠡᠨ ᠦ ᠨᠠᠢᠷᠠᠭᠤᠯᠤᠭᠴᠢ

     2 ᠰᠠᠷᠠᠢᠨ 15  ᠤ ᠡᠳᠦᠷ ᠬᠠᠩᠭᠢᠨ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ《ᠬᠠᠪᠤᠷ ᠤᠨ ᠠᠶᠤᠩᠭ᠎ᠠ ᠠᠵᠢᠯᠯᠠᠭ᠎ᠠ》ᠭᠦᠢᠴᠡᠳᠬᠡᠬᠦ ᠠᠵᠢᠯ ᠥᠷᠨᠢᠭᠦᠯᠦᠭᠰᠡᠨ ᠡᠴᠡ ᠨᠠᠰᠢ ᠂ ᠰᠢᠬᠦᠬᠦ ᠬᠤᠷᠢᠶᠠᠨ ᠤ ᠺᠠᠳᠠᠷ ᠴᠠᠭᠳᠠᠭ᠎ᠠ ᠬᠦᠴᠢᠷ ᠡᠴᠡ ᠠᠶᠤᠬᠤ ᠦᠬᠡᠢ ᠂ ᠴᠥᠬᠦᠷᠡᠰᠢ ᠦᠬᠡᠢ ᠴᠢᠷᠮᠠᠢᠵᠤ ᠂ ᠭᠦᠢᠴᠡᠳᠬᠡᠬᠦ ᠠᠵᠢᠯ ᠤᠨ ᠡᠷᠴᠢᠮ ᠢ ᠴᠢᠩᠭᠠᠳᠭᠠᠵᠤ ᠂ ᠭᠦᠢᠴᠡᠳᠬᠡᠬᠦ ᠠᠵᠢᠯ ᠳᠤ ᠲᠤᠯᠭᠠᠷᠠᠭᠰᠠᠨ ᠬᠦᠴᠢᠷᠳᠡᠯ ᠢ ᠵᠣᠬᠢᠰᠲᠠᠢ ᠰᠢᠢᠳᠪᠦᠷᠢᠯᠡᠵᠦ ᠂ ᠵᠤᠷᠢᠭᠳᠠᠢ ᠬᠦᠢᠴᠡᠳᠬᠡᠵᠦ ᠂ ᠮᠠᠰᠢ ᠰᠠᠢᠨ ᠠᠮᠵᠢᠯᠲᠠ ᠤᠯᠪᠠ ᠃ 2 ᠰᠠᠷᠠᠢᠨ 9  ᠤ ᠡᠳᠦᠷ ᠪᠣᠯᠲᠠᠯ᠎ᠠ ᠂ 《ᠬᠠᠪᠤᠷ ᠤᠨ ᠠᠶᠤᠩᠭ᠎ᠠ ᠠᠵᠢᠯᠯᠠᠭ᠎ᠠ》ᠨᠡᠢᠲᠡ 81 ᠬᠡᠷᠡᠭ ᠭᠦᠢᠴᠡᠳᠭᠡᠵᠦ ᠂ ᠪᠤᠳᠠᠳᠠᠢ ᠠᠪᠴᠢᠷᠠᠭᠰᠠᠨ ᠬᠠᠷᠠᠯᠲᠠ 1540 ᠲᠦᠮᠡ ᠭᠠᠷᠤᠢ ᠲᠦᠬᠦᠷᠢᠭ ᠂ 4 ᠳᠤᠬᠠᠢ ᠶᠢᠨ ᠬᠦᠮᠦᠨ ᠳᠦ ᠠᠯᠪᠠᠳᠠᠯᠭ᠎ᠠ ᠶᠢᠨ ᠠᠷᠭ᠎ᠠ ᠬᠡᠮᠵᠢᠶ᠎ᠠ ᠠᠪᠤᠪᠠ ᠃

     ᠳᠤᠰ ᠤᠳᠠᠭᠠᠨ ᠤ《ᠬᠠᠪᠤᠷ ᠤᠨ ᠠᠶᠤᠩᠭ᠎ᠠ ᠠᠵᠢᠯᠯᠠᠭ᠎ᠠ》ᠳᠡᠭᠦᠰ ᠠᠮᠵᠢᠯᠲᠠ ᠤᠯᠬᠤ ᠶᠢ ᠪᠠᠳᠤᠯᠠᠬᠤ ᠶᠢᠨ ᠲᠦᠯᠦᠬᠡ ᠂ ᠬᠠᠩᠭᠢᠨ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠰᠢᠢᠳᠪᠦᠷᠢ ᠲᠣᠬᠢᠷᠠᠭᠤᠯᠤᠯᠲᠠ ᠶᠢ ᠨᠠᠢᠳᠠᠪᠤᠷᠢᠵᠢᠭᠤᠯᠵᠤ ᠂ ᠤᠬᠠᠭᠤᠯᠭ᠎ᠠ ᠶᠢ ᠴᠢᠩᠭᠠᠳᠭᠠᠵᠤ ᠂ ᠤᠬᠠᠭᠤᠯᠭ᠎ᠠ ᠶᠢᠨ ᠬᠠᠭᠤᠳᠠᠰᠤ 500 ᠭᠠᠷᠤᠢ ᠳᠠᠷᠬᠠᠵᠤ ᠂ ᠰᠢᠬᠦᠨ ᠲᠠᠰᠤᠯᠤᠯᠲᠠ ᠶᠢᠨ ᠳᠤᠭᠤᠷᠢᠬᠤ ᠲᠡᠷᠬᠡ ᠳᠤᠮᠢᠯᠠᠵᠤ ᠪᠦᠬᠦ ᠬᠤᠰᠢᠭᠤᠨ ᠳᠤ ᠭᠦᠢᠴᠡᠳᠬᠡᠬᠦ ᠮᠡᠳᠡᠭᠳᠡᠯ  ᠂ 《ᠬᠤᠳᠠ ᠶᠢᠨ ᠠᠷᠠᠳ ᠲᠤ ᠪᠢᠴᠢᠭᠰᠡᠨ ᠵᠠᠬᠢᠳᠠᠯ》᠂ 《ᠶᠠᠭᠤ ᠶᠢ ᠰᠢᠬᠦᠨ ᠲᠠᠰᠤᠯᠤᠯᠲᠠ ᠶᠢᠨ ᠭᠦᠢᠴᠡᠳᠬᠡᠬᠦ ᠶᠢ ᠳᠡᠪᠴᠢᠬᠦ ᠦᠢᠯᠡ ᠠᠵᠢᠯᠯᠠᠭ᠎ᠠ ᠬᠡᠬᠦ ᠪᠤᠢ》 ᠶᠢ ᠨᠡᠢᠳᠡᠯᠡᠵᠦ᠂ 《ᠬᠠᠪᠤᠷ ᠤᠨ ᠠᠶᠤᠩᠭ᠎ᠠ ᠠᠵᠢᠯᠯᠠᠭ᠎ᠠ》 ᠶᠢ ᠨᠡᠷ᠎ᠠ ᠮᠠᠨᠳᠤᠭᠤᠯᠵᠤ ᠂ ᠪᠤᠳᠠᠳᠠᠢ ᠪᠦᠲᠦᠮᠵᠢ ᠭᠠᠷᠭᠠᠬᠤ ᠶᠢ ᠪᠠᠳᠤᠯᠠᠨ᠎ᠠ ᠃ ᠳᠡᠭᠡᠷ᠎ᠠ ᠵᠢᠯ ᠦᠨ 《ᠭᠦᠢᠴᠡᠳᠬᠡᠬᠦ ᠵᠢᠯ ᠦᠨ ᠳᠤᠰᠬᠠᠢ ᠠᠵᠢᠯᠯᠠᠭ᠎ᠠ》 ᠶᠢᠨ ᠳᠠᠷᠠᠭ᠎ᠠ ᠂ ᠬᠠᠩᠬᠢᠨ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠭᠦᠢᠴᠡᠳᠬᠡᠬᠦ ᠡᠷᠴᠢᠮ  ᠢᠶᠡᠨ ᠨᠡᠮᠡᠭᠳᠡᠬᠦᠯᠵᠦ ᠂ 《ᠬᠤᠶᠠᠷ ᠠᠴᠠ ᠭᠤᠷᠪᠠᠨ ᠵᠢᠯ ᠦᠨ ᠳᠤᠲᠤᠷ᠎ᠠ ᠭᠦᠢᠴᠡᠳᠬᠡᠬᠦ ᠳᠦ ᠬᠦᠴᠢᠷ ᠠᠰᠠᠭᠤᠳᠠᠯ ᠢ ᠦᠨᠳᠦᠰᠦᠨ ᠳᠦ ᠪᠡᠨ ᠰᠢᠢᠳᠪᠦᠷᠢᠯᠡᠬᠦ》ᠬᠠᠷᠠᠯᠲᠠ ᠪᠠᠨ ᠪᠡᠶᠡᠯᠡᠭᠦᠯᠦᠨ᠎ᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )