ᠭᠡᠷ ᠪᠤᠯ ᠬᠠᠮᠤᠭ ᠤᠨ ᠪᠠᠭ᠎ᠠ ᠤᠯᠤᠰ ᠂ ᠤᠯᠤᠰ ᠪᠤᠯ ᠮᠢᠩᠭ᠎ᠠ ᠲᠦᠮᠡᠨ ᠭᠡᠷ ᠪᠦᠯᠢ ᠪᠡᠷ ᠪᠦᠷᠢᠯᠳᠦᠵᠦ᠂ ᠬᠡᠷ ᠪᠦᠯᠢ ᠡᠶ᠎ᠠ ᠵᠤᠬᠢᠴᠠᠯ ᠳᠠᠢ ᠪᠠᠢᠬᠤ ᠨᠢ ᠵᠤᠬᠢᠬᠤ ᠬᠡᠮᠵᠢᠶᠡᠨ ᠳᠦ ᠨᠡᠢᠬᠡᠮ ᠦᠨ ᠠᠮᠤᠷ ᠳᠤᠭᠳᠠᠭᠤᠨ ᠢ ᠨᠦᠯᠦᠭᠡᠯᠡᠵᠦ ᠪᠠᠢᠳᠠᠭ ᠃ ᠰᠢᠬᠦᠬᠦ ᠬᠤᠷᠢᠶᠠᠨ ᠤ ᠭᠡᠷ ᠪᠦᠯᠢ ᠶᠢᠨ ᠵᠢᠭᠤᠷᠠᠯᠳᠤᠭᠠᠨ ᠤ ᠬᠡᠷᠡᠭ ᠨᠢ ᠤᠷᠤᠭ ᠰᠠᠯᠬᠤ ᠵᠢᠭᠤᠷᠠᠯᠳᠤᠭᠠᠨ ᠂ ᠦᠷ᠎ᠠ ᠬᠡᠤᠬᠡᠳ ᠦᠨ ᠠᠰᠠᠷᠠᠨ ᠳᠡᠵᠢᠭᠡᠬᠦ ᠡᠷᠬᠡ ᠵᠢᠴᠢ ᠠᠰᠠᠷᠠᠨ ᠳᠡᠵᠢᠭᠡᠬᠦ ᠰᠦᠢᠳᠡᠬᠡᠯ ᠦᠨ ᠵᠢᠭᠤᠷᠠᠯᠳᠤᠭᠠᠨ ᠂ ᠨᠠᠰᠤᠲᠠᠢᠴᠤᠳ ᠢ ᠠᠴᠢᠯᠠᠨ ᠳᠡᠵᠢᠭᠡᠬᠦ ᠰᠦᠢᠳᠬᠡᠯ ᠦᠨ ᠵᠢᠭᠤᠷᠠᠯᠳᠤᠭᠠᠨ ᠵᠡᠷᠬᠡ ᠪᠡᠶ᠎ᠠ ᠬᠡᠮ ᠦᠨ ᠬᠠᠷᠢᠴᠠᠭ᠎ᠠ ᠂ ᠡᠳ᠋ ᠬᠥᠷᠦᠩᠭᠡ ᠬᠤᠪᠢᠶᠠᠬᠤ ᠨᠢᠬᠡ ᠪᠦᠯᠦᠭ ᠪᠤᠳᠤᠯᠢᠶᠠᠨᠲᠠᠢ ᠬᠡᠷᠡᠭ ᠢ ᠪᠠᠭᠳᠠᠭᠠᠨ᠎ᠠ ᠂ ᠳᠡᠭᠡᠷᠡᠬᠢ ᠳᠤᠷᠠᠳᠤᠭᠰᠠᠨ ᠵᠢᠭᠤᠷᠠᠯᠳᠤᠭᠠᠨ ᠢ ᠰᠠᠢᠳᠤᠷ ᠰᠢᠢᠳᠪᠦᠷᠢᠯᠡᠬᠦ ᠶᠢᠨ ᠲᠦᠯᠦᠭᠡ᠂ ᠵᠦᠩᠭᠠᠷ ᠬᠤᠰᠢᠭᠤᠨ ᠤ ᠰᠢᠬᠦᠬᠦ ᠬᠤᠷᠢᠶ᠎ᠠ ᠭᠤᠷᠪᠠᠨ ᠠᠷᠭ᠎ᠠ ᠬᠡᠮᠵᠢᠶ᠎ᠠ ᠪᠠᠷ ᠳᠠᠮᠵᠢᠵᠤ ᠭᠡᠷ ᠪᠦᠯᠢ ᠶᠢᠨ ᠵᠢᠭᠤᠷᠠᠯᠳᠤᠭᠠᠨ ᠤ ᠰᠢᠬᠦᠨ ᠲᠠᠰᠤᠯᠤᠯᠲᠠ ᠶᠢᠨ ᠴᠢᠨᠠᠷ ᠢ ᠳᠡᠭᠡᠭᠰᠢᠯᠡᠭᠦᠯᠪᠡ ᠄
ᠨᠢᠬᠡ ᠳᠦ ᠳᠤᠰᠬᠠᠢ ᠠᠵᠢᠯ ᠤᠨ ᠬᠠᠮᠳᠤ ᠨᠢᠬᠡᠴᠡ ᠬᠡᠷ ᠪᠦᠯᠢ ᠶᠢᠨ ᠬᠠᠷᠢᠴᠠᠭᠠᠨ ᠳᠡᠬᠢ ᠭᠤᠤᠯ ᠠᠰᠠᠭᠤᠳᠠᠯ ᠢ ᠤᠯᠬᠤ ᠬᠡᠷᠡᠭᠲᠡᠢ ᠃ 2017 ᠤᠨ ᠤ ᠡᠭᠢᠨ ᠳᠦ᠂ ᠵᠦᠩᠭᠠᠷ ᠬᠤᠰᠢᠭᠤᠨ ᠤ ᠰᠢᠬᠦᠬᠦ ᠬᠤᠷᠢᠶ᠎ᠠ ᠠᠴᠠ ᠱᠠᠵᠢᠨᠳᠤᠬᠤᠢ ᠰᠢᠬᠦᠬᠦ ᠲᠢᠩᠬᠢᠮ ᠦᠨ ᠳᠤᠰᠬᠠᠢᠯᠠᠨ ᠪᠦᠬᠦ ᠬᠤᠷᠢᠶᠠᠨ ᠤ ᠤᠷᠤᠭ ᠬᠤᠷᠢᠮ ᠤᠨ ᠭᠡᠷ ᠪᠦᠯᠢ ᠶᠢᠨ ᠵᠢᠭᠤᠷᠠᠯᠳᠤᠭᠠᠨ ᠢ ᠰᠢᠬᠦᠬᠦ ᠪᠠᠷ ᠳᠤᠭᠳᠠᠵᠤ ᠂ ᠭᠤᠷᠪᠠᠨ ᠨᠡᠷᠡᠰ ᠬᠤᠷᠢᠮᠯᠠᠭᠰᠠᠨ ᠥᠩᠭᠡᠷᠡᠯᠲᠡ ᠳᠠᠢ ᠂ ᠬᠠᠤᠯᠢ ᠴᠠᠭᠠᠵᠠ ᠶᠢᠨ ᠳᠤᠰᠬᠠᠢ ᠮᠡᠷᠭᠡᠵᠢᠯ ᠦᠨ ᠮᠡᠳᠡᠯᠬᠡ ᠰᠠᠢᠨ ᠂ ᠬᠦᠮᠦᠨ ᠦ ᠬᠤᠭᠤᠷᠤᠨᠳᠤᠬᠢ ᠬᠠᠷᠢᠴᠠᠭᠠᠨ ᠳᠤ ᠭᠠᠷᠮᠠᠭᠠᠢ ᠂ ᠡᠯᠪᠡᠭ ᠰᠡᠳᠬᠢᠴᠡ ᠵᠦᠢ ᠶᠢᠨ ᠴᠢᠳᠠᠪᠤᠷᠢ ᠳᠠᠢ ᠰᠢᠭᠦᠭᠴᠢ ᠳᠤᠮᠢᠯᠠᠵᠤ ᠳᠤᠰ ᠮᠠᠶᠢᠭ ᠤᠨ ᠬᠡᠷᠡᠭ ᠢ ᠳᠤᠰᠬᠠᠢᠯᠠᠨ ᠰᠢᠬᠦᠯᠲᠡ ᠬᠢᠨ᠎ᠠ ᠃
ᠬᠤᠶᠠᠷ ᠲᠤ ᠠᠰᠠᠭᠤᠳᠠᠯ ᠳᠤ ᠳᠤᠬᠢᠷᠠᠭᠤᠯᠤᠨ ᠠᠷᠭ᠎ᠠ ᠬᠡᠮᠵᠢᠶ᠎ᠠ ᠠᠪᠬᠤ ᠬᠡᠷᠡᠭᠲᠡᠢ ᠃ ᠭᠡᠷ ᠪᠦᠯᠢ ᠶᠢᠨ ᠵᠢᠭᠤᠷᠠᠯᠳᠤᠭᠠᠨ ᠨᠢ ᠪᠤᠰᠤᠳ ᠬᠡᠷᠡᠭ ᠳᠠᠢ ᠠᠳᠠᠯᠢ ᠦᠬᠡᠢ ᠂ ᠳᠤᠰ ᠲᠢᠩᠬᠢᠮ ᠬᠡᠷᠡᠭ ᠰᠢᠬᠦᠬᠦ ᠳᠤᠮᠳᠠ ᠲᠦᠬᠦᠮ ᠢᠶᠡᠷ ᠬᠡᠷᠡᠭ ᠦᠨ ᠪᠤᠳᠠᠳᠠᠢ ᠶᠢ ᠨᠤᠳᠠᠯᠠᠵᠤ ᠂ ᠵᠦᠪᠬᠡᠨ ᠬᠠᠮᠢᠶ᠎ᠠ ᠪᠦᠬᠦᠢ ᠬᠠᠤᠯᠢ ᠲᠦᠷᠢᠮ ᠢᠶᠡᠷ ᠲᠠᠰᠤᠯᠤᠯᠲᠠ ᠭᠠᠷᠭᠠᠭᠰᠠᠨ ᠦᠬᠡᠢ ᠂ ᠬᠠᠷᠢᠨ ᠨᠠᠷᠢᠯᠢᠭ ᠰᠤᠨᠤᠰᠴᠤ ᠂ ᠨᠠᠷᠢᠨ ᠬᠢᠨᠠᠮᠠᠭᠠᠢ ᠰᠦᠪᠡᠭᠴᠢᠯᠡᠵᠦ ᠂ ᠮᠠᠰᠢ ᠤᠯᠠᠨ ᠵᠢᠵᠢᠭ᠌ ᠤᠴᠢᠷ ᠳᠤᠮᠳᠠ ᠠᠴᠠ ᠵᠦᠷᠢᠴᠡᠯ ᠦᠨ ᠭᠣᠣᠯᠳᠠᠯᠭ᠎ᠠ ᠶᠢ ᠤᠨᠤᠪᠴᠢᠳᠠᠢ ᠤᠯᠵᠤ ᠂ ᠳᠠᠬᠢᠨ ᠢᠳᠡᠪᠬᠢᠳᠠᠢ ᠰᠡᠳᠬᠢᠴᠡ ᠶᠢᠨ ᠤᠳᠤᠷᠢᠳᠤᠯᠭ᠎ᠠ ᠬᠢᠵᠦ ᠂ ᠡᠰᠡᠷᠭᠦᠴᠡᠯᠳᠦᠬᠦ ᠶᠢ ᠠᠷᠢᠯᠭᠠᠵᠤ ᠂ ᠬᠡᠷ ᠪᠦᠯᠢ ᠤᠷᠤᠭ ᠬᠤᠷᠢᠮ ᠤᠨ ᠬᠠᠢᠷ᠎ᠠ ᠰᠡᠳᠬᠢᠯᠬᠡ ᠶᠢ ᠨᠢ ᠰᠡᠷᠬᠦᠭᠡᠬᠦ ᠤᠨᠴᠠᠭᠠᠢ ᠰᠢᠬᠦᠨ ᠲᠠᠰᠤᠯᠤᠯᠲᠠ ᠶᠢᠨ ᠠᠷᠭ᠎ᠠ ᠬᠡᠮᠵᠢᠶ᠎ᠠ ᠠᠪᠴᠤ᠂ ᠭᠡᠷ ᠪᠦᠯᠢ ᠶᠢᠨ ᠰᠢᠬᠦᠨ ᠲᠠᠰᠤᠯᠤᠯᠲᠠ ᠶᠢᠨ ᠣᠢᠯᠭᠠᠯᠲᠠ ᠪᠠ ᠪᠠᠢᠭᠤᠯᠤᠮᠵᠢ ᠶᠢ ᠡᠷᠢᠯᠬᠡᠯᠡᠨ ᠪᠠᠢᠭᠤᠯᠤᠨ᠎ᠠ ᠃
ᠭᠤᠷᠪᠠ ᠳᠤ ᠬᠥᠮᠦᠨᠴᠢ ᠰᠢᠬᠦᠨ ᠳᠠᠰᠤᠯᠤᠯᠲᠠ ᠪᠠᠷ ᠡᠶᠡᠳᠡᠬᠦᠯᠬᠦ ᠶᠢ ᠠᠬᠢᠭᠤᠯᠤᠨ᠎ᠠ ᠃ ᠬᠠᠢᠷ᠎ᠠ ᠰᠡᠳᠬᠢᠯᠬᠡ ᠪᠤᠯ ᠤᠷᠤᠭ ᠬᠤᠷᠢᠮ ᠤᠨ ᠵᠢᠭᠤᠷᠠᠯᠳᠤᠭᠠᠨ ᠢ ᠰᠢᠢᠳᠪᠦᠷᠢᠯᠡᠬᠦ ᠰᠠᠭᠤᠷᠢ ᠪᠠᠢᠵᠤ ᠂ ᠤᠷᠤᠭ ᠢᠶᠠᠨ ᠰᠡᠷᠭᠦᠭᠡᠬᠦ ᠪᠣᠯᠤᠯᠴᠠᠭ᠎ᠠ ᠳᠠᠢ ᠬᠡᠷ ᠪᠦᠯᠢ ᠶᠢ ᠰᠢᠬᠦᠭᠴᠢ ᠴᠢᠷᠮᠠᠢᠨ ᠡᠶᠡᠳᠡᠬᠦᠯᠵᠦ ᠂ ᠡᠶᠡᠳᠡᠬᠦᠯᠬᠦ ᠶᠠᠪᠤᠴᠠ ᠳᠤᠮᠳᠠ ᠂ ᠬᠠᠷᠢᠯᠴᠠᠨ ᠳᠠᠪᠠᠭᠤᠯᠢᠭ ᠳᠠᠯ᠎ᠠ ᠪᠠᠨ ᠡᠷᠢᠬᠦ ᠂ ᠳᠤᠰᠪᠤᠷᠢ ᠰᠢᠬᠦᠭᠴᠢ ᠳᠦ ᠭᠣᠮᠤᠳᠠᠯ ᠢᠶᠠᠨ ᠳᠤᠭᠠᠴᠢᠬᠤ ᠂ ᠦᠪᠡᠷ ᠦᠨ ᠳᠤᠳᠠᠭᠳᠠᠯ ᠢᠶᠠᠨ ᠮᠡᠳᠡᠷᠡᠬᠦ ᠂ ᠪᠠᠲᠤᠯᠠᠭ᠎ᠠ ᠶᠢᠨ ᠪᠢᠴᠢᠭ᠌ ᠪᠢᠴᠢᠵᠦ ᠲᠠᠩᠭᠠᠷᠢᠭᠯᠠᠬᠤ ᠵᠡᠷᠬᠡ ᠣᠨᠴᠠᠭᠠᠢ ᠠᠷᠭ᠎ᠠ ᠬᠡᠮᠵᠢᠶ᠎ᠠ ᠰᠦᠪᠡᠭᠴᠢᠯᠡᠨ ᠤᠯᠤᠭᠰᠠᠨ ᠪᠠᠢᠵᠤ ᠂ ᠬᠠᠭᠠᠴᠢᠬᠤ ᠰᠢᠬᠠᠭᠰᠠᠨ ᠬᠡᠷ ᠪᠦᠯᠢ ᠳᠠᠬᠢᠨ ᠨᠡᠢᠯᠡᠭᠦᠯᠡᠪᠡ ᠃ ᠳᠠᠰᠤᠯᠤᠯᠲᠠ ᠬᠢᠬᠦ ᠳᠦ ᠳᠤᠬᠢᠷᠠᠬᠤ ᠬᠡᠷᠡᠭ ᠢ ᠲᠠᠰᠤᠯᠤᠯᠲᠠ ᠬᠢᠵᠦ ᠂ ᠬᠠᠤᠯᠢ ᠲᠠᠢᠯᠪᠤᠷᠢᠯᠠᠵᠤ ᠶᠤᠰᠤ ᠶᠠᠷᠢᠬᠤ ᠠᠵᠢᠯ ᠢ ᠰᠠᠢᠳᠤᠷ ᠬᠢᠵᠦ ᠂ ᠬᠠᠤᠯᠢ ᠶᠢᠨ ᠴᠠᠭᠠᠵᠠ ᠶᠢᠨ ᠡᠷᠬᠡ ᠰᠦᠷ ᠢ ᠬᠠᠮᠠᠭᠠᠯᠵᠤ ᠂ ᠪᠠᠰᠠ ᠳᠤᠬᠠᠢ ᠶᠢᠨ ᠬᠦᠮᠦᠨ ᠳᠦ ᠬᠠᠤᠯᠢ ᠴᠠᠭᠠᠵᠠ ᠶᠢᠨ ᠬᠠᠯᠠᠭᠤᠨ ᠳᠤᠯᠠᠭᠠᠨ ᠢ ᠣᠢᠯᠠᠭᠤᠯᠪᠠ ᠃
2017 ᠤᠨ ᠤ 1 ᠰᠠᠷ᠎ᠠ ᠳᠤ ᠂ ᠱᠠᠵᠢᠨᠳᠤᠬᠤᠢ ᠰᠢᠬᠦᠬᠦ ᠲᠢᠩᠬᠢᠮ ᠨᠢᠬᠡᠨᠲᠡ 17 ᠬᠡᠷᠡᠭ ᠬᠦᠯᠢᠶᠡᠨ ᠠᠪᠴᠤ ᠂ 3 ᠬᠡᠷᠡᠭ ᠡᠶᠡᠳᠡᠬᠦᠯᠵᠦ ᠂ ᠳᠤᠬᠠᠢ ᠶᠢᠨ ᠬᠦᠮᠦᠨ ᠵᠠᠭᠠᠯᠳᠤᠯᠭ᠎ᠠ ᠪᠠᠨ ᠪᠤᠴᠠᠭᠠᠭᠰᠠᠨ 2 ᠬᠡᠷᠡᠭ ᠂ ᠪᠤᠰᠤᠳ ᠬᠡᠷᠡᠭ ᠢ ᠰᠢᠢᠳᠪᠦᠷᠢᠯᠡᠬᠦ ᠶᠠᠪᠤᠴᠠ ᠳᠤᠮᠳᠠ ᠪᠤᠢ ᠃
ᠦᠨᠡᠯᠡᠬᠦ 0ᠦᠨᠡᠯᠡᠯᠲᠡ᠎ᠲᠠᠢ