ᠵᠠᠷᠭᠤ ᠶᠢᠨ ᠦᠢᠯᠡᠴᠢᠯᠬᠡᠨ ᠦ ᠲᠦᠪ ᠦᠨ ᠬᠠᠯᠠᠭᠤᠨ ᠳᠣᠲᠤᠨᠤ ᠦᠢᠯᠡᠴᠢᠯᠡᠭᠡ ᠨᠢ ᠨᠠᠰᠤᠳᠠᠨ ᠤ ᠰᠡᠳᠬᠢᠯ ᠢ ᠳᠤᠯᠠᠭᠠᠯᠠᠪᠠ
2017.02.16 ᠲᠣᠰ ᠥᠷᠲᠡᠭᠡᠨ ᠦ ᠨᠠᠢᠷᠠᠭᠤᠯᠤᠭᠴᠢ

    2 ᠰᠠᠷᠠᠢᠨ 14  ᠤ ᠡᠳᠦᠷ ᠦᠨ ᠦᠳᠡ ᠶᠢᠨ ᠡᠮᠦᠨ᠎ᠠ ᠂ ᠤᠷᠳᠤᠰ ᠬᠤᠳᠠ ᠶᠢᠨ ᠵᠠᠷᠭᠤ ᠶᠢᠨ ᠦᠢᠯᠡᠴᠢᠯᠡᠭᠡᠨ ᠦ ᠲᠦᠪ ᠦᠨ ᠲᠢᠩᠬᠢᠮ ᠳᠦ ᠨᠢᠬᠡᠨ ᠨᠠᠰᠤᠳᠠᠢ ᠡᠪᠦᠭᠡᠨ ᠬᠡᠷᠡᠭ ᠳᠠᠩᠰᠠᠯᠠᠬᠤ ᠴᠤᠩᠬᠤ ᠶᠢᠨ ᠠᠵᠢᠯᠲᠠᠨ ᠳᠤ ᠰᠢᠬᠢᠷ ᠳᠠᠷᠬᠠᠭᠠᠵᠤ ᠂ ᠠᠵᠢᠯᠲᠠᠨ ᠤ ᠳᠣᠲᠤᠨᠤᠰᠤᠭ ᠪᠠ ᠨᠢᠮᠪᠠᠢ ᠦᠢᠯᠡᠳᠦᠯᠭᠡ ᠳᠦ ᠲᠠᠯᠠᠷᠬᠠᠬᠤ ᠰᠡᠳᠬᠢᠯᠬᠡ ᠪᠡᠨ ᠢᠯᠡᠳᠬᠡᠵᠦ ᠪᠠᠢᠪᠠ ᠃

    ᠤᠤᠯ ᠨᠢ᠂ ᠡᠨᠡᠨᠬᠦ ᠵᠢᠷᠠᠨ ᠨᠠᠰᠤ ᠶᠢ ᠳᠠᠪᠠᠭᠰᠠᠨ ᠳᠤᠬᠠᠢ ᠶᠢᠨ ᠬᠦᠮᠦᠨ ᠨᠢᠬᠡᠨ ᠤᠳᠠᠭᠠᠨ ᠤ ᠵᠠᠮ ᠬᠠᠷᠢᠯᠴᠠᠭᠠᠨ ᠤ ᠡᠨᠳᠡᠯ ᠦᠨ ᠵᠢᠭᠤᠷᠠᠯᠳᠤᠭᠠᠨ ᠢᠶᠠᠷ 2016 ᠤᠨ ᠤ ᠵᠢᠯ ᠦᠨ ᠡᠴᠦᠰ ᠳᠤᠮᠳᠠ ᠵᠡᠷᠬᠡ ᠶᠢᠨ ᠰᠢᠬᠦᠬᠦ ᠬᠤᠷᠢᠶᠠᠨ ᠳᠤ ᠳᠠᠪᠠᠵᠤ ᠵᠠᠭᠠᠯᠳᠤᠪᠠ ᠂ 2 ᠰᠠᠷᠠᠢᠨ 13  ᠤ ᠡᠳᠦᠷ ᠂ ᠨᠠᠰᠤᠳᠠᠨ ᠤᠷᠳᠤᠰ ᠬᠤᠳᠠ ᠶᠢᠨ ᠵᠠᠷᠭᠤ ᠶᠢᠨ ᠦᠢᠯᠡᠴᠢᠯᠡᠭᠡᠨ ᠢ ᠲᠦᠪ ᠲᠦ ᠬᠦᠷᠴᠦ ᠬᠡᠷᠡᠭ ᠬᠠᠷᠢᠭᠤᠴᠠᠭᠰᠠᠨ ᠰᠢᠬᠦᠭᠴᠢ ᠳᠠᠢ ᠠᠭᠤᠯᠵᠠᠵᠤ ᠬᠡᠷᠡᠭ ᠦᠨ ᠪᠠᠢᠳᠠᠯ ᠢ ᠶᠠᠷᠢᠯᠴᠠᠬᠤ ᠶᠢ ᠱᠠᠭᠠᠷᠳᠠᠪᠠ ᠂ ᠵᠠᠷᠭᠤ ᠶᠢᠨ ᠦᠢᠯᠡᠴᠢᠯᠡᠭᠡᠨ ᠦ ᠲᠦᠪ ᠦᠨ ᠠᠵᠢᠯᠳᠠᠨ ᠳᠠᠷᠤᠢᠬᠠᠨ ᠳᠤᠰ ᠰᠢᠭᠦᠭᠴᠢ ᠶᠢᠨ ᠠᠯᠪᠠᠨ ᠬᠡᠷ ᠲᠦ ᠤᠳᠠᠰᠤ ᠠᠪᠤᠪᠠ ᠂ ᠬᠡᠪᠡᠴᠦ ᠰᠢᠬᠦᠭᠴᠢ ᠰᠢᠬᠦᠯᠲᠡ ᠬᠢᠵᠦ ᠪᠠᠢᠪᠠ ᠂ ᠠᠵᠢᠯᠳᠠᠨ ᠳᠠᠷᠤᠢᠬᠠᠨ ᠰᠢᠬᠦᠭᠴᠢ ᠶᠢᠨ ᠭᠠᠷ ᠤᠳᠠᠰᠤ ᠳᠤ ᠤᠬᠤᠷ ᠴᠢᠮᠡᠭᠡ ᠶᠠᠪᠤᠭᠤᠯᠵᠤ ᠄ ᠳᠤᠬᠠᠢ ᠶᠢᠨ ᠬᠦᠮᠦᠨ ᠤᠴᠢᠷ ᠳᠠᠢ ᠲᠢᠩᠬᠢᠮ ᠳᠦ ᠬᠦᠯᠢᠶᠡᠵᠦ ᠪᠠᠢᠨ᠎ᠠ ᠂ ᠰᠢᠬᠦᠯᠲᠡ ᠳᠠᠭᠤᠰᠤᠭᠰᠠᠨ ᠤ ᠳᠠᠷᠠᠭ᠎ᠠ ᠳᠠᠷᠤᠢᠬᠠᠨ ᠬᠠᠷᠢᠭᠤ ᠢᠷᠡᠭᠡᠷᠡᠢ ᠃ ᠰᠢᠭᠦᠭᠴᠢ ᠪᠠᠷᠠᠭ᠎ᠠ ᠦᠬᠡᠢ ᠪᠤᠯᠤᠭᠰᠠᠨ ᠳᠤ ᠨᠠᠰᠤᠳᠠᠨ ᠪᠠᠴᠢᠮᠳᠠᠵᠤ ᠂ ᠠᠵᠢᠯᠳᠠᠨ ᠬᠦᠯᠢᠴᠡᠩᠭᠦᠢ ᠪᠡᠷ ᠲᠠᠢᠯᠪᠤᠷᠢᠯᠠᠬᠤ ᠠᠵᠢᠯ ᠬᠢᠵᠦ ᠂ ᠬᠠᠯᠠᠭᠤᠮᠰᠤᠭ ᠢᠶᠠᠷ ᠬᠡᠷᠡᠭ  ᠦᠨ ᠪᠠᠢᠳᠠᠯ ᠢ ᠠᠰᠠᠭᠤᠵᠤ ᠂ ᠬᠠᠮᠢᠶ᠎ᠠ ᠪᠦᠬᠦᠢ ᠬᠠᠤᠯᠢ ᠲᠦᠷᠢᠮ ᠢ ᠳᠠᠨᠢᠴᠠᠭᠤᠯᠵᠤ ᠂ ᠨᠠᠰᠤᠳᠠᠨ ᠤ ᠪᠠᠴᠢᠮᠳᠠᠯ ᠠᠭᠠᠵᠢᠮ ᠢᠶᠠᠷ ᠨᠠᠮᠳᠠᠪᠠ ᠃ ᠳᠡᠮᠡᠢ ᠤᠳᠠᠭᠰᠠᠨ ᠦᠬᠡᠢ ᠂ ᠰᠢᠬᠦᠭᠴᠢ ᠰᠢᠬᠦᠯᠲᠡ ᠪᠡᠨ ᠳᠠᠭᠤᠰᠠᠬᠠᠵᠤ ᠡᠨᠡᠬᠦ ᠳᠤᠬᠠᠢ  ᠶᠢᠨ ᠬᠦᠮᠦᠨ ᠢ ᠬᠦᠯᠢᠶᠡᠨ ᠠᠪᠤᠪᠠ ᠃ ᠰᠢᠭᠦᠭᠴᠢ ᠳᠠᠢ ᠠᠭᠤᠯᠵᠠᠭᠰᠠᠨ ᠤ ᠳᠠᠷᠠᠭ᠎ᠠ ᠨᠠᠰᠤᠳᠠᠨ ᠠᠵᠢᠯᠳᠠᠨ ᠳᠤ ᠳᠠᠯᠠᠷᠬᠠᠵᠤ ᠂ ᠪᠠᠶᠠᠷ ᠬᠦᠷ ᠳᠠᠢ ᠰᠢᠬᠦᠬᠦ ᠬᠤᠷᠢᠶᠠᠨ ᠢᠶᠠᠨ ᠰᠠᠯᠪᠠ ᠂ ᠡᠭᠦᠨ ᠡᠴᠡ ᠪᠤᠯᠵᠤ ᠳᠡᠭᠡᠷᠡᠬᠢ ᠪᠠᠢᠳᠠᠯ ᠪᠤᠢ ᠪᠤᠯᠪᠠ ᠃

     ᠤᠷᠳᠤᠰ ᠬᠤᠳᠠ ᠶᠢᠨ ᠵᠠᠷᠭᠤ ᠶᠢᠨ ᠦᠢᠯᠡᠴᠢᠯᠡᠭᠡᠨ ᠦ ᠲᠦᠪ 2015 ᠤᠨ ᠳᠤ ᠪᠠᠢᠭᠤᠯᠤᠭᠳᠠᠭᠰᠠᠨ ᠠᠴᠠ ᠨᠠᠰᠢ ᠂ 《ᠠᠷᠠᠳ ᠲᠦᠮᠡᠨ ᠢ ᠬᠡᠷᠡᠭ ᠪᠤᠯᠭᠠᠨ ᠳᠤ ᠲᠦᠪ ᠭᠤᠤᠯᠴᠢ ᠡᠷᠬᠡ ᠳᠡᠭᠰᠢ ᠶᠢ ᠣᠢᠯᠠᠭᠠᠭᠤᠯᠬᠤ》ᠬᠠᠷᠠᠯᠳᠠ ᠳᠤ ᠲᠦᠪᠯᠡᠷᠡᠵᠦ ᠂ ᠪᠤᠯᠪᠠᠰᠤᠨ ᠢᠶᠠᠷ ᠦᠢᠯᠡᠴᠢᠯᠡᠵᠦ ᠂ ᠬᠠᠯᠠᠭᠤᠨ ᠳᠤᠳᠤᠨᠤ ᠪᠠᠷ ᠬᠦᠯᠢᠶᠡᠨ ᠠᠪᠴᠤ ᠂ 2016 ᠤᠨ ᠳᠤ ᠂ ᠵᠠᠷᠭᠤ ᠶᠢᠨ ᠦᠢᠯᠡᠴᠢᠯᠡᠭᠡᠨ ᠦ ᠲᠦᠪ ᠠᠷᠠᠳ ᠲᠦᠮᠡᠨ ᠳᠦ ᠵᠠᠷᠭᠤ ᠶᠢᠨ ᠵᠢᠯᠤᠭᠤᠳᠤᠯᠭ᠎ᠠ 9540 ᠭᠠᠷᠤᠢ ᠤᠳᠠᠭ᠎ᠠ ᠬᠢᠵᠦ ᠂ ᠬᠠᠤᠯᠢ ᠴᠠᠭᠠᠵᠠ ᠶᠢᠨ ᠯᠠᠪᠯᠠᠯᠲᠠ 780 ᠭᠠᠷᠤᠢ ᠬᠠᠷᠢᠭᠤᠯᠵᠤ ᠂ ᠬᠡᠷᠡᠭ  ᠦᠨ ᠰᠤᠷᠠᠭ ᠵᠠᠩᠭᠢ 8600 ᠭᠠᠷᠤᠢ ᠪᠠᠢᠴᠠᠭᠠᠵᠤ ᠂ ᠰᠢᠭᠦᠭᠴᠢ ᠳᠠᠢ ᠠᠭᠤᠯᠵᠠᠬᠤ ᠶᠢ ᠲᠣᠬᠢᠷᠠᠭᠤᠯᠤᠭᠰᠠᠨ ᠨᠢ 1460 ᠭᠠᠷᠤᠢ ᠪᠠᠢᠵᠤ ᠂ ᠮᠠᠲ᠋ᠧᠷᠢᠶᠠᠯ ᠬᠤᠷᠢᠶᠠᠨ ᠳᠠᠮᠵᠢᠭᠤᠯᠤᠭᠰᠠᠨ ᠨᠢ 1088 ᠭᠠᠷᠤᠢ᠃ ᠡᠭᠦᠨ ᠡᠴᠡ ᠬᠤᠵᠢᠮ ᠂ ᠵᠠᠷᠭᠤ ᠶᠢᠨ ᠦᠢᠯᠡᠴᠢᠯᠡᠭᠡᠨ ᠦ ᠲᠦᠪ ᠦᠷᠬᠦᠯᠵᠢᠯᠡᠨ《ᠶᠡᠬᠡ ᠦᠢᠯᠡᠴᠢᠯᠡᠭᠡ᠂ ᠶᠡᠬᠡ ᠳᠠᠪᠴᠠᠩ᠂ ᠶᠡᠬᠡ ᠰᠠᠴᠤᠷᠠᠯᠲᠠ》 ᠪᠠᠷ ᠪᠠᠢᠷᠢ ᠳᠤᠭᠳᠠᠵᠤ᠂ ᠴᠢᠳᠠᠮᠵᠢ ᠪᠠᠨ ᠲᠡᠭᠦᠯᠳᠡᠷᠵᠢᠭᠦᠯᠵᠦ ᠂ ᠪᠠᠢᠭᠤᠯᠤᠮᠵᠢ ᠪᠠᠢᠭᠤᠯᠵᠤ ᠂ ᠦᠢᠯᠡᠴᠢᠯᠡᠭᠡ ᠳᠦ ᠰᠢᠨ᠎ᠡ ᠶᠢ ᠡᠭᠦᠳᠦᠨ ᠂ ᠳᠠᠰᠤᠷᠠᠯᠲᠠ ᠦᠬᠡᠢ《ᠭᠠᠳᠠᠨ᠎ᠠ ᠠᠷᠠᠳ ᠲᠦᠮᠡᠨ ᠳᠦ ᠦᠢᠯᠡᠴᠢᠯᠡᠵᠦ ᠂ ᠳᠤᠳᠤᠨ᠎ᠠ ᠰᠢᠬᠦᠨ ᠳᠠᠰᠤᠯᠤᠯᠲᠠ ᠳᠤ ᠦᠢᠯᠡᠴᠢᠯᠡᠵᠦ》ᠴᠢᠳᠠᠪᠤᠷᠢ ᠪᠠ ᠬᠢᠷᠢ ᠲᠦᠪᠰᠢᠨ ᠢᠶᠡᠨ ᠳᠡᠭᠡᠭᠰᠢᠯᠡᠬᠦᠯᠵᠦ᠂ ᠡᠨᠳᠡ ᠢᠷᠡᠭᠰᠡᠨ ᠠᠷᠠᠳ ᠲᠦᠮᠡᠨ ᠪᠤᠯᠭᠠᠨ ᠢ ᠬᠠᠤᠯᠢ ᠴᠠᠭᠠᠵᠠ ᠶᠢᠨ ᠬᠠᠯᠠᠮᠵᠢᠯᠠᠯ ᠪᠠ ᠬᠠᠯᠠᠭᠤᠨ ᠳᠤᠯᠠᠭᠠᠨ ᠢ ᠣᠢᠯᠠᠭᠤᠯᠤᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )