ᠳ᠋ᠦᠩᠱᠧᠩ ᠳᠤᠭᠤᠷᠢᠭ ᠤᠨ ᠰᠢᠬᠦᠬᠦ ᠬᠤᠷᠢᠶᠠᠨ ᠤ《ᠬᠠᠪᠤᠷ ᠤᠨ ᠠᠶᠤᠩᠭ᠎ᠠ ᠠᠵᠢᠯᠯᠠᠭ᠎ᠠ》ᠦᠷᠬᠦᠯᠵᠢᠯᠡᠨ ᠬᠦᠴᠦᠯᠡᠵᠦ 《ᠯᠤᠢᠪᠠᠷᠳᠠᠭᠴᠢ》 ᠶᠢ ᠰᠦᠷᠳᠡᠭᠦᠯᠬᠦ ᠪᠦᠲᠦᠮᠵᠢ ᠲᠣᠪᠤᠢᠮ᠎ᠠ
2017.03.03 ᠲᠣᠰ ᠥᠷᠲᠡᠭᠡᠨ ᠦ ᠨᠠᠢᠷᠠᠭᠤᠯᠤᠭᠴᠢ

    ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶᠠᠨ《<ᠬᠤᠶᠠᠷ ᠠᠴᠠ ᠭᠤᠷᠪᠠᠨ ᠵᠢᠯ ᠦᠨ ᠬᠤᠭᠤᠴᠠᠭᠠᠨ ᠳᠤ ᠭᠦᠢᠴᠡᠳᠬᠡᠬᠦ ᠳᠦ ᠬᠦᠴᠢᠷ ᠠᠰᠠᠭᠤᠳᠠᠯ ᠢ ᠦᠨᠳᠦᠰᠦᠨ ᠡᠴᠡ ᠨᠢ ᠰᠢᠢᠳᠪᠦᠷᠢᠯᠡᠬᠦ>   ᠶᠢ ᠨᠠᠢᠳᠠᠪᠤᠷᠢᠵᠢᠭᠤᠯᠬᠤ ᠳᠤᠬᠠᠢ ᠠᠵᠢᠯ ᠤᠨ ᠳᠤᠪᠴᠢ》᠂ ᠥᠪᠡᠷᠲᠡᠭᠡᠨ ᠵᠠᠰᠠᠬᠤ ᠤᠷᠤᠨ ᠤ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶᠠᠨ ᠤ ᠬᠦᠢᠴᠡᠳᠭᠡᠬᠦ ᠳᠤᠪᠴᠢᠶᠠᠨ ᠤ ᠠᠵᠢᠯ ᠤᠨ ᠲᠣᠬᠢᠷᠠᠭᠤᠯᠤᠯᠲᠠ ᠵᠢᠴᠢ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠠᠵᠢᠯ ᠤᠨ ᠱᠠᠭᠠᠷᠳᠠᠯᠭ᠎ᠠ ᠨᠠᠢᠳᠠᠪᠤᠷᠢᠵᠢᠭᠤᠯᠬᠤ ᠂ ᠬᠤᠶᠠᠷ ᠠᠴᠠ ᠭᠤᠷᠪᠠᠨ ᠵᠢᠯ ᠦᠨ ᠬᠤᠭᠤᠴᠠᠭᠠᠨ ᠳᠤ 《ᠭᠦᠢᠴᠡᠳᠬᠡᠬᠦ ᠳᠦ ᠬᠦᠴᠢᠷ》 ᠠᠰᠠᠭᠤᠳᠠᠯ ᠢ ᠦᠨᠳᠦᠰᠦᠨ ᠡᠴᠡ ᠨᠢ ᠰᠢᠢᠳᠪᠦᠷᠢᠯᠡᠬᠦ ᠡᠬᠦᠷᠭᠡ ᠶᠢᠨ ᠬᠠᠷᠠᠯᠳᠠ ᠶᠢ ᠪᠦᠬᠦ ᠬᠦᠴᠦᠨ ᠢᠶᠡᠷ ᠪᠡᠶᠡᠯᠡᠬᠦᠯᠬᠦ ᠂ 《ᠯᠤᠢᠪᠠᠷᠳᠠᠭᠴᠢ》 ᠳᠦ ᠴᠤᠬᠢᠯᠲᠠ ᠦᠭᠴᠦ ᠂ ᠵᠦᠪ ᠶᠤᠰᠤ ᠶᠢ ᠳᠡᠮᠵᠢᠵᠦ᠂ ᠦᠨᠡᠨᠴᠢ ᠢᠳᠡᠬᠡᠯᠲᠡᠢ ᠨᠡᠢᠬᠡᠮ ᠦᠨ ᠰᠢᠰᠲ᠋ᠧᠮ ᠢ ᠰᠡᠷᠭᠦᠭᠡᠬᠦ ᠶᠢᠨ ᠲᠦᠯᠦᠬᠡ ᠂ ᠳ᠋ᠦᠩᠱᠧᠩ ᠳᠤᠭᠤᠷᠢᠭ ᠤᠨ ᠰᠢᠬᠦᠬᠦ ᠬᠤᠷᠢᠶ᠎ᠠ ᠴᠠᠭᠠᠨ ᠰᠠᠷ᠎ᠠ ᠶᠢᠨ ᠳᠠᠷᠠᠭ᠎ᠠ《ᠬᠠᠪᠤᠷ ᠤᠨ ᠠᠶᠤᠩᠭ᠎ᠠ ᠠᠵᠢᠯᠯᠠᠭ᠎ᠠ》 ᠶᠢ ᠵᠤᠬᠢᠶᠠᠨ ᠪᠠᠢᠭᠤᠯᠤᠨ ᠥᠷᠨᠢᠭᠦᠯᠵᠦ ᠂ ᠳᠤᠰ ᠤᠳᠠᠭᠠᠨ ᠤ ᠲᠥᠪᠯᠡᠷᠡᠭᠦᠯᠦᠨ ᠬᠦᠢᠴᠡᠳᠬᠡᠬᠦ ᠠᠵᠢᠯᠯᠠᠭ᠎ᠠ 2 ᠰᠠᠷᠠᠢᠨ 15  ᠤ ᠡᠳᠦᠷ ᠡᠴᠡ ᠡᠬᠢᠯᠡᠵᠦ ᠂ ᠠᠷᠪᠠᠨ ᠡᠳᠦᠷ ᠶᠠᠪᠤᠭᠳᠠᠪᠠ ᠃

     《ᠬᠠᠪᠤᠷ ᠤᠨ ᠠᠶᠤᠩᠭ᠎ᠠ ᠠᠵᠢᠯᠯᠠᠭ᠎ᠠ》ᠳᠤᠮᠳᠠ ᠂ ᠳ᠋ᠦᠩᠱᠧᠩ ᠳᠤᠭᠤᠷᠢᠭ ᠤᠨ ᠰᠢᠬᠦᠬᠦ ᠬᠤᠷᠢᠶᠠᠨ ᠤ ᠭᠦᠢᠴᠡᠳᠬᠡᠬᠦ ᠳᠤᠪᠴᠢᠶᠠᠨ ᠤ ᠺᠠᠳᠠᠷ ᠴᠠᠭᠳᠠᠭ᠎ᠠ ᠪᠠᠷ ᠪᠦᠷᠢᠯᠳᠦᠭᠰᠡᠨ ᠤᠯᠠᠨ ᠬᠦᠢᠴᠡᠳᠬᠡᠬᠦ ᠳᠤᠭᠤᠢᠯᠠᠩ᠂ ᠬᠠᠤᠯᠢ ᠴᠠᠭᠠᠵᠠ ᠤᠯᠭᠤᠭᠰᠠᠨ ᠡᠯ᠎ᠠ ᠲᠦᠷᠦᠯ ᠦᠨ ᠠᠯᠪᠠᠳᠠᠯᠭ᠎ᠠ ᠶᠢᠨ ᠠᠷᠭ᠎ᠠ ᠬᠡᠮᠵᠢᠶ᠎ᠠ ᠶᠢ ᠭᠦᠢᠴᠡᠳ ᠬᠡᠷᠡᠭᠯᠡᠵᠦ ᠂ ᠠᠮᠢᠳᠤᠯᠢᠭ ᠬᠡᠷᠡᠭᠯᠡᠵᠦ ᠂ ᠰᠠᠢᠨ ᠬᠡᠷᠡᠭᠯᠡᠵᠦ ᠂ ᠪᠢᠯᠢᠭ᠌ ᠦᠨ ᠤᠯᠠᠷᠢᠯ ᠤᠨ ᠴᠠᠭᠠᠨ ᠰᠠᠷ᠎ᠠ ᠶᠢᠨ ᠳᠤᠬᠢᠶᠠᠯ ᠢ ᠠᠰᠢᠭᠯᠠᠵᠤ ᠂ ᠭᠦᠢᠴᠡᠳᠬᠡᠬᠦ ᠡᠴᠡ ᠵᠠᠢᠯᠠᠬᠤ ᠂ ᠬᠦᠢᠴᠡᠳᠬᠡᠬᠦ ᠶᠢ ᠡᠰᠡᠷᠭᠦᠴᠡᠬᠦ ᠂ ᠬᠤᠷᠢᠬᠤ ᠨᠥᠬᠦᠴᠡᠯ ᠳᠦ ᠬᠦᠷᠦᠭᠰᠡᠨ ᠭᠦᠢᠴᠡᠳᠬᠡᠭᠳᠡᠭᠴᠢ ᠶᠢ ᠬᠤᠷᠢᠬᠤ ᠂ ᠵᠤᠭᠤᠰ ᠢᠶᠠᠷ ᠲᠣᠷᠭᠤᠭᠠᠬᠤ ᠵᠡᠷᠬᠡ ᠠᠯᠪᠠᠳᠠᠯᠭ᠎ᠠ ᠶᠢᠨ ᠠᠷᠭ᠎ᠠ ᠬᠡᠮᠵᠢᠶ᠎ᠠ ᠠᠪᠴᠤ ᠂ ᠨᠢᠬᠡ ᠪᠦᠯᠦᠭ ᠢ ᠲᠥᠪᠯᠡᠷᠡᠭᠦᠯᠦᠨ ᠬᠤᠷᠢᠬᠤ ᠂ ᠨᠢᠬᠡ ᠪᠦᠯᠦᠭ ᠢ ᠲᠣᠷᠭᠤᠭᠠᠵᠤ ᠂ ᠢᠳᠡᠬᠡᠯ ᠠᠯᠳᠠᠭᠰᠠᠳ ᠤᠨ ᠨᠡᠷ᠎ᠠ ᠶᠢ ᠨᠡᠢᠲᠡᠯᠡᠨ᠎ᠡ ᠃ ᠥᠩᠭᠡᠷᠡᠭᠰᠡᠨ ᠵᠢᠯ ᠦᠨ ᠬᠦᠢᠴᠡᠳᠭᠡᠯ ᠦᠨ ᠳᠠᠷᠤᠭᠳᠠᠮᠠᠯ ᠬᠡᠷᠡᠭ ᠵᠢᠴᠢ 2017 ᠤᠨ ᠤ ᠰᠢᠨ᠎ᠠ ᠪᠠᠷ ᠬᠦᠯᠢᠶᠡᠨ ᠠᠪᠤᠭᠰᠠᠨ ᠬᠡᠷᠡᠭ  ᠢ ᠬᠡᠷᠡᠭ ᠦᠨ ᠰᠢᠯᠳᠠᠭᠠᠨ ᠢᠶᠠᠷ ᠲᠦᠷᠦᠯ ᠬᠤᠪᠢᠶᠠᠨ ᠪᠦᠷᠢᠳᠬᠡᠵᠦ ᠂ ᠨᠢᠬᠡ ᠪᠦᠯᠦᠭ ᠳᠠᠷᠤᠭᠳᠠᠮᠠᠯ ᠬᠡᠷᠡᠭ ᠢ ᠲᠥᠪᠯᠡᠷᠡᠭᠦᠯᠦᠨ ᠰᠢᠢᠳᠪᠦᠷᠢᠯᠡᠨ᠎ᠡ ᠃ ᠥᠩᠭᠡᠷᠡᠭᠰᠡᠨ ᠵᠢᠯ ᠦᠨ ᠵᠠᠬᠢᠳᠠᠯ ᠰᠤᠷᠪᠤᠯᠵᠢᠯᠠᠭ᠎ᠠ ᠳᠤ ᠬᠤᠯᠪᠤᠭᠳᠠᠭᠰᠠᠨ ᠬᠡᠷᠡᠭ ᠢ ᠡᠬᠡ ᠲᠠᠩᠰᠠ ᠵᠤᠬᠢᠶᠠᠵᠤ ᠂ ᠬᠦᠮᠦᠨ ᠳᠦ ᠬᠤᠪᠢᠶᠠᠨ ᠦᠭᠴᠦ ᠂ ᠬᠡᠷᠡᠭ ᠳᠠᠷᠠᠭᠠᠯᠠᠨ ᠡᠶᠡᠳᠡᠬᠦᠯᠬᠦ ᠲᠥᠰᠦᠪᠯᠡᠯ ᠵᠤᠬᠢᠶᠠᠵᠤ ᠂ ᠪᠦᠬᠦ ᠳᠠᠯ᠎ᠠ ᠪᠠᠷ ᠵᠠᠬᠢᠳᠠᠯ ᠰᠤᠷᠪᠤᠯᠵᠢᠯᠠᠭ᠎ᠠ ᠳᠤ ᠬᠤᠯᠪᠤᠭᠳᠠᠭᠰᠠᠨ ᠬᠡᠷᠡᠭ ᠢ ᠰᠢᠢᠳᠪᠦᠷᠢᠯᠡᠵᠦ ᠂ ᠭᠦᠢᠴᠡᠳᠬᠡᠯ ᠦᠨ ᠳᠠᠷᠤᠭᠳᠠᠮᠠᠯ ᠬᠡᠷᠡᠭ ᠢ ᠪᠦᠲᠦᠮᠵᠢᠲᠠᠢ ᠰᠢᠢᠳᠪᠦᠷᠢᠯᠡᠬᠦ ᠶᠢ ᠲᠦᠯᠬᠢᠨ ᠠᠬᠢᠭᠤᠯᠤᠨ᠎ᠠ ᠃

    《ᠬᠠᠪᠤᠷ ᠤᠨ ᠠᠶᠤᠩᠭ᠎ᠠ ᠠᠵᠢᠯᠯᠠᠭ᠎ᠠ》ᠦᠷᠨᠢᠬᠦᠯᠦᠭᠰᠡᠨ ᠡᠴᠡ ᠨᠠᠰᠢ ᠂ ᠳ᠋ᠦᠩᠱᠧᠩ ᠳᠤᠭᠤᠷᠢᠭ ᠤᠨ ᠰᠢᠬᠦᠬᠦ ᠬᠤᠷᠢᠶ᠎ᠠ ᠨᠡᠢᠲᠡ 89 ᠬᠡᠷᠡᠭ ᠬᠦᠢᠴᠡᠳᠬᠡᠵᠦ ᠂ ᠭᠦᠢᠴᠡᠳᠬᠡᠬᠦ ᠬᠠᠷᠠᠯᠳᠠ 4117.732 ᠲᠦᠮᠡᠨ ᠲᠦᠬᠦᠷᠢᠭ ᠂ 25 ᠭᠦᠢᠴᠡᠳᠬᠡᠭᠳᠡᠭᠴᠢ  ᠶᠢ ᠠᠯᠪᠠᠳᠠᠨ ᠳᠠᠭᠤᠳᠠᠵᠤ ᠂ 84 ᠬᠦᠢᠴᠡᠳᠬᠡᠭᠳᠡᠭᠴᠢ   ᠶᠢᠨ ᠢᠳᠡᠬᠡᠯ ᠠᠯᠳᠠᠭᠰᠠᠨ ᠢ ᠨᠡᠢᠳᠡᠯᠡᠵᠦ᠂ ᠵᠠᠷᠭᠤ ᠢᠯᠠᠭᠰᠠᠨ ᠳᠤᠬᠠᠢ ᠶᠢᠨ ᠬᠦᠮᠦᠨ ᠦ ᠬᠠᠤᠯᠢ ᠶᠤᠰᠤᠨ ᠤ ᠡᠷᠬᠡ ᠠᠰᠢᠭ  ᠢ ᠬᠠᠮᠠᠭᠠᠯᠠᠵᠤ ᠂ ᠬᠠᠤᠯᠢ ᠴᠠᠭᠠᠵᠠ ᠶᠢᠨ ᠡᠷᠬᠡ ᠰᠦᠷ ᠢ ᠪᠤᠢ ᠪᠤᠯᠭᠠᠪᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )