—— ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ《12368》ᠵᠠᠷᠭᠤ ᠶᠢᠨ ᠦᠢᠯᠡᠴᠢᠯᠡᠭᠡᠨ ᠦ ᠬᠠᠯᠠᠮ ᠤᠳᠠᠰᠤ ᠠᠷᠠᠳ ᠲᠤ ᠲᠦᠬᠦᠮ ᠦᠵᠡᠬᠦᠯᠬᠦ ᠶᠢ ᠪᠤᠳᠠᠳᠠᠢᠵᠢᠭᠤᠯᠪᠠ
《ᠰᠠᠢᠨ ᠦᠦ ᠂ ᠣᠷᠳᠤᠰ ᠬᠤᠳᠠ ᠶᠢᠨ ᠠᠷᠠᠳ ᠶᠢᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠵᠠᠷᠭᠤ ᠶᠢᠨ ᠦᠢᠯᠡᠴᠢᠯᠡᠬᠡᠨ ᠦ ᠬᠠᠯᠠᠮ ᠤᠳᠠᠰᠤ ᠳᠠᠨ ᠳᠤ ᠪᠠᠶᠠᠷᠳᠠᠢ ᠦᠢᠯᠡᠴᠢᠯᠡᠵᠦ ᠪᠠᠢᠨ᠎ᠠ ᠂ ᠲᠠᠨ ᠳᠤ ᠶᠠᠮᠠᠷ ᠬᠠᠪᠰᠤᠷᠤᠯᠭ᠎ᠠ ᠪᠤᠯᠵᠤ ᠳᠡᠢᠯᠬᠦ ᠪᠤᠢ?》
《ᠰᠠᠢᠨ ᠦᠦ᠂ ᠳᠠᠨ ᠤ ᠤᠷᠤᠯᠠᠨ ᠲᠦᠯᠦᠭᠡᠯᠡᠭᠰᠡᠨ ᠳᠠᠪᠠᠵᠤ ᠵᠠᠭᠠᠯᠳᠤᠭᠰᠠᠨ ᠬᠡᠷᠡᠭ ᠨᠢᠬᠡᠨᠲᠡ ᠬᠡᠷᠡᠭ ᠬᠤᠪᠢᠶᠠᠪᠠ ᠂ ᠬᠠᠷᠢᠭᠤᠴᠠᠬᠤ ᠬᠦᠮᠦᠨ****᠂ ᠬᠡᠷᠡᠭ ᠦᠨ ᠨᠣᠮᠧᠷ ****》
ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠵᠠᠷᠭᠤ ᠶᠢᠨ ᠦᠢᠯᠡᠴᠢᠯᠡᠭᠡᠨ ᠦ ᠲᠦᠪ ᠦᠨ《12368》ᠵᠠᠷᠭᠤ ᠶᠢᠨ ᠦᠢᠯᠡᠴᠢᠯᠡᠭᠡᠨ ᠦ ᠠᠯᠪᠠᠨ ᠭᠡᠷ ᠲᠦ ᠬᠤᠶᠠᠷ ᠠᠵᠢᠯᠳᠠᠨ ᠤᠳᠠᠰᠤ ᠳᠤᠰᠴᠤ ᠪᠠᠢᠯ᠎ᠠ ᠃
2016 ᠤᠨ ᠤ ᠵᠢᠯ ᠦᠨ ᠡᠴᠦᠰ᠂ ᠦᠪᠦᠷ ᠮᠣᠩᠭᠤᠯ ᠤᠨ ᠥᠪᠡᠷᠲᠡᠭᠡᠨ ᠵᠠᠰᠠᠬᠤ ᠤᠷᠤᠨ ᠤ ᠰᠢᠬᠦᠬᠦ ᠬᠤᠷᠢᠶᠠᠨ ᠤ ᠰᠢᠰᠲ᠋ᠧᠮ ᠪᠦᠬᠦᠳᠡ《12368 》ᠵᠠᠷᠭᠤ ᠶᠢᠨ ᠦᠢᠯᠡᠴᠢᠯᠡᠭᠡᠨ ᠦ ᠬᠠᠯᠠᠮ ᠤᠳᠠᠰᠤ ᠨᠡᠪᠲᠡᠷᠡᠵᠦ ᠂ ᠳᠤᠰ ᠬᠠᠯᠠᠮ ᠤᠳᠠᠰᠤ ᠨᠢ ᠥᠪᠡᠷᠲᠡᠭᠡᠨ ᠵᠠᠰᠠᠬᠤ ᠤᠷᠤᠨ ᠤ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶᠠᠨ ᠳᠤ ᠶᠡᠷᠦᠩᠬᠡᠢ ᠳᠠᠪᠴᠠᠩ ᠳᠤᠬᠢᠷᠠᠭᠤᠯᠵᠤ ᠂ ᠡᠯ᠎ᠠ ᠠᠢᠮᠠᠭ ᠬᠤᠳᠠ ᠶᠢᠨ ᠳᠤᠮᠳᠠ ᠵᠡᠷᠬᠡ ᠶᠢᠨ ᠰᠢᠬᠦᠬᠦ ᠬᠤᠷᠢᠶᠠᠨ ᠳᠤ ᠬᠤᠪᠢᠶᠠᠷᠢ ᠳᠠᠪᠴᠠᠩ ᠳᠤᠬᠢᠷᠠᠭᠤᠯᠵᠤ᠂ ᠡᠯ᠎ᠠ ᠦᠨᠳᠦᠰᠦᠨ ᠱᠠᠳᠤᠨ ᠤ ᠰᠢᠬᠦᠬᠦ ᠬᠤᠷᠢᠶᠠᠨ ᠳᠤ ᠰᠠᠯᠪᠤᠷᠢ ᠳᠠᠪᠴᠠᠩ ᠳᠤᠬᠢᠷᠠᠭᠤᠯᠵᠤ ᠂ 《ᠨᠢᠬᠡ ᠨᠣᠮᠧᠷ ᠭᠠᠳᠠᠨ᠎ᠠ ᠬᠠᠨᠳᠤᠭᠤᠯᠵᠤ ᠂ ᠲᠥᠪᠯᠡᠷᠡᠭᠦᠯᠦᠨ ᠬᠦᠯᠢᠶᠡᠨ ᠠᠪᠴᠤ ᠂ ᠲᠦᠷᠦᠯ ᠬᠤᠪᠢᠶᠠᠨ ᠰᠢᠢᠳᠪᠦᠷᠢᠯᠡᠵᠦ ᠂ ᠨᠢᠭᠡᠳᠦᠯᠲᠡᠢ ᠲᠣᠬᠢᠷᠠᠭᠤᠯᠤᠯᠲᠠ ᠬᠢᠬᠦ》ᠠᠵᠢᠯ ᠤᠨ ᠪᠠᠢᠭᠤᠯᠤᠮᠵᠢ ᠶᠠᠪᠤᠭᠳᠠᠭᠤᠯᠪᠠ ᠃
《12368 》ᠪᠤᠯ ᠰᠢᠬᠦᠬᠦ ᠬᠤᠷᠢᠶᠠᠨ ᠤ ᠨᠢᠭᠡᠳᠦᠯᠲᠡᠢ ᠯᠠᠪᠯᠠᠯᠲᠠ ᠶᠢᠨ ᠤᠳᠠᠰᠤ ᠪᠠᠢᠵᠤ ᠂ ᠠᠷᠠᠳ ᠤᠯᠠᠨ ᠳᠤᠰ ᠬᠠᠯᠠᠮ ᠤᠳᠠᠰᠤ ᠳᠤ ᠤᠲᠠᠰᠤᠳᠠᠵᠤ ᠬᠡᠷᠡᠭ ᠳᠠᠩᠰᠠᠯᠠᠬᠤ ᠶᠢ ᠯᠠᠪᠯᠠᠬᠤ ᠂ ᠵᠠᠷᠭᠤ ᠶᠢᠨ ᠯᠠᠪᠯᠠᠯᠲᠠ ᠂ ᠰᠢᠬᠦᠭᠴᠢ ᠳᠠᠢ ᠬᠠᠷᠢᠯᠴᠠᠬᠤ ᠂ ᠵᠠᠭᠠᠯᠳᠤᠬᠤ ᠰᠠᠨᠠᠭᠤᠯᠭ᠎ᠠ ᠳᠤᠷᠠᠳᠬᠤ ᠵᠡᠷᠬᠡ ᠦᠢᠯᠡᠳᠦᠯᠭᠡ ᠬᠢᠳᠡᠭ ᠂ ᠦᠢᠯᠡᠴᠢᠯᠡᠭᠡᠨ ᠦ ᠠᠵᠢᠯᠳᠠᠨ ᠤᠳᠠᠰᠤ ᠳᠤᠰᠴᠤ ᠮᠡᠳᠡᠭᠡ ᠵᠠᠩᠭᠢ ᠶᠢ ᠳᠡᠮᠳᠡᠭᠯᠡᠵᠦ ᠂ ᠶᠡᠷᠦᠳᠡ ᠶᠢᠨ ᠯᠠᠪᠯᠠᠯᠲᠠ ᠪᠠ ᠪᠠᠢᠴᠠᠭᠠᠯᠲᠠ ᠶᠢ ᠤᠲᠠᠰᠤ ᠲᠤᠰᠤᠭᠴᠢ ᠳᠤᠬᠠᠢ ᠶᠢᠨ ᠴᠠᠭ ᠲᠤ ᠬᠠᠷᠢᠭᠤᠯᠳᠠ ᠦᠭᠳᠡᠭ ᠃ ᠬᠠᠮᠢᠶ᠎ᠠ ᠪᠦᠬᠦᠢ ᠳᠤᠬᠠᠢᠯᠠᠭᠰᠠᠨ ᠠᠵᠢᠯ ᠤᠨ ᠬᠡᠯᠳᠡᠰ ᠢ ᠱᠠᠭᠠᠷᠳᠠᠬᠤ ᠬᠡᠷᠡᠭ ᠢ ᠤᠲᠠᠰᠤ ᠳᠤᠰᠤᠭᠴᠢ ᠳᠤᠬᠠᠢ ᠶᠢᠨ ᠬᠦᠮᠦᠨ ᠦ ᠭᠤᠶᠤᠴᠢᠯᠠᠯ ᠢ ᠳᠠᠮᠵᠢᠭᠤᠯᠵᠤ ᠂ ᠬᠠᠮᠢᠶ᠎ᠠ ᠪᠦᠬᠦᠢ ᠬᠦᠮᠦᠨ ᠴᠠᠭ ᠳᠤᠬᠠᠢ ᠳᠤ ᠨᠢ ᠰᠢᠢᠳᠪᠦᠷᠢᠯᠡᠭᠰᠡᠨ ᠦᠷ᠎ᠠ ᠳ᠋ᠦᠩ ᠢᠶᠡᠨ ᠬᠠᠷᠢᠭᠤ ᠦᠭᠭᠦ ᠶᠢ ᠱᠠᠭᠠᠷᠳᠠᠳᠠᠭ᠃ ᠤᠳᠤ ᠪᠣᠯᠲᠠᠯ᠎ᠠ ᠂ ᠤᠷᠳᠤᠰ ᠬᠤᠳᠠ ᠶᠢᠨ ᠵᠠᠷᠭᠤ ᠶᠢᠨ ᠦᠢᠯᠡᠴᠢᠯᠡᠭᠡᠨ ᠦ ᠲᠦᠪ ᠨᠡᠢᠲᠡ ᠡᠯ᠎ᠠ ᠲᠦᠷᠦᠯ ᠦᠨ ᠰᠤᠷᠠᠭᠯᠠᠯᠠᠲᠠ ᠂ ᠯᠠᠪᠯᠠᠯᠲᠠ ᠂ ᠵᠠᠭᠠᠯᠳᠤᠯ ᠵᠡᠷᠬᠡ ᠬᠠᠯᠠᠮ ᠤᠳᠠᠰᠤ ᠶᠢᠨ ᠦᠢᠯᠡᠴᠢᠯᠡᠬᠡ 70 ᠭᠠᠷᠤᠢ ᠂ ᠳᠤᠬᠠᠢ ᠶᠢᠨ ᠬᠦᠮᠦᠨ ᠦ ᠵᠠᠷᠭᠤ ᠶᠢᠨ ᠶᠠᠪᠤᠳᠠᠯ ᠰᠢᠢᠳᠪᠦᠷᠢᠯᠡᠬᠦ ᠳᠦ ᠲᠦᠬᠦᠮ ᠦᠵᠡᠬᠦᠯᠪᠡ ᠃
ᠦᠨᠡᠯᠡᠬᠦ 0ᠦᠨᠡᠯᠡᠯᠲᠡ ᠲᠠᠢ