2 ᠰᠠᠷᠠᠢᠨ 15 ᠤ ᠡᠳᠦᠷ ᠂ ᠮᠠᠨ ᠤ ᠬᠤᠷᠢᠶᠠᠨ ᠤ ᠬᠡᠷᠡᠭ ᠳᠠᠩᠰᠠᠯᠠᠬᠤ ᠲᠢᠩᠬᠢᠮ ᠦᠨ ᠰᠡᠴᠡᠨᠲᠤᠶᠠᠭ᠎ᠠ ᠪᠤᠯᠤᠨ ᠣᠣ ᠰᠢᠨ ᠢᠦᠢ ᠬᠤᠶᠠᠷ ᠺᠠᠳᠠᠷ ᠴᠠᠭᠳᠠᠭ᠎ᠠ ᠤᠷᠳᠤᠰ ᠤᠨ ᠷᠠᠳ᠋ᠢᠣ᠋ ᠲᠸᠯᠸᠢᠰ ᠬᠤᠷᠢᠶᠠᠨ ᠤ ᠬᠢᠳᠡᠳ ᠬᠡᠯᠡᠨ ᠦ ᠰᠤᠨᠢᠨ ᠮᠡᠳᠡᠭᠡᠨ ᠦ ᠶᠡᠷᠦᠩᠬᠡᠢ ᠷᠠᠳ᠋ᠢᠣ᠋ ᠨᠡᠪᠲᠡᠷᠡᠭᠦᠯᠭᠡ(FM 89.6) ᠶᠢᠨ ᠬᠠᠤᠯᠢ ᠲᠦᠬᠡᠮᠵᠢᠯᠡᠬᠦ ᠲᠦᠷᠦᠯ ᠦᠨ ᠫᠷᠤᠭ᠍ᠷᠠᠮ《ᠬᠠᠤᠯᠢ ᠶᠠᠷᠢᠬᠤ ᠰᠢᠭᠤᠳ ᠨᠡᠪᠲᠡᠷᠡᠭᠦᠯᠭᠡ》 ᠳᠦ ᠤᠷᠢᠭᠳᠠᠵᠤ᠂ ᠨᠢᠬᠡ ᠴᠠᠭ ᠤᠨ ᠬᠠᠤᠯᠢ ᠲᠦᠬᠡᠮᠵᠢᠯᠡᠬᠦ ᠵᠢᠴᠢ ᠬᠠᠤᠯᠢ ᠴᠠᠭᠠᠵᠠ ᠶᠢᠨ ᠠᠰᠠᠭᠤᠯᠲᠠ ᠶᠢᠨ ᠳᠤᠬᠠᠢ ᠬᠠᠮᠢᠶ᠎ᠠ ᠪᠦᠬᠦᠢ ᠲᠠᠢᠯᠪᠤᠷᠢᠯᠠᠯᠲᠠ ᠬᠢᠪᠡ ᠃ ᠦᠷᠭᠡᠨ ᠤᠯᠠᠨ ᠰᠣᠨᠤᠰᠤᠭᠴᠢᠳ ᠢᠳᠡᠪᠬᠢᠵᠢᠯ ᠦᠨᠳᠦᠷ ᠪᠠᠢᠵᠤ ᠂ ᠳᠤᠰᠪᠤᠷᠢ ᠪᠢᠴᠢᠯ ᠵᠢᠷᠭᠢᠷᠡ ᠂ ᠪᠢᠴᠢᠯ ᠪᠦᠷᠭᠡ ᠂ ᠤᠬᠤᠷ ᠴᠢᠮᠡᠬᠡ᠂ ᠤᠳᠠᠰᠤ ᠵᠡᠷᠬᠡ ᠬᠡᠯᠪᠡᠷᠢ ᠪᠡᠷ ᠦᠬᠡ ᠦᠯᠡᠳᠡᠭᠡᠨ ᠯᠠᠪᠯᠠᠯᠲᠠ ᠬᠢᠬᠦ ᠪᠤᠶᠤ ᠰᠢᠭᠤᠳ ᠫᠷᠤᠭ᠍ᠷᠠᠮ ᠤᠷᠤᠯᠴᠠᠵᠤ ᠂ ᠰᠣᠨᠤᠰᠤᠭᠴᠢᠳ ᠤᠨ ᠦᠯᠡᠳᠡᠭᠡᠭᠰᠡᠨ ᠠᠰᠠᠭᠤᠯᠳᠠ ᠪᠠ ᠤᠳᠠᠰᠤᠨ ᠳᠤ ᠶᠠᠷᠢᠯᠴᠠᠬᠤ ᠠᠰᠠᠭᠤᠯᠲᠠ ᠨᠢ ᠪᠦᠷ ᠮᠠᠨ ᠤ ᠡᠳᠦᠷ ᠳᠤᠳᠤᠮ ᠤᠨ ᠠᠮᠢᠳᠤᠷᠠᠯ ᠳᠤ ᠤᠴᠠᠷᠠᠳᠠᠭ ᠠᠰᠠᠭᠤᠯᠲᠠ ᠪᠠᠢᠵᠤ ᠂ ᠡᠭᠦᠨ ᠦ ᠳᠤᠮᠳᠠ ᠠᠷᠠᠳ ᠤᠨ ᠬᠤᠭᠤᠷᠤᠨᠳᠤᠬᠢ ᠵᠢᠭᠡᠯᠡᠯᠭᠡ ᠶᠢᠨ ᠳᠤᠬᠠᠢ ᠠᠰᠠᠭᠤᠯᠲᠠ ᠤᠯᠠᠨ ᠪᠠᠢᠵᠤ ᠂ ᠡᠭᠦᠨ ᠡᠴᠡ ᠭᠠᠳᠠᠨ᠎ᠠ ᠪᠠᠰᠠ ᠬᠥᠳᠡᠭᠡ ᠳᠤᠰᠬᠤᠨ ᠤ ᠭᠠᠵᠠᠷ ᠰᠢᠷᠦᠢ ᠶᠢᠨ ᠳᠠᠭᠠᠭᠠᠴᠢᠯᠠᠯᠲᠠ᠂ ᠤᠷᠤᠭ ᠬᠤᠷᠢᠮ ᠬᠡᠷ ᠪᠦᠯᠢ ᠂ ᠬᠠᠷᠢᠶᠠᠯᠠᠯ ᠤᠨ ᠡᠷᠬᠡ ᠵᠡᠷᠬᠡ ᠬᠠᠤᠯᠢ ᠶᠢᠨ ᠳᠤᠬᠠᠢ ᠠᠰᠠᠭᠤᠯᠲᠠ ᠪᠠᠢᠨ᠎ᠠ ᠃
ᠫᠷᠤᠭ᠍ᠷᠠᠮ ᠳᠤᠮᠳᠠ ᠂ ᠰᠡᠴᠡᠨᠲᠤᠶᠠᠭ᠎ᠠ ᠰᠢᠬᠦᠭᠴᠢ ᠨᠠᠷᠢᠨ ᠨᠢᠮᠪᠠᠢ ᠰᠣᠨᠤᠰᠤᠭᠴᠢᠳ ᠲᠤ ᠳᠠᠢᠯᠪᠤᠷᠢ ᠬᠢᠵᠦ ᠂ ᠣᠣ ᠰᠢᠨ ᠢᠦᠢ ᠠᠰᠠᠭᠤᠯᠲᠠ ᠶᠢᠨ ᠬᠣᠭᠤᠷᠤᠨᠳᠤ ᠰᠣᠨᠤᠰᠤᠭᠴᠢᠳ ᠲᠤ ᠬᠡᠷᠡᠭ ᠳᠠᠩᠰᠠᠯᠠᠬᠤ ᠂ ᠬᠠᠷᠢᠶᠠᠯᠠᠯ ᠵᠡᠷᠬᠡ ᠬᠠᠤᠯᠢ ᠶᠢᠨ ᠮᠡᠳᠡᠯᠬᠡ ᠶᠢ ᠤᠬᠠᠭᠤᠯᠪᠠ ᠃ ᠴᠠᠬᠢᠯᠭᠠᠨ ᠳᠣᠯᠭᠢᠶ᠎ᠠ ᠪᠠᠷ ᠪᠦᠬᠦ ᠬᠤᠳᠠ ᠶᠢᠨ ᠰᠣᠨᠤᠰᠤᠭᠴᠢᠳ ᠲᠤ ᠮᠠᠨ ᠤ ᠬᠤᠷᠢᠶᠠᠨ ᠤ ᠰᠠᠢᠨ ᠰᠠᠢᠬᠠᠨ ᠬᠠᠤᠯᠢ ᠴᠠᠭᠠᠵᠠ ᠶᠢᠨ ᠲᠦᠷᠢ ᠲᠦᠷᠬᠦ ᠶᠢ ᠢᠯᠡᠷᠡᠬᠦᠯᠵᠦ ᠂ ᠬᠠᠤᠯᠢ ᠴᠠᠭᠠᠵᠠ ᠶᠢᠨ ᠨᠡᠢᠲᠡ ᠶᠢᠨ ᠢᠳᠡᠬᠡᠬᠦᠯᠬᠦ ᠬᠦᠴᠦᠨ ᠢ ᠳᠡᠭᠡᠭᠰᠢᠯᠡᠭᠦᠯᠵᠦ ᠂ ᠮᠥᠨᠴᠦ ᠠᠷᠠᠳ ᠲᠦᠮᠡᠨ ᠳᠦ ᠮᠠᠰᠢ ᠤᠯᠠᠨ ᠠᠰᠠᠭᠤᠯᠲᠠ ᠶᠢ ᠬᠠᠷᠢᠭᠤᠯᠳᠠ ᠦᠭᠴᠦ ᠂ ᠤᠯᠠᠨ ᠮᠠᠳᠠᠭ ᠳᠠᠢ ᠵᠦᠢᠯ ᠢ ᠰᠢᠢᠳᠪᠦᠷᠢᠯᠡᠵᠦ ᠦᠭᠭᠦᠪᠡ ᠃
ᠤᠢᠷ᠎ᠠ ᠶᠢᠨ ᠵᠢᠯ ᠳᠦ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠤᠬᠠᠭᠤᠯᠬᠤ ᠬᠡᠯᠪᠡᠷᠢ ᠶᠢ ᠢᠳᠡᠪᠭᠢᠳᠠᠢ ᠰᠢᠨ᠎ᠡ ᠶᠢ ᠡᠭᠦᠳᠦᠨ ᠂ ᠤᠬᠠᠭᠤᠯᠬᠤ ᠠᠷᠭ᠎ᠠ ᠬᠡᠮᠵᠢᠶ᠎ᠠ ᠶᠢ ᠥᠷᠭᠡᠳᠭᠡᠨ ᠂ ᠤᠬᠠᠭᠤᠯᠬᠤ ᠡᠷᠴᠢᠮ ᠢ ᠴᠢᠩᠭᠠᠳᠭᠠᠵᠤ ᠂ ᠰᠢᠨ᠎ᠠ ᠵᠠᠭᠤᠴᠢ ᠶᠢ ᠵᠤᠷᠢᠭᠳᠠᠢ ᠠᠰᠢᠭᠯᠠᠨ ᠤᠬᠠᠭᠤᠯᠵᠤ ᠂ ᠤᠬᠠᠭᠤᠯᠬᠤ ᠬᠦᠷᠢᠶ᠎ᠠ ᠬᠡᠪᠴᠢᠶ᠎ᠠ ᠪᠠ ᠬᠦᠷᠳᠡᠭᠴᠢ ᠤᠯᠠᠨ ᠲᠦᠮᠡᠨ ᠢ ᠲᠠᠰᠤᠷᠠᠯᠲᠠ ᠦᠬᠡᠢ ᠦᠷᠭᠡᠳᠬᠡᠵᠦ ᠂ ᠤᠬᠠᠭᠤᠯᠬᠤ ᠦᠷ᠎ᠡ ᠪᠦᠲᠦᠮᠵᠢ ᠶᠡᠬᠡ ᠬᠡᠮᠵᠢᠶ᠎ᠠ ᠪᠠᠷ ᠳᠡᠭᠡᠭᠰᠢᠯᠡᠪᠡ ᠃ ᠰᠢᠨ᠎ᠡ ᠵᠠᠭᠤᠴᠢ ᠪᠠ ᠬᠠᠭᠤᠴᠢᠨ ᠵᠠᠭᠤᠴᠢ ᠶᠢᠨ ᠳᠠᠪᠠᠭᠤᠯᠢᠭ ᠢ ᠤᠶᠠᠯᠳᠤᠭᠤᠯᠵᠤ ᠰᠢᠬᠦᠬᠦ ᠬᠤᠷᠢᠶ᠎ᠠ ᠪᠤᠯᠤᠨ ᠨᠡᠢᠬᠡᠮ ᠦᠨ ᠬᠠᠷᠢᠯᠴᠠᠬᠤ ᠶᠢ ᠴᠢᠩᠭᠠᠳᠬᠠᠵᠤ ᠂ 《ᠨᠠᠷᠠᠨ ᠬᠡᠷᠡᠯᠲᠦ ᠰᠢᠬᠦᠬᠦ ᠬᠤᠷᠢᠶ᠎ᠠ》ᠪᠠᠢᠭᠤᠯᠵᠤ ᠂ ᠠᠷᠠᠳ ᠲᠦᠮᠡᠨ ᠬᠠᠤᠯᠢ ᠴᠠᠭᠠᠵᠠ ᠶᠢᠨ ᠬᠡᠷᠡᠭ ᠪᠦᠷᠢ ᠪᠡᠷ ᠲᠦᠪ ᠭᠤᠤᠯᠴᠢ ᠡᠷᠬᠡ ᠳᠡᠭᠰᠢ ᠶᠢ ᠣᠢᠯᠠᠭᠠᠭᠤᠯᠬᠤ ᠪᠠᠷ ᠴᠢᠷᠮᠠᠢᠨ᠎ᠠ ᠃
ᠦᠨᠡᠯᠡᠬᠦ 0ᠦᠨᠡᠯᠡᠯᠲᠡ᠎ᠲᠠᠢ