ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠲᠡᠷᠭᠡᠨ ᠪᠠᠭ ᠤᠨ ᠬᠢᠨᠢ《 ᠭᠦᠢᠴᠡᠳᠬᠡᠬᠦ ᠵᠢᠯ 》 ᠤᠨ ᠲᠤᠰᠬᠠᠢ ᠲᠥᠷᠦᠯ ᠤᠨ ᠠᠵᠢᠯᠠᠯᠭ᠎ᠠ ᠶᠢᠨ ᠤᠷᠤᠭᠰᠢᠲᠠᠢ ᠶᠠᠪᠤᠭᠳᠠᠬᠤ ᠶᠢ ᠪ
2016.12.23 ᠲᠣᠰ ᠥᠷᠲᠡᠭᠡᠨ᠎ᠦ ᠨᠠᠢᠷᠠᠭᠤᠯᠤᠭᠴᠢ

ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠲᠡᠷᠭᠡᠨ ᠪᠠᠭ ᠤᠨ ᠬᠢᠨᠢ《 ᠭᠦᠢᠴᠡᠳᠬᠡᠬᠦ ᠵᠢᠯ 》 ᠤᠨ ᠲᠤᠰᠬᠠᠢ ᠲᠥᠷᠦᠯ ᠤᠨ ᠠᠵᠢᠯᠠᠯᠭ᠎ᠠ ᠶᠢᠨ ᠤᠷᠤᠭᠰᠢᠲᠠᠢ ᠶᠠᠪᠤᠭᠳᠠᠬᠤ ᠶᠢ ᠪᠥᠬᠦ ᠬᠦᠴᠦᠨ ᠢᠶᠡᠷ ᠢᠶᠡᠨ ᠪᠠᠲᠤᠯᠠᠪᠠ

 

ᠥᠪᠡᠷᠲᠡᠭᠡᠨ ᠵᠠᠰᠠᠬᠤ ᠣᠷᠣᠨ ᠤ ᠠᠷᠠᠳ ᠤᠨ ᠥᠨᠳᠥᠷ ᠵᠡᠷᠭᠡ ᠶᠢᠨ ᠰᠢᠭᠦᠬᠦ  ᠬᠣᠷᠢᠶᠠᠨ ᠤ《< ᠭᠦᠢᠴᠡᠳᠬᠡᠬᠦ ᠵᠢᠯ> ᠲᠤᠰᠬᠠᠢ ᠲᠥᠷᠦᠯ ᠤᠨ  ᠠᠵᠢᠯᠠᠯᠭ᠎ᠠ ᠶᠢ ᠦᠷᠨᠢᠭᠦᠯᠬᠦ ᠲᠤᠬᠠᠢ ᠬᠡᠷᠡᠭᠵᠢᠭᠦᠯᠬᠦ ᠲᠥᠰᠦᠯ 》 ᠤᠨ ᠰᠠᠭᠠᠷᠳᠠᠯᠭ᠎ᠠ ᠶᠣᠰᠣᠭᠠᠷ ᠂ ᠡᠨᠡ ᠵᠢᠯ ᠡᠴᠡ ᠨᠠᠰᠢ ᠂  ᠮᠠᠨ ᠤ ᠬᠤᠳᠠ ᠶᠢᠨ ᠬᠣᠶᠠᠷ ᠱᠠᠲᠤᠨ ᠤ ᠰᠢᠭᠦᠬᠦ ᠬᠣᠷᠢᠶ᠎ᠠ ᠪᠣᠳᠠᠲᠤ ᠪᠠᠶᠢᠳᠠᠯ ᠲᠠᠶ ᠪᠠᠨ ᠤᠶᠠᠯᠳᠤᠭᠤᠯᠤᠨ 《 ᠭᠦᠢᠴᠡᠳᠬᠡᠬᠦ ᠵᠢᠯ 》  ᠦᠨ ᠲᠤᠰᠬᠠᠶ ᠠᠵᠢᠯ ᠢ ᠥᠷᠨᠢᠭᠦᠯᠵᠦ ᠂ ᠮᠡᠳᠡᠭᠡ ᠵᠠᠩᠭᠢᠵᠢᠯᠲᠠ ᠂  ᠵᠢᠷᠤᠮᠵᠢᠭᠤᠯᠤᠯᠲᠠ ᠶᠢᠨ ᠪᠦᠲᠦᠭᠡᠨ ᠪᠠᠶᠢᠭᠤᠯᠤᠯᠲᠠ ᠶᠢ ᠤᠯᠠᠮ ᠨᠢᠭᠡ ᠠᠯᠬᠤᠮ ᠨᠠᠶᠢᠳᠠᠪᠤᠷᠢᠵᠢᠭᠤᠯᠵᠤ ᠂ ᠪᠦᠬᠦ ᠬᠣᠲᠠ ᠶᠢᠨ ᠰᠢᠭᠦᠬᠦ ᠬᠣᠷᠢᠶᠠᠨ  ᠤ ᠭᠦᠢᠴᠡᠳᠬᠡᠬᠦ ᠴᠢᠳᠠᠪᠤᠷᠢ ᠂ ᠭᠦᠢᠴᠡᠳᠬᠡᠬᠦ ᠬᠢᠷᠢ ᠬᠡᠮᠵᠢᠶ᠎ᠡ ᠪᠠ ᠦᠢᠯᠡᠴᠢᠯᠡᠭᠡ ᠶᠢᠨ ᠪᠠᠲᠤᠯᠠᠭ᠎ᠠ  ᠥᠭᠡᠷᠡᠴᠢᠯᠡᠯᠲᠡ ᠬᠥᠭᠵᠢᠯᠲᠡ ᠶᠢᠨ ᠴᠢᠳᠠᠪᠤᠷᠢ ᠶᠢ  ᠳᠡᠭᠡᠭᠰᠢᠯᠡᠭᠦᠯᠪᠡ᠃

ᠬᠤᠲᠠ ᠶᠢᠨ ᠰᠢᠭᠦᠬᠦ ᠬᠣᠷᠢᠶᠠᠨ ᠤ ᠲᠣᠨᠣᠭᠯᠠᠯ ᠤᠨ ᠭᠠᠵᠠᠷ  ᠤᠨ ᠲᠡᠷᠭᠡᠨ  ᠪᠠᠭ ᠨᠢ《 ᠭᠦᠢᠴᠡᠳᠬᠡᠬᠦ ᠵᠢᠯ 》 ᠲᠤᠰᠬᠠᠢ ᠠᠵᠢᠯᠠᠯᠭ᠎ᠠ ᠶᠢᠨ ᠤᠷᠤᠭᠰᠢᠲᠠᠢ ᠶᠠᠪᠤᠭᠳᠠᠬᠤ ᠶᠢ ᠪᠠᠲᠤᠯᠠᠬᠤ ᠶᠢᠨ ᠲᠤᠰᠠᠳᠠ ᠂《 ᠭᠦᠢᠴᠡᠳᠬᠡᠬᠦ ᠵᠢᠯ 》 ᠲᠤᠰᠬᠠᠢ ᠠᠵᠢᠯᠠᠯᠭ᠎ᠠ ᠶᠢᠨ ᠪᠦᠬᠦᠯᠢ ᠴᠣᠭᠴᠠ ᠶᠢᠨ ᠪᠠᠢᠷᠢᠯᠠᠭᠤᠯᠤᠯᠲᠠ ᠢ ᠦᠨᠳᠦᠰᠦᠯᠡᠨ ᠂ ᠤᠯᠠᠨ ᠤᠳᠠᠭ᠎ᠠ《  ᠬᠤᠷᠴᠠ ᠰᠡᠯᠡᠮ᠎ᠡ》 ᠠᠵᠢᠯᠠᠯᠭ᠎ᠠ ᠪᠠ《 ᠲᠠᠯ᠎ᠠ ᠨᠤᠲᠤᠭ ᠤᠨ ᠰᠢᠷᠦᠭᠦᠨ ᠰᠢᠭᠤᠷᠭ᠎ᠠ》  ᠬᠥᠳᠡᠯᠭᠡᠭᠡᠨ ᠢ  ᠦᠷᠨᠢᠭᠦᠯᠪᠡ᠃  ᠣᠳᠣᠬᠠᠨ ᠪᠣᠯᠲᠠᠯ᠎ᠠ ᠨᠡᠶᠢᠲᠡ ᠲᠣᠮᠢᠯᠠᠭᠰᠠᠨ ᠭᠦᠢᠴᠡᠳᠬᠡᠬᠦ ᠲᠡᠷᠭᠡ ᠬᠥᠰᠬᠡ 8000 ᠭᠠᠷᠤᠢ ᠤᠳᠠᠭ᠎ᠠ ᠬᠦᠷᠴᠦ ᠂ ᠨᠡᠶᠢᠲᠡ ᠶᠠᠪᠤᠭᠰᠠᠨ ᠵᠠᠮ ᠨᠢ 150 ᠲᠦᠮᠡᠨ ᠺᠢᠯᠣᠮᠧᠲ᠋ᠷ ᠃  ᠬᠦᠷᠢᠶ᠎ᠠ ᠬᠡᠪᠴᠢᠶ᠎ᠡ ᠨᠢ ᠥᠪᠥᠷ ᠮᠣᠩᠭᠣᠯ ᠤᠨ ᠬᠢᠯᠢ ᠳᠣᠲᠣᠷᠠᠬᠢ ᠭᠠᠵᠠᠷ ᠵᠢᠴᠢ ᠬᠢᠷᠢᠨ ᠂ ᠯᠢᠶᠣᠤᠨᠢᠩ ᠂ ᠪᠡᠭᠡᠵᠢᠩ ᠂ ᠲᠢᠶᠠᠨᠵᠢᠨ ᠂ ᠾᠸᠪᠸᠢ ᠂ ᠱᠠᠨ ᠰᠢ ᠂ ᠱᠠᠨᠰᠢ ᠂ ᠱᠠᠨᠳᠦ᠋ᠩ ᠂ ᠾᠧᠨᠠᠨ ᠂ ᠨᠢᠩᠰᠢᠶᠠ ᠂ ᠭᠠᠨᠰᠦ ᠂ ᠬᠥᠬᠡᠨᠠᠭᠤᠷ ᠂ ᠰᠧᠴᠤᠸᠠᠨ ᠂ ᠬᠤᠨᠠᠨ ᠵᠡᠷᠭᠡ ᠪᠦᠬᠦ ᠤᠯᠤᠰ ᠤᠨ ᠶᠡᠬᠡᠩᠬᠢ ᠬᠡᠰᠡᠭ ᠭᠠᠵᠠᠷ ᠢ ᠡᠵᠡᠯᠡᠪᠡ ᠃

ᠭᠦᠢᠴᠡᠳᠬᠡᠬᠦ ᠠᠵᠢᠯ ᠤᠨ ᠤᠷᠤᠭᠰᠢᠲᠠᠶ ᠶᠠᠪᠤᠭᠳᠠᠬᠤ ᠶᠢ ᠪᠠᠲᠤᠯᠠᠬᠤ ᠶᠢᠨ ᠬᠠᠮᠲᠤ ᠂ ᠲᠡᠷᠭᠡᠨ ᠪᠠᠭ  ᠤᠨ ᠬᠠᠮᠢᠶᠠᠷᠤᠯᠲᠠ ᠳᠦᠷᠢᠮ  ᠢ ᠴᠢᠩᠭ᠎ᠠ ᠬᠡᠷᠡᠭᠵᠢᠭᠦᠯᠬᠦ ᠬᠡᠷᠡᠭᠲᠡᠶ ᠃ ᠠᠮᠤᠷ ᠲᠦᠪᠰᠢᠨ ᠢᠶᠡᠷ  ᠵᠢᠯᠤᠭᠤᠳᠴᠤ ᠂ ᠵᠠᠮ ᠬᠠᠷᠢᠯᠴᠠᠭᠠᠨ ᠤ ᠠᠮᠤᠷ ᠲᠦᠪᠰᠢᠨ ᠦ ᠬᠠᠤᠯᠢ ᠶᠢ ᠵᠢᠷᠤᠮᠯᠠᠬᠤ ᠬᠡᠷᠡᠭᠲᠡᠶ ᠃ ᠴᠠᠭ ᠲᠤᠬᠠᠶ ᠳᠤᠨᠢ  ᠲᠡᠷᠭᠡ ᠪᠡᠨ ᠪᠠᠢᠴᠠᠭᠠᠵᠤ᠂ ᠠᠷᠠᠴᠢᠯᠠᠨ ᠬᠠᠮᠠᠭᠠᠯᠠᠬᠤ ᠪᠠ ᠰᠡᠯᠪᠢᠨ ᠵᠠᠰᠠᠬᠤ ᠬᠡᠷᠡᠭᠲᠠᠢ᠃ ᠠᠰᠠᠭᠤᠳᠠᠯ ᠢ ᠣᠯᠵᠤ ᠮᠡᠳᠡᠪᠡᠯ ᠴᠠᠭ ᠲᠤᠬᠠᠶ ᠳᠤᠨᠢ ᠰᠢᠢᠳᠪᠦᠷᠢᠯᠡᠵᠦ᠂ 《 ᠠᠰᠠᠭᠤᠳᠠᠯ 》  ᠲᠠᠶ ᠲᠡᠷᠭᠡ ᠭᠠᠳᠠᠭᠰᠢ ᠠᠵᠢᠯ ᠳᠤ ᠭᠠᠷᠬᠤ ᠶᠢ ᠡᠷᠡᠰ ᠬᠤᠷᠢᠭᠯᠠᠨ᠎ᠠ᠃ ᠲᠡᠷᠭᠡᠨ ᠪᠠᠭ ᠤᠨ ᠳᠠᠷᠤᠭ᠎ᠠ ᠡᠴᠡ ᠲᠡᠷᠭᠡ ᠭᠠᠷᠬᠤ ᠂ ᠲᠡᠷᠭᠡ ᠲᠣᠮᠢᠯᠠᠬᠤ᠂ ᠲᠤᠰᠤ ᠨᠡᠮᠡᠬᠦ ᠶᠢ ᠨᠢᠭᠡᠲᠦᠯᠲᠠᠢ ᠬᠠᠮᠢᠶᠠᠷᠤᠨ᠎ᠠ ᠃ ᠡᠭᠦᠨ ᠤ ᠬᠠᠮᠲᠤ ᠲᠡᠷᠭᠡ ᠬᠥᠰᠬᠡ ᠨᠢᠭᠡᠪᠦᠷᠢ ᠳᠦ ᠴᠥᠮ GPS ᠣᠷᠣᠨ ᠪᠠᠶᠢᠷᠢ ᠲᠣᠭᠲᠠᠭᠠᠬᠤ  ᠰᠢᠰᠲ᠋ᠧᠮ ᠤᠭᠴᠠᠷᠠᠨ᠂  ᠲᠣᠭ᠎ᠠ ᠪᠠᠷᠢᠮᠲᠠ ᠵᠢᠷᠤᠭ ᠳᠦᠷᠰᠦ ᠳᠠᠮᠵᠢᠭᠤᠯᠬᠤ ᠵᠡᠷᠭᠡ ᠦᠢᠯᠡᠳᠦᠯ ᠢ ᠵᠢᠯᠣᠭᠣᠳᠬᠤ ᠲᠥᠪ  ᠲᠠᠢ ᠵᠠᠯᠭᠠᠵᠤ ᠂ ᠲᠡᠷᠭᠡᠨ ᠪᠠᠭ ᠤᠨ ᠳᠠᠷᠤᠭ᠎ᠠ ᠴᠠᠭ ᠲᠤᠬᠠᠶ  ᠳᠤ ᠨᠢ  ᠲᠡᠷᠭᠡᠨ ᠤ ᠪᠠᠶᠢᠳᠠᠯ ᠢ ᠣᠶᠢᠯᠠᠭᠠᠵᠤ ᠂ ᠲᠡᠷᠭᠡ ᠬᠥᠰᠬᠡ ᠶᠢ ᠠᠯᠤᠰ ᠠᠴᠠ ᠵᠢᠯᠤᠭᠤᠳᠤᠨ᠎ᠠ᠃ ᠵᠢᠯᠣᠭᠣᠴᠢ 24 ᠴᠠᠭ ᠤᠨ ᠵᠠᠷᠯᠢᠭ  ᠬᠦᠯᠢᠶᠡᠵᠦ ᠂ ᠬᠠᠷᠠᠩᠭᠤᠶ ᠰᠥᠨᠢ ᠭᠠᠷᠠᠭ ᠤᠨ ᠰᠡᠭᠦᠯ  ᠭᠡᠵᠦ ᠢᠯᠭᠠᠬᠤ ᠦᠭᠡᠢ᠂ ᠡᠭᠦᠷᠭᠡ ᠭᠦᠢᠴᠡᠳᠬᠡᠬᠦ ᠮᠡᠳᠡᠭᠳᠡᠯ ᠤᠯᠤᠭᠰᠠᠭᠠᠷ᠂ ᠲᠡᠷᠡ ᠳᠠᠷᠤᠶ ᠳᠤᠨᠢ ᠮᠠᠰᠢᠨ ᠲᠡᠷᠭᠡ   ᠭᠠᠷᠴᠤ᠂ ᠬᠡᠷᠡᠭ ᠢ ᠰᠢᠭᠦᠨ ᠲᠠᠰᠤᠯᠠᠵᠤ ᠭᠦᠢᠴᠡᠳᠬᠡᠬᠦ ᠶᠢᠨ ᠤᠷᠤᠭᠰᠢᠲᠠᠶ ᠶᠠᠪᠤᠭᠳᠠᠬᠤ ᠶᠢ ᠪᠠᠲᠤᠯᠠᠬᠤ  ᠬᠡᠷᠡᠭᠲᠠᠢ᠃

 ᠣᠢᠷ᠎ᠠ ᠶᠢᠨ ᠵᠢᠯ ᠦᠳ ᠲᠦ ᠂ ᠮᠠᠨ ᠤ ᠬᠤᠳᠠ ᠶᠢᠨ ᠬᠣᠶᠠᠷ ᠱᠠᠲᠤᠨ ᠤ ᠰᠢᠭᠦᠬᠦ ᠬᠣᠷᠢᠶᠠᠨ ᠤ ᠬᠦᠯᠢᠶᠡᠨ  ᠠᠪᠬᠤ ᠬᠡᠷᠡᠭ ᠤᠨ ᠲᠣᠭ᠎ᠠ ᠡᠳᠦᠷ ᠢᠷᠡᠬᠦᠶ᠎ᠡ ᠣᠯᠠᠰᠢᠷᠠᠵᠤ ᠂ ᠬᠡᠷᠡᠭ ᠢ ᠭᠦᠢᠴᠡᠳᠬᠡᠬᠦ ᠠᠵᠢᠯ  ᠡᠳᠦᠷ ᠢᠷᠡᠬᠦ ᠲᠤᠳ᠋ᠤᠮ ᠬᠦᠨᠳᠦ  ᠪᠣᠯᠵᠤ᠂ ᠬᠠᠤᠯᠢ ᠬᠡᠷᠡᠭᠵᠢᠭᠦᠯᠦᠯᠲᠡ ᠶᠢᠨ ᠪᠠᠲᠤᠯᠠᠭ᠎ᠠ ᠬᠡᠮᠡᠭᠳᠡᠭᠰᠡᠨ ᠲᠡᠷᠭᠡᠨ ᠪᠠᠭ ᠪᠣᠯᠤᠭᠰᠠᠨ ᠤ ᠬᠤᠪᠢ ᠳᠤ ᠂ ᠡᠷᠬᠡᠪᠰᠢ ᠡᠮᠬᠢ ᠵᠢᠷᠤᠮ ᠲᠠᠶ ᠂ ᠠᠮᠤᠷ ᠲᠦᠪᠰᠢᠨ ᠰᠢᠭᠦᠨ ᠲᠠᠰᠤᠯᠬᠤ ᠠᠵᠢᠯ ᠳᠤ ᠬᠦᠴᠦᠲᠡᠶ ᠠᠷᠤ ᠲᠠᠯ᠎ᠠ ᠶᠢᠨ ᠦᠢᠯᠡᠴᠢᠯᠡᠭᠡᠨ ᠦ ᠪᠠᠲᠤᠯᠠᠭ᠎ᠠ ᠬᠠᠩᠭᠠᠬᠤ ᠬᠡᠷᠡᠭᠲᠡᠶ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )