ᠤᠷᠳᠤᠰ ᠤᠨ《ᠰᠦᠯᠵᠢᠶᠡᠨ ᠳᠡᠭᠡᠷᠡᠬᠢ ᠰᠢᠬᠦᠬᠦ ᠬᠤᠷᠢᠶ᠎ᠠ》ᠠᠩᠬ᠎ᠠ ᠤᠳᠠᠭ᠎ᠠ ᠳᠤᠯᠭᠠᠨ ᠭᠡᠷᠡᠴᠢᠯᠡᠬᠦ ᠶᠢ ᠳᠤᠷᠰᠢᠪᠠ
2017.02.27 ᠲᠣᠰ ᠥᠷᠲᠡᠭᠡᠨ᠎ᠦ ᠨᠠᠢᠷᠠᠭᠤᠯᠤᠭᠴᠢ

 

 

    《ᠰᠠᠢᠨ  ᠤᠤ᠂ ᠮᠦᠭᠳᠡᠨ ᠦ*** ᠺᠤᠮᠫᠠᠨᠢ ᠪᠢᠳᠡ ᠤᠷᠢᠳᠠᠪᠡᠷ ᠳᠡᠯᠭᠡᠴᠡ ᠶᠢᠨ ᠵᠢᠷᠤᠭ ᠳᠤᠳᠤᠷᠬᠠᠢ ᠪᠠᠢᠬᠤ ᠡᠰᠡᠬᠦ ᠶᠢ ᠳᠤᠷᠰᠢᠶ᠎ᠠ ᠂ ᠳᠠ ᠳᠤᠯᠭᠠᠨ ᠬᠡᠷᠡᠴᠢᠯᠡᠬᠦ ᠬᠡᠷᠡᠴᠢ ᠪᠡᠨ ᠳᠤᠷᠠᠨ ᠬᠠᠷᠠᠭ᠎ᠠ ᠳᠠᠢ ᠠᠰᠯᠠᠭᠤᠯᠤᠭᠠᠷᠠᠢ ᠂᠂᠂᠂》

    《ᠰᠠᠢᠨ  ᠤᠤ᠂ ᠦᠪᠦᠷ ᠮᠤᠩᠭᠤᠯ ᠤᠨ*** ᠺᠤᠮᠫᠠᠨᠢ ᠳᠠ ᠸᠢᠳᠢᠣ᠋ ᠳᠣᠲᠤᠷ᠎ᠠ ᠢᠯᠡᠷᠡᠭᠰᠡᠨ ᠬᠡᠷᠡᠴᠢ ᠶᠢᠨ ᠠᠭᠤᠯᠭ᠎ᠠ ᠶᠢ ᠳᠤᠳᠤᠷᠬᠠᠢ ᠤᠯᠵᠤ ᠬᠠᠷᠠᠵᠤ ᠪᠠᠢᠨ᠎ᠠ  ᠤᠤ ︖ 》

     2ᠰᠠᠷᠠᠢᠨ 23  ᠤ ᠡᠳᠦᠷ ᠦᠨ ᠦᠳᠡ ᠶᠢᠨ ᠬᠤᠢᠨ᠎ᠠ ᠶᠢᠨ 14 ᠴᠠᠭ ᠲᠤ ᠂ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠢᠷᠭᠡᠨ ᠦ ᠬᠤᠶᠠᠳᠤᠭᠠᠷ ᠲᠢᠩᠬᠢᠮ ᠦᠨ ᠰᠢᠬᠦᠭᠴᠢ ᠹᠠᠨ ᠨᠢᠩ ᠵᠠᠷᠭᠤ ᠶᠢᠨ ᠦᠢᠯᠡᠴᠢᠯᠡᠭᠡᠨ ᠦ ᠲᠦᠪ ᠦᠨ 《e ᠡᠶᠡᠳᠡᠬᠦᠯᠬᠦ》ᠠᠯᠪᠠᠨ ᠭᠡᠷ ᠲᠦ ᠰᠦᠯᠵᠢᠶᠡᠨ ᠳᠡᠭᠡᠷᠡᠬᠢ ᠰᠢᠬᠦᠬᠦ ᠬᠤᠷᠢᠶ᠎ᠠ ᠪᠠᠷ ᠳᠠᠮᠵᠢᠵᠤ ᠂ ᠬᠤᠳᠠᠯᠳᠤᠭᠠᠨ ᠤ ᠭᠡᠷ᠎ᠠ ᠶᠢᠨ ᠵᠢᠭᠤᠷᠠᠯᠳᠤᠭᠠᠨ ᠤ ᠬᠡᠷᠡᠭ ᠦᠨ ᠬᠤᠶᠠᠷ ᠳᠠᠯ᠎ᠠ ᠶᠢᠨ ᠳᠤᠬᠠᠢ ᠶᠢᠨ ᠬᠦᠮᠦᠨ ᠵᠢᠴᠢ ᠨᠠᠢᠳᠠᠭᠰᠠᠨ ᠤᠷᠤᠯᠠᠭᠴᠢ ᠶᠢ ᠵᠤᠬᠢᠶᠠᠨ ᠪᠠᠢᠭᠤᠯᠤᠨ ᠠᠯᠤᠰ ᠳᠤᠯᠭᠠᠨ ᠭᠡᠷᠡᠴᠢᠯᠡᠯᠲᠡ ᠬᠢᠪᠠ ᠃

    2 ᠰᠠᠷᠠᠢᠨ 23  ᠤ ᠡᠳᠦᠷ ᠦᠨ ᠦᠳᠡ ᠶᠢᠨ ᠡᠮᠦᠨ᠎ᠠ ᠂ ᠮᠦᠭᠳᠡᠨ ᠦ*** ᠺᠤᠮᠫᠠᠨᠢ ᠶᠢᠨ ᠬᠠᠤᠯᠢ ᠳᠤ ᠳᠤᠭᠳᠠᠭᠰᠠᠨ ᠲᠦᠯᠦᠭᠡᠯᠡᠭᠴᠢ ᠵᠢᠴᠢ ᠨᠠᠢᠳᠠᠭᠰᠠᠨ ᠬᠠᠤᠯᠢᠴᠢ ᠤᠯᠠᠨ ᠬᠡᠷᠡᠴᠢ ᠳᠠᠢ ᠤᠷᠳᠤᠰ ᠬᠤᠳᠠ ᠵᠠᠷᠭᠤ ᠶᠢᠨ ᠦᠢᠯᠡᠴᠢᠯᠡᠭᠡᠨ ᠦ ᠲᠦᠪ ᠲᠦ ᠬᠦᠷᠴᠦ ᠳᠤᠯᠭᠠᠨ ᠬᠡᠷᠡᠴᠢᠯᠡᠬᠦ ᠪᠡᠷ ᠭᠤᠶᠤᠴᠢᠯᠠᠵᠤ ᠂ ᠬᠡᠷᠡᠭ ᠬᠠᠷᠢᠭᠤᠴᠠᠭᠰᠠᠨ ᠰᠢᠬᠦᠭᠴᠢ ᠹᠠᠨ ᠨᠢᠩ ᠦᠪᠦᠷ ᠮᠤᠩᠭᠤᠯ ᠤᠨ*** ᠺᠤᠮᠫᠠᠨᠢ  ᠶᠢᠨ ᠨᠠᠢᠳᠠᠭᠰᠠᠨ ᠬᠠᠤᠯᠢᠴᠢ ᠳᠤ ᠤᠳᠠᠰᠤ  ᠪᠠᠷ ᠬᠠᠷᠢᠯᠴᠠᠭᠠᠳ ᠮᠡᠳᠡᠭᠰᠡᠨ ᠨᠢ ᠂ ᠳᠤᠰ ᠬᠠᠤᠯᠢᠴᠢ ᠭᠠᠳᠠᠷ ᠤᠷᠤᠨ ᠳᠤ ᠠᠵᠢᠯ ᠢᠶᠠᠷ ᠶᠠᠪᠤᠵᠤ ᠬᠠᠷᠢᠵᠤ ᠢᠷᠡᠵᠦ ᠳᠡᠢᠯᠬᠦ ᠦᠬᠡᠢ ᠃ ᠳᠤᠬᠠᠢ ᠶᠢᠨ ᠬᠦᠮᠦᠨ ᠦ ᠨᠠᠰᠢ ᠴᠠᠰᠢ ᠵᠠᠮᠨᠠᠬᠤ  ᠳᠤ ᠲᠦᠬᠦᠮ ᠦᠬᠡᠢ ᠶᠢ ᠪᠤᠳᠤᠵᠤ ᠂ ᠹᠠᠨ ᠨᠢᠩ ᠰᠢᠬᠦᠭᠴᠢ ᠬᠤᠶᠠᠷ ᠳᠠᠯ᠎ᠠ  ᠶᠢᠨ ᠬᠠᠤᠯᠢ ᠳᠠᠢ ᠵᠦᠪᠳᠡᠵᠦ᠂ 《ᠰᠦᠯᠵᠢᠶᠡᠨ ᠳᠡᠭᠡᠷᠡᠬᠢ ᠰᠢᠬᠦᠬᠦ ᠬᠤᠷᠢᠶ᠎ᠠ》 ᠪᠠᠷ ᠳᠠᠮᠵᠢᠵᠤ ᠠᠯᠤᠰ ᠳᠤᠯᠭᠠᠨ ᠬᠡᠷᠡᠴᠢᠯᠡᠬᠦ ᠪᠡᠷ ᠪᠤᠯᠪᠠ ᠃ ᠬᠤᠶᠠᠷ ᠴᠠᠭ ᠬᠠᠭᠠᠰ ᠤᠨ ᠨᠠᠷᠢᠨ ᠬᠢᠨᠠᠮᠠᠭᠠᠢ ᠬᠠᠷᠭᠤᠭᠤᠯᠵᠤ ᠦᠵᠡᠬᠦ ᠪᠡᠷ ᠳᠠᠮᠵᠢᠵᠤ ᠂ 11 ᠬᠡᠷᠡᠭᠴᠢ ᠶᠢᠨ ᠳᠤᠯᠭᠠᠨ ᠭᠡᠷᠡᠴᠢᠯᠡᠯᠲᠡ ᠶᠢ ᠳᠠᠭᠤᠰᠬᠠᠵᠤ ᠂ ᠮᠦᠭᠳᠡᠨ ᠦ*** ᠺᠤᠮᠫᠠᠨᠢ  ᠶᠢᠨ ᠬᠠᠤᠯᠢ ᠳᠤ ᠳᠤᠭᠳᠠᠭᠰᠠᠨ ᠲᠦᠯᠦᠭᠡᠯᠡᠭᠴᠢ ᠳᠤᠯᠭᠠᠨ ᠬᠡᠷᠡᠴᠢᠯᠡᠬᠦ ᠲᠡᠮᠳᠡᠭᠯᠡᠯ ᠳᠡᠭᠡᠷ᠎ᠠ ᠭᠠᠷ ᠤᠨ ᠦᠰᠦᠭ ᠵᠢᠷᠤᠵᠤ ᠂ 《<ᠰᠦᠯᠵᠢᠶᠡᠨ ᠳᠡᠭᠡᠷᠡᠬᠢ ᠰᠢᠬᠦᠬᠦ ᠬᠤᠷᠢᠶ᠎ᠠ> ᠪᠠᠷ ᠳᠠᠮᠵᠢᠵᠤ ᠸᠢᠳᠢᠣ᠋ ᠳᠤᠯᠭᠠᠨ ᠭᠡᠷᠡᠴᠢᠯᠡᠯᠲᠡ ᠬᠢᠵᠦ ᠂ ᠦᠨᠡᠬᠡᠷ ᠲᠦᠬᠦᠮ》ᠬᠡᠯ᠎ᠠ ᠃

     ᠴᠠᠭ ᠦᠶ᠎ᠠ ᠳᠠᠢ ᠵᠡᠷᠬᠡᠴᠡᠨ ᠤᠷᠤᠭᠰᠢᠯᠠᠵᠤ ᠂ ᠤᠷᠤᠭᠰᠢ ᠳᠠᠪᠰᠢᠨ ᠂ ᠲᠠᠰᠤᠷᠠᠯᠲᠠ ᠦᠬᠡᠢ ᠰᠢᠨ᠎ᠠ ᠶᠢ ᠡᠭᠦᠳᠴᠦ ᠂ ᠤᠷᠳᠤᠰ ᠬᠤᠳᠠ ᠶᠢᠨ ᠵᠠᠷᠭᠤ ᠶᠢᠨ ᠦᠢᠯᠡᠴᠢᠯᠡᠭᠡᠨ ᠦ ᠲᠦᠪ ᠬᠡᠵᠢᠶᠡᠳᠡ ᠠᠷᠠᠳ ᠲᠦᠮᠡᠨ  ᠳᠦ ᠨᠢᠬᠡᠨ ᠪᠦᠬᠦ ᠳᠠᠯ᠎ᠠ ᠶᠢᠨ ᠂ ᠦᠨᠳᠦᠷ ᠪᠦᠲᠦᠮᠵᠢᠲᠠᠢ ᠲᠦᠬᠦᠮ ᠲᠦᠳᠡ ᠵᠠᠷᠭᠤ ᠶᠢᠨ ᠦᠢᠯᠡᠴᠢᠯᠡᠭᠡᠨ ᠦ ᠳᠠᠪᠴᠠᠩ ᠬᠠᠩᠭᠠᠬᠤ ᠪᠠᠷ ᠴᠢᠷᠮᠠᠢᠨ᠎ᠠ ᠃ ᠠᠯᠤᠰ ᠳᠤᠯᠭᠠᠨ ᠭᠡᠷᠡᠴᠢᠯᠡᠯᠲᠡ ᠶᠢᠨ ᠠᠩᠬᠠᠨ ᠤ ᠳᠤᠷᠰᠢᠯᠲᠠ ᠨᠢ 《ᠰᠦᠯᠵᠢᠶᠡᠨ ᠳᠡᠭᠡᠷᠡᠬᠢ ᠰᠢᠬᠦᠬᠦ ᠬᠤᠷᠢᠶ᠎ᠠ》eᠡᠶᠡᠳᠡᠬᠦᠯᠬᠦ ᠳᠠᠪᠴᠠᠩ ᠵᠦᠪᠬᠡᠨ ᠠᠯᠤᠰ ᠡᠶᠡᠳᠡᠬᠦᠯᠬᠡ ᠬᠢᠳᠡᠭ ᠳᠤᠭᠳᠠᠮᠠᠯ ᠴᠢᠳᠠᠮᠵᠢ ᠶᠢᠨ ᠬᠡᠯᠪᠡᠷᠢ ᠰᠢᠪᠲᠤᠯᠵᠤ ᠂ ᠵᠠᠷᠭᠤ ᠶᠢᠨ ᠦᠢᠯᠡᠴᠢᠯᠡᠭᠡᠨ ᠦ ᠲᠦᠪ ᠢᠳᠡᠪᠬᠢᠳᠠᠢ  ᠪᠠᠷ ᠢᠨᠲ᠋ᠧᠷ ᠰᠦᠯᠵᠢᠶ᠎ᠡ  ᠶᠢᠨ ᠳᠤᠤᠷᠠᠬᠢ ᠠᠷᠠᠳ ᠲᠤ ᠦᠢᠯᠡᠴᠢᠯᠡᠬᠦ ᠰᠢᠨ᠎ᠠ ᠠᠷᠭ᠎ᠠ ᠬᠡᠯᠪᠡᠷᠢ ᠶᠢ ᠡᠷᠢᠯᠬᠢᠯᠡᠵᠦ᠂ ᠳᠤᠬᠠᠢ ᠶᠢᠨ ᠬᠦᠮᠦᠨ ᠵᠠᠷᠭᠤ ᠬᠢᠬᠦ ᠠᠵᠤ ᠠᠬᠤᠢ ᠪᠠ ᠴᠠᠭ ᠤᠨ ᠥᠷᠲᠡᠭ ᠢ ᠠᠷᠪᠢᠯᠠᠵᠤ ᠂ ᠦᠨᠡᠨᠬᠦ ᠠᠷᠠᠳ ᠲᠦᠮᠡᠨ ᠳᠦ ᠲᠦᠬᠦᠮ ᠪᠤᠯᠬᠤ ᠬᠠᠷᠠᠯᠳᠠ ᠶᠢ ᠪᠡᠶᠡᠯᠡᠬᠦᠯᠪᠡ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )