ᠰᠢᠬᠦᠭᠴᠢ ᠰᠦᠯᠵᠢᠶᠡᠨ ᠳᠡᠭᠡᠷ᠎ᠠ ᠰᠠᠢᠬᠠᠨ ᠡᠶᠡᠳᠡᠬᠦᠯᠵᠦ᠂ ᠦᠭᠡᠷ᠎ᠠ ᠭᠠᠵᠠᠷ ᠤᠨ ᠬᠦᠯᠦᠰᠦᠨ ᠠᠵᠢᠯᠴᠢᠨ ᠪᠠᠶᠠᠷᠲᠠᠢ ᠰᠢᠨᠡᠯᠡᠨ᠎ᠡ
2017.02.08 ᠲᠣᠰ ᠥᠷᠲᠡᠭᠡᠨ ᠦ ᠨᠠᠢᠷᠠᠭᠤᠯᠤᠭᠴᠢ

 

 

 

      2017 ᠤᠨ ᠤ 1 ᠰᠠᠷᠠᠢᠨ 24  ᠤ ᠡᠳᠦᠷ ᠂ ᠬᠦᠬᠡᠬᠡ ᠰᠠᠷ᠎ᠠ  ᠶᠢᠨ ᠬᠤᠷᠢᠨ ᠳᠤᠯᠤᠭᠠᠨ ᠳᠤ ᠂ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠶᠢᠨ ᠢᠷᠭᠡᠨ ᠦ ᠭᠤᠷᠪᠠᠳᠤᠭᠠᠷ ᠲᠢᠩᠬᠢᠮ ᠦᠨ ᠰᠢᠬᠦᠭᠴᠢ ᠪᠢᠶᠠᠨ ᠰᠢᠶᠤᠤ ᠶᠠᠨ《ᠰᠦᠯᠵᠢᠶᠡᠨ ᠳᠡᠭᠡᠷᠡᠬᠢ ᠰᠢᠬᠦᠬᠦ ᠬᠤᠷᠢᠶ᠎ᠠ》 ᠡᠶᠡᠳᠡᠬᠦᠯᠬᠦ ᠳᠠᠪᠴᠠᠩ ᠢ ᠠᠰᠢᠭᠯᠠᠵᠤ ᠂ ᠭᠠᠳᠠᠷ ᠤᠷᠤᠨ ᠤ ᠲᠠᠷᠢᠶᠠᠴᠢᠨ ᠠᠵᠢᠯᠴᠢᠨ ᠤ ᠴᠠᠯᠢᠩ ᠤᠨ ᠬᠦᠳᠡᠯᠮᠦᠷᠢ ᠶᠢᠨ ᠭᠡᠷ᠎ᠠ ᠶᠢᠨ ᠵᠢᠭᠤᠷᠠᠯᠳᠤᠭᠠᠨ ᠤ ᠬᠡᠷᠡᠭ ᠢ ᠠᠮᠵᠢᠯᠲᠠ ᠳᠠᠢ ᠡᠶᠡᠳᠡᠬᠦᠯᠪᠡ ᠃

    ᠳᠠᠪᠠᠵᠤ ᠵᠠᠭᠠᠯᠳᠤᠭᠴᠢ ᠱᠸᠨ ᠤᠪᠤᠭᠲᠤ ᠦᠵᠡᠬᠦ ᠪᠡᠷ᠂ ᠬᠦᠳᠡᠯᠮᠦᠷᠢ ᠬᠠᠩᠭᠠᠬᠤ ᠶᠢᠨ ᠬᠠᠮᠳᠤ ᠪᠠᠰᠠ ᠠᠵᠢᠯᠯᠠᠬᠤ ᠦᠶᠡᠰ ᠵᠠᠷᠤᠬᠤ ᠵᠢᠭᠤᠷᠠᠬᠤ ᠮᠠᠰᠢᠨ ᠂ ᠭᠤᠷᠪᠠᠨ ᠬᠦᠷᠳᠦᠳᠦ ᠮᠠᠰᠢᠨ ᠵᠡᠷᠬᠡ ᠮᠠᠰᠢᠨ ᠬᠠᠩᠭᠠᠭᠰᠠᠨ ᠪᠠᠢᠵᠤ ᠂ ᠳᠠᠪᠠᠵᠤ ᠵᠠᠭᠠᠯᠳᠤᠭᠳᠠᠭᠴᠢ ᠵᠦᠪᠬᠡᠨ ᠬᠦᠯᠦᠰᠦᠨ ᠮᠦᠩᠬᠦ 11079 ᠲᠦᠬᠦᠷᠢᠭ ᠬᠠᠷᠢᠭᠤᠴᠠᠬᠤ ᠪᠠᠷ ᠳᠠᠰᠤᠯᠤᠯᠲᠠ ᠬᠢᠵᠦ ᠪᠤᠯᠬᠤ ᠦᠬᠡᠢ ᠂ ᠨᠢᠬᠡᠳᠦᠭᠡᠷ ᠰᠢᠬᠦᠯᠲᠡ ᠶᠢᠨ ᠳᠠᠰᠤᠯᠤᠯᠲᠠ ᠶᠢ ᠦᠭᠡᠢᠰᠭᠡᠵᠦ᠂ ᠳᠠᠪᠠᠵᠤ ᠵᠠᠭᠠᠯᠳᠤᠭᠳᠠᠭᠴᠢ ᠯᠢ ᠤᠪᠤᠭᠲᠤ ᠬᠦᠯᠦᠰᠦᠨ ᠮᠦᠩᠬᠦ 126924 ᠲᠦᠬᠦᠷᠢᠭ ᠪᠤᠳᠤᠵᠤ ᠦᠭᠬᠦ ᠪᠡᠷ ᠦᠭᠡᠷᠡᠴᠢᠯᠡᠨ ᠳᠠᠰᠤᠯᠠᠬᠤ ᠶᠢ ᠭᠤᠶᠤᠴᠢᠯᠠᠪᠠ ᠃ ᠬᠠᠷᠢᠭᠤᠴᠠᠭᠰᠠᠨ ᠰᠢᠬᠦᠭᠴᠢ ᠳᠠᠩᠰᠠ ᠡᠪᠬᠡᠮᠡᠯ ᠢ ᠦᠵᠡᠬᠦ ᠂ ᠳᠤᠬᠠᠢ ᠬᠦᠮᠦᠨ ᠳᠠᠢ ᠬᠠᠷᠢᠴᠠᠬᠤ ᠪᠠᠷ ᠳᠠᠮᠵᠢᠵᠤ ᠤᠢᠯᠭᠠᠭᠰᠠᠨ ᠨᠢ ᠂ ᠳᠠᠪᠠᠵᠤ ᠵᠠᠭᠠᠯᠳᠤᠭᠳᠠᠭᠴᠢ ᠯᠢ ᠤᠪᠤᠭᠲᠤ ᠪᠤᠯ ᠱᠠᠨᠰᠢ ᠮᠤᠵᠢ ᠶᠢᠨ ᠴᠢᠨ ᠯᠦᠩ ᠪᠠᠷᠢᠯᠭ᠎ᠠ  ᠶᠢᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠶᠢᠨ ᠣᠲᠤᠭ ᠬᠤᠰᠢᠭᠤᠨ ᠳᠡᠬᠢ ᠲᠦᠰᠦᠪ ᠦᠨ ᠬᠡᠯᠳᠡᠰ ᠦᠨ ᠬᠠᠷᠢᠭᠤᠴᠠᠯᠭᠠᠳᠠᠨ ᠂ ᠯᠢ ᠤᠪᠤᠭᠲᠤ ᠳᠠᠪᠠᠵᠤ ᠵᠠᠭᠠᠯᠳᠤᠭᠴᠢ ᠱᠸᠨ ᠤᠪᠤᠭᠲᠤ ᠶᠢ ᠬᠦᠯᠦᠰᠦᠯᠡᠵᠦ ᠴᠢᠨ ᠯᠦᠩ ᠺᠤᠮᠫᠠᠨᠢ ᠶᠢᠨ ᠲᠦᠰᠦᠪ ᠲᠦ ᠴᠤᠬᠤᠢᠳᠠᠬᠤ ᠵᠢᠴᠢ ᠵᠡᠷᠭᠡᠯᠡᠬᠦ ᠠᠵᠢᠯ ᠢ ᠬᠠᠷᠢᠭᠤᠴᠠᠵᠤ ᠂ ᠬᠤᠶᠠᠷ ᠳᠠᠯ᠎ᠠ ᠪᠠᠷ ᠴᠤᠬᠤᠢᠳᠠᠬᠤ ᠵᠢᠴᠢ ᠵᠡᠷᠬᠡᠯᠡᠬᠦ ᠶᠢᠨ ᠺᠦᠸᠠᠳ᠋ ᠮᠧᠲ᠋ᠷ ᠪᠦᠷᠢ ᠶᠢᠨ ᠬᠠᠩᠰᠢ ᠶᠢ ᠠᠮᠠᠯᠳᠠᠨ ᠳᠤᠭᠳᠠᠪᠠ ᠃ ᠱᠸᠨ ᠤᠪᠤᠭᠳᠤ ᠬᠦᠯᠦᠰᠦᠨ ᠬᠤᠭᠤᠴᠠᠭᠠᠨ ᠳᠤ ᠬᠦᠳᠡᠯᠮᠦᠷᠢ ᠶᠢᠨ ᠦᠢᠯᠡᠴᠢᠯᠡᠬᠡ ᠂ ᠠᠵᠢᠯᠯᠠᠬᠤ ᠳᠤ ᠬᠡᠷᠡᠭᠯᠡᠬᠦ ᠮᠠᠰᠢᠨ ᠲᠦᠬᠦᠭᠡᠷᠦᠮᠵᠢ  ᠶᠢ ᠬᠠᠩᠭᠠᠭᠰᠠᠨ ᠮᠦᠷᠲᠡᠭᠡᠨ ᠬᠤᠭᠤᠴᠠᠭ᠎ᠠ ᠶᠤᠰᠤᠭᠠᠷ ᠠᠵᠢᠯ ᠤᠨ ᠬᠡᠮᠵᠢᠶ᠎ᠠ ᠪᠠᠨ ᠪᠡᠶᠡᠯᠡᠬᠦᠯᠵᠦ ᠂ ᠱᠸᠨ ᠤᠪᠤᠭᠳᠤ ᠶᠢᠨ ᠮᠠᠰᠢᠨ ᠲᠦᠬᠦᠭᠡᠷᠦᠮᠵᠢ ᠬᠠᠩᠭᠠᠭᠰᠠᠨ ᠠᠴᠠ ᠪᠤᠯᠵᠤ ᠬᠦᠯᠦᠰᠦᠨ ᠮᠦᠩᠬᠦ ᠶᠢ ᠨᠡᠮᠡᠬᠦ ᠡᠰᠡᠬᠦ  ᠠᠰᠠᠭᠤᠳᠠᠯ ᠳᠡᠭᠡᠷ᠎ᠠ ᠬᠤᠶᠠᠷ ᠳᠠᠯ᠎ᠠ ᠪᠠᠷ ᠰᠠᠨᠠᠯ ᠨᠢᠬᠡᠳᠦᠬᠦ ᠦᠬᠡᠢ ᠃

     ᠬᠡᠷᠡᠭ ᠦᠨ ᠪᠠᠢᠳᠠᠯ ᠳᠤᠳᠤᠷᠬᠠᠢ ᠂ ᠪᠠᠰᠠ ᠬᠦᠯᠦᠰᠦᠨ ᠠᠵᠢᠯᠴᠢᠨ ᠤ ᠴᠠᠯᠢᠩ ᠤᠨ ᠠᠰᠠᠭᠤᠳᠠᠯ ᠳᠠᠢ ᠬᠤᠯᠪᠤᠭᠳᠠᠭᠰᠠᠨ ᠢ ᠪᠤᠳᠤᠯᠬᠢᠯᠠᠵᠤ ᠂ ᠬᠠᠷᠢᠭᠤᠴᠠᠭᠰᠠᠨ ᠰᠢᠬᠦᠭᠴᠢ ᠬᠤᠶᠠᠷ ᠳᠠᠯ᠎ᠠ ᠶᠢᠨ ᠳᠤᠬᠠᠢ ᠶᠢᠨ ᠬᠦᠮᠦᠨ ᠳᠦ ᠤᠯᠠᠨ ᠤᠳᠠᠭ᠎ᠠ ᠤᠳᠠᠰᠤ ᠠᠪᠴᠤ ᠡᠶᠡᠳᠡᠬᠦᠯᠬᠦ ᠠᠵᠢᠯ ᠬᠢᠪᠡ ᠃ ᠱᠸᠨ ᠤᠪᠤᠭᠳᠤ ᠶᠢᠨ ᠡᠶᠡᠳᠡᠬᠦᠯᠬᠦ ᠲᠦᠰᠦᠯ ᠪᠤᠯ ᠰᠢᠨᠡᠯᠡᠬᠦ ᠡᠴᠡ ᠡᠮᠦᠨ᠎ᠠ ᠪᠤᠳᠤᠵᠤ ᠦᠭᠬᠦᠪᠡᠯ 3 ᠲᠦᠮᠡ ᠪᠡᠷ ᠬᠤᠶᠠᠷ ᠳᠠᠯ᠎ᠠ ᠶᠢᠨ ᠬᠦᠳᠡᠯᠮᠦᠷᠢ ᠶᠢᠨ ᠵᠢᠭᠤᠷᠠᠯᠳᠤᠭᠠᠨ  ᠢ ᠰᠢᠢᠳᠪᠦᠷᠢᠯᠡᠬᠦ ᠶᠢ ᠵᠦᠪᠰᠢᠶᠡᠷᠡᠨ᠎ᠠ ᠃ ᠯᠢ ᠤᠪᠤᠭᠲᠤ 3 ᠲᠦᠮᠡᠨ ᠦ ᠬᠦᠯᠦᠰᠦᠨ ᠮᠦᠩᠬᠦ ᠪᠤᠳᠤᠵᠤ ᠦᠭᠬᠦ ᠶᠢ ᠵᠥᠪᠰᠢᠶᠡᠷᠡᠪᠡ ᠂ ᠬᠡᠪᠡᠴᠦ ᠱᠸᠨ ᠤᠪᠤᠭᠲᠤ ᠭᠠᠷ ᠤᠨ ᠦᠰᠦᠭ ᠵᠢᠷᠤᠵᠤ ᠨᠤᠳᠠᠯᠠᠨ ᠵᠦᠪᠰᠢᠶᠡᠷᠡᠬᠦ ᠶᠢ ᠱᠠᠭᠠᠷᠳᠠᠪᠠ ᠃ ᠬᠡᠷᠪᠡ ᠤᠯᠠᠮᠵᠢᠯᠠᠲᠤ ᠬᠡᠯᠪᠡᠷᠢ ᠪᠡᠷ ᠡᠶᠡᠳᠡᠬᠦᠯᠬᠦ ᠠᠵᠢᠯ ᠬᠢᠪᠡᠯ᠂ ᠰᠢᠬᠦᠭᠴᠢ ᠳᠤᠬᠠᠢ ᠶᠢᠨ ᠬᠦᠮᠦᠨ ᠢ ᠰᠢᠬᠦᠬᠦ ᠬᠤᠷᠢᠶᠠᠨ ᠳᠤ ᠳᠠᠭᠤᠳᠠᠵᠤ ᠡᠶᠡᠳᠡᠬᠦᠯᠬᠦ ᠪᠦᠭᠡᠳ ᠡᠶᠡᠳᠡᠬᠦᠯᠬᠦ ᠬᠡᠯᠡᠯᠴᠡᠭᠡᠷ ᠳᠡᠭᠡᠷ᠎ᠠ ᠭᠠᠷ ᠤᠨ ᠦᠰᠦᠭ ᠵᠢᠷᠤᠭᠤᠯᠵᠤ ᠨᠤᠳᠠᠯᠠᠬᠤ ᠬᠡᠷᠡᠭᠲᠡᠢ ᠃ ᠴᠠᠭᠠᠨ ᠰᠠᠷ᠎ᠠ ᠣᠢᠷᠠᠲᠤᠵᠤ ᠪᠠᠢᠬᠤ ᠤᠴᠢᠷ ᠠᠴᠠ ᠬᠤᠶᠠᠷ ᠳᠠᠯ᠎ᠠ ᠶᠢᠨ ᠳᠤᠬᠠᠢ ᠶᠢᠨ ᠬᠦᠮᠦᠨ ᠪᠦᠷ ᠭᠡᠷ ᠲᠦ ᠪᠡᠨ ᠬᠠᠷᠢᠭᠰᠠᠨ ᠪᠠᠢᠵᠤ ᠂ ᠬᠡᠷᠪᠡ ᠳᠤᠬᠠᠢ ᠶᠢᠨ ᠬᠦᠮᠦᠨ ᠢ ᠰᠢᠬᠦᠬᠦ ᠬᠤᠷᠢᠶᠠᠨ ᠳᠤ ᠳᠠᠭᠤᠳᠠᠪᠠᠯ ᠴᠠᠭ ᠪᠠ ᠠᠵᠤ ᠠᠬᠤᠢ ᠶᠢᠨ ᠦᠷᠳᠡᠭ ᠪᠦᠷ ᠳᠠᠩᠴᠢ ᠦᠨᠳᠦᠷ ᠃ 1 ᠰᠠᠷᠠᠢᠨ 24  ᠤ ᠡᠳᠦᠷ ᠦᠨ ᠦᠳᠡ ᠶᠢᠨ ᠡᠮᠦᠨ᠎ᠠ ᠂ ᠬᠠᠷᠢᠭᠤᠴᠠᠭᠰᠠᠨ ᠰᠢᠬᠦᠭᠴᠢ ᠪᠢᠶᠠᠨ ᠰᠢᠶᠤᠤ ᠶᠠᠨ《ᠰᠦᠯᠵᠢᠶᠡᠨ ᠳᠡᠭᠡᠷᠡᠬᠢ ᠰᠢᠬᠦᠬᠦ ᠬᠤᠷᠢᠶ᠎ᠠ》ᠡᠶᠡᠳᠡᠬᠦᠯᠬᠦ ᠳᠠᠪᠴᠠᠩ ᠢ ᠠᠰᠢᠭᠯᠠᠵᠤ ᠂ ᠺᠣᠮᠫᠢᠦ᠋ᠲ᠋ᠧᠷ ᠦᠨ ᠡᠮᠦᠨ᠎ᠠ ᠰᠠᠭᠤᠵᠤ ᠂ ᠾᠧᠨᠠᠨ ᠮᠤᠵᠢ ᠶᠢᠨ ᠵᠸᠦ ᠺᠸᠥ ᠬᠤᠳᠠ ᠶᠢᠨ ᠲᠠᠢ ᠺᠠᠩ ᠰᠢᠶᠠᠨ ᠳᠤ ᠪᠠᠢᠭ᠎ᠠ ᠱᠸᠨ ᠤᠪᠤᠭᠲᠤ ᠂ ᠱᠠᠨᠰᠢ ᠮᠤᠵᠢ ᠶᠢᠨ ᠪᠤᠤ ᠵᠢᠢ ᠬᠤᠳᠠ ᠶᠢᠨ ᠠᠯᠪᠠᠨ ᠭᠡᠷ ᠲᠦ ᠪᠡᠨ ᠪᠠᠢᠭ᠎ᠠ ᠯᠢ ᠤᠪᠤᠭᠲᠠᠤ ᠳᠠᠢ ᠳᠤᠬᠠᠢ ᠶᠢᠨ ᠴᠠᠭ ᠤᠨ ᠰᠦᠯᠵᠢᠶᠡᠨ ᠠᠬᠤᠢ ᠳᠠᠯᠠᠪᠤᠷ ᠤᠨ ᠲᠦᠷᠰᠦ ᠳᠠᠮᠵᠢᠯᠲᠠ ᠪᠠᠷ ᠡᠶᠡᠳᠡᠬᠦᠯᠬᠦ ᠠᠵᠢᠯ ᠬᠢᠪᠡ ᠂ ᠬᠠᠮᠤᠭ ᠡᠴᠦᠰ ᠲᠦ ᠡᠶᠡᠳᠡᠬᠦᠯᠬᠦ ᠬᠡᠯᠡᠯᠴᠡᠭᠡᠷ ᠳᠤᠭᠳᠠᠪᠠ ᠂ ᠯᠢ ᠤᠪᠤᠭᠲᠤ ᠳᠤᠰᠪᠤᠷᠢ 1 ᠰᠠᠷᠠᠢᠨ 27  ᠤ ᠡᠳᠦᠷ ᠡᠴᠡ ᠡᠮᠦᠨ᠎ᠠ ᠂ 3 ᠰᠠᠷᠠᠢᠨ 15 ᠡᠳᠦᠷ ᠡᠴᠡ ᠡᠮᠦᠨ᠎ᠠ ᠱᠸᠨ ᠤᠪᠤᠭᠲᠤ ᠳᠤ 2 ᠲᠦᠮᠡᠨ ᠲᠦᠬᠦᠷᠢᠭ᠂ 1 ᠲᠦᠮᠡᠨ ᠲᠦᠬᠦᠷᠢᠭ ᠦᠨ ᠬᠦᠯᠦᠰᠦᠨ ᠮᠦᠩᠬᠦ ᠪᠤᠳᠤᠵᠤ ᠦᠭᠴᠦ ᠂ ᠰᠦᠯᠵᠢᠶᠡᠨ ᠳᠡᠭᠡᠷ᠎ᠠ ᠨᠤᠳᠠᠯᠠᠨ ᠵᠦᠪᠰᠢᠶᠡᠷᠡᠪᠡ ᠃

      ᠡᠨᠡᠬᠦ ᠪᠤᠰᠤᠳ ᠭᠠᠵᠠᠷ ᠲᠤ ᠬᠤᠯᠪᠤᠭᠳᠠᠭᠰᠠᠨ ᠡᠶᠡᠳᠡᠬᠦᠯᠬᠡ ᠳᠠᠭᠤᠰᠤᠭᠰᠠᠨ ᠤ ᠳᠠᠷᠠᠭ᠎ᠠ ᠂ ᠯᠢ ᠤᠪᠤᠭᠲᠤ ᠸᠢᠳᠢᠣ᠋ ᠳᠤ ᠬᠡᠯᠡᠭᠰᠡᠨ ᠨᠢ ᠄《ᠰᠢᠬᠦᠭᠴᠢ ᠨᠠᠷᠢᠨ ᠬᠢᠨᠠᠮᠠᠭᠠᠢ ᠡᠶᠡᠳᠡᠬᠦᠯᠬᠦ ᠠᠵᠢᠯ ᠬᠢᠭᠰᠡᠨ ᠳᠦ ᠮᠠᠰᠢ ᠳᠠᠯᠠᠷᠬᠠᠵᠤ ᠂ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠡᠶᠡᠳᠡᠬᠦᠯᠬᠦ ᠰᠢᠨ᠎ᠠ ᠬᠡᠯᠪᠡᠷᠢ ᠮᠠᠶᠢᠭ ᠲᠤ ᠳᠠᠯᠠᠷᠬᠠᠵᠤ᠂  ᠬᠡᠳᠦᠢᠪᠡᠷ ᠬᠡᠳᠦᠨ ᠮᠢᠩᠭᠠᠨ ᠭᠠᠵᠠᠷ ᠬᠤᠯᠠ ᠪᠤᠯᠪᠠᠴᠤ ᠪᠢ ᠭᠡᠷ ᠲᠦ ᠪᠡᠨ ᠰᠠᠭᠤᠵᠤ ᠭᠠᠷ ᠤᠳᠠᠰᠤ ᠪᠠᠷᠢᠪᠠᠯ ᠬᠡᠷᠡᠭ ᠢ ᠰᠢᠢᠳᠪᠦᠷᠢᠯᠡᠵᠦ ᠂ ᠮᠢᠨᠦ ᠵᠠᠷᠭᠤ ᠶᠢᠨ ᠦᠷᠳᠡᠭ ᠢ ᠬᠦᠩᠭᠡᠯᠡᠪᠡ᠃》ᠳᠠᠪᠠᠵᠤ ᠵᠠᠭᠠᠯᠳᠤᠭᠴᠢ ᠱᠸᠨ ᠤᠪᠤᠭᠲᠤ ᠪᠠᠶᠠᠷᠯᠠᠨ ᠬᠡᠯᠡᠭᠰᠡᠨ ᠨᠢ᠄ 《ᠤᠳᠤ ᠨᠢᠬᠡ ᠪᠠᠶᠠᠷ ᠳᠠᠢ ᠰᠢᠨᠡᠯᠡᠬᠦ ᠶᠤᠮ ᠪᠠᠢᠨ᠎ᠠ᠃》

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )