ᠮᠠᠨ ᠤ ᠬᠣᠷᠢᠶᠠᠨ ᠤ ᠸᠢᠴᠠᠲ ᠪᠣᠯᠤᠨ ᠪᠢᠴᠢᠯ ᠪᠦᠷᠭᠡ ᠢ ᠠᠩᠬᠠᠷᠤᠯ ᠳᠤ ᠪᠠᠨ ᠬᠠᠨᠳᠤᠭᠤᠯᠵᠤ ᠮᠠᠨ ᠤ ᠠᠵᠢᠯᠠᠯᠭ᠎ᠠ ᠶᠢᠨ ᠪᠠᠢᠳᠠᠯ ᠢ ᠤᠢᠯᠭᠠᠵᠤ ᠪᠣᠯᠤᠨ᠎ᠠ
2016.01.27 ᠲᠣᠰ ᠥᠷᠲᠡᠭᠡᠨ᠎ᠦ ᠨᠠᠢᠷᠠᠭᠤᠯᠤᠭᠴᠢ

ᠬᠠᠤᠯᠢ ᠪᠠᠷᠢᠬᠤ ᠶᠢ ᠢᠯᠠ ᠪᠣᠯᠭᠠᠬᠤ  ᠪᠦᠷᠢᠳᠬᠡᠯ

  ᠢᠯᠡ ᠪᠠᠢᠯᠭᠠᠬᠤ ᠪᠣᠯ ᠬᠠᠤᠯᠢ ᠪᠠᠷᠢᠬᠤ ᠳᠤ ᠬᠢᠨᠠᠯᠲᠠ ᠲᠠᠯᠪᠢᠬᠤ ᠬᠠᠮᠤᠭ ᠰᠠᠢᠨ ᠠᠷᠭ᠎ᠠ ᠵᠠᠮ ᠮᠥᠨ ᠃ 2015 ᠣᠨ ᠪᠣᠯᠬᠤ  ᠳᠤ ᠂ ᠣᠷᠳᠣᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ《 ᠢᠨᠲ᠋ᠸᠷ ᠰᠦᠯᠵᠢᠶ᠎ᠡ + 》  ᠶᠢᠨ ᠰᠡᠳᠬᠢᠬᠦᠶ ᠶᠢ ᠴᠢᠩᠭᠠᠳᠬᠠᠵᠤ  ᠂ ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ ᠶᠢ ᠶᠡᠬᠡᠪᠡᠷ  ᠴᠢᠩᠭ᠋ᠠᠳᠬᠠᠪᠠ᠃ ᠮᠡᠳᠡᠭᠡ ᠵᠠᠩᠭᠢ ᠶᠢᠨ ᠰᠢᠨᠵᠢᠯᠡᠬᠦ ᠤᠬᠠᠭᠠᠨ ᠮᠡᠷᠭᠡᠵᠢᠯ ᠢ ᠭᠦᠢᠴᠡᠳ ᠠᠰᠢᠭᠯᠠᠨ ᠂ ᠨᠡᠭᠡᠭᠡᠯᠲᠡᠲᠡᠶ ᠂ ᠬᠥᠳᠡᠯᠦᠩᠭᠦᠶ ᠂ ᠢᠯᠡ ᠲᠣᠳᠣ ᠂ ᠠᠷᠠᠳ ᠲᠤ ᠳᠥᠭᠥᠮ ᠦᠵᠡᠭᠦᠯᠬᠦ ᠢᠯᠡ ᠪᠡᠷ ᠬᠠᠤᠯᠢ ᠪᠠᠷᠢᠬᠤ ᠲᠣᠭᠲᠠᠴᠠ ᠶᠢ ᠪᠠᠶᠢᠭᠤᠯᠵᠤ ᠂ ᠳᠠᠯᠳᠠᠭᠤᠷ ᠦᠢᠯᠡᠳᠬᠦ ᠶᠢ ᠡᠷᠡᠰ  ᠬᠤᠷᠢᠭᠯᠠᠨ ᠂ ᠲᠥᠪ ᠭᠣᠣᠯᠴᠢ ᠰᠢᠳᠤᠷᠭᠤ ᠶᠣᠰᠣ ᠶᠢ  ᠢᠯᠡ ᠲᠣᠳᠤ  ᠬᠡᠯᠪᠡᠷᠢ ᠪᠡᠷ ᠪᠡᠶᠡᠯᠡᠭᠳᠡᠭᠦᠯᠪᠡ᠃

A ᠬᠡᠷᠡᠭ ᠪᠣᠯᠭᠠᠨ ᠳᠠᠩᠰᠠᠯᠠᠬᠤ ᠨᠡᠶᠢᠲᠡᠯᠡᠬᠦ ᠲᠣᠭᠲᠠᠴᠠ — — ᠵᠠᠷᠭᠤ  ᠪᠠᠢᠪᠠᠯ ᠵᠠᠪᠠᠯ ᠰᠢᠢᠳᠪᠦᠷᠢᠯᠡᠵᠦ᠂ ᠬᠡᠷᠡᠭ ᠪᠠᠶᠢᠪᠠᠯ ᠵᠠᠪᠠᠯ  ᠳᠠᠩᠰᠤᠯᠠᠬᠤ ᠠᠷᠠᠳ ᠤᠯᠠᠨ ᠤ ᠵᠠᠷᠭᠤ ᠬᠢᠬᠦ ᠳᠦ ᠬᠦᠴᠢᠷᠲᠡᠶ ᠪᠠᠶᠢᠬᠤ  ᠶᠢ ᠠᠰᠠᠭᠤᠳᠠᠯ ᠢ ᠰᠢᠶᠳᠪᠦᠷᠢᠯᠡᠶ᠎ᠡ ᠃

2015  ᠤᠨ ᠤ 5 ᠰᠠᠷ᠎ᠠ ᠶᠢᠨ1 ᠤ ᠡᠳᠦᠷ ᠡᠴᠡ ᠡᠬᠢᠯᠡᠵᠦ ᠂ ᠪᠦᠬᠦ ᠤᠯᠤᠰ ᠤᠨ ᠰᠢᠭᠦᠬᠦ ᠬᠣᠷᠢᠶ᠎ᠠ ᠬᠡᠷᠡᠭ ᠪᠣᠯᠭᠠᠨ ᠳᠠᠩᠰᠠᠯᠠᠬᠤ  ᠶᠢ ᠪᠦᠷᠢᠳᠬᠡᠬᠦ ᠳᠦᠷᠢᠮ  ᠢ ᠪᠦᠬᠦ ᠲᠠᠯ᠎ᠠ ᠪᠠᠷ ᠬᠡᠷᠡᠭᠵᠢᠭᠦᠯᠦᠨ᠎ᠡ ᠃

ᠬᠡᠷᠡᠭ ᠪᠣᠯᠭᠠᠨ ᠳᠠᠩᠰᠠᠯᠠᠬᠤ  ᠶᠢ ᠪᠦᠷᠢᠳᠬᠡᠬᠦ ᠳᠦᠷᠢᠮ  ᠢ ᠬᠡᠷᠡᠭᠵᠢᠭᠦᠯᠬᠦ  ᠨᠢ᠂  ᠪᠦᠬᠦ ᠬᠣᠲᠠ ᠶᠢᠨ ᠰᠢᠭᠦᠬᠦ ᠬᠣᠷᠢᠶᠠᠨ ᠤ ᠲᠤᠯᠭᠠᠷᠠᠵᠤ ᠪᠠᠶᠢᠭ᠎ᠠ ᠬᠡᠷᠡᠭ ᠦᠨ ᠲᠣᠭ᠎ᠠ ᠬᠡᠮᠵᠢᠶ᠎ᠡ  ᠶᠢ ᠶᠡᠬᠡ ᠪᠡᠷ ᠨᠡᠮᠡᠭᠳᠡᠵᠦ ᠪᠠᠢᠭ᠎ᠠ ᠥᠷᠢᠰᠥᠯᠳᠦᠭᠡᠨ ᠳᠤ ᠂ ᠬᠡᠷᠡᠭ ᠪᠣᠯᠭᠠᠨ ᠳᠠᠩᠰᠠᠯᠠᠬᠤ ᠳᠦᠷᠢᠮ ᠦᠨ ᠥᠭᠡᠷᠡᠴᠢᠯᠡᠯᠲᠡ ᠲᠣᠭᠲᠠᠭᠤᠨ ᠢᠶᠠᠷ  ᠬᠡᠷᠡᠭᠵᠢᠭᠦᠯᠬᠦ ᠶᠢ ᠦᠨᠡᠨ ᠬᠦ ᠪᠠᠲᠤᠯᠠᠬᠤ ᠶᠢᠨ ᠲᠥᠯᠥᠭᠡ ᠂ ᠬᠣᠲᠠ ᠶᠢᠨ ᠳᠤᠮᠳᠠ ᠵᠡᠷᠭᠡ  ᠶᠢᠨ ᠰᠢᠭᠦᠬᠦ ᠬᠣᠷᠢᠶᠠᠨ  ᠡᠴᠡ ᠬᠤᠳᠠ ᠶᠢᠨ ᠵᠠᠷᠭᠤ  ᠶᠢᠨ ᠦᠢᠯᠡᠴᠢᠯᠡᠭᠡᠨ ᠦ ᠲᠥᠪ ᠪᠠᠶᠢᠭᠤᠯᠵᠤ ᠂ ᠬᠡᠷᠡᠭ ᠪᠣᠯᠭᠠᠨ ᠳᠠᠩᠰᠠᠯᠠᠬᠤ ᠵᠢᠷᠤᠮ ᠢ ᠵᠢᠷᠤᠮᠵᠢᠭᠤᠯᠵᠤ ᠂ ᠬᠤᠳᠠᠯ ᠬᠠᠭᠤᠷᠮᠠᠭ ᠵᠠᠷᠭᠤ ᠬᠢᠭᠰᠡᠨ ᠪᠠ ᠭᠡᠷᠡᠴᠢ ᠪᠠᠷᠢᠮᠲᠠ ᠨᠢ ᠬᠠᠭᠤᠷᠮᠠᠭᠯᠠᠨ ᠵᠣᠬᠢᠶᠠᠭᠰᠠᠨ ᠵᠡᠷᠭᠡ ᠦᠢᠯᠡ ᠠᠵᠢᠯᠯᠠᠭ᠎ᠠ  ᠳᠤ ᠡᠷᠡᠰ ᠴᠣᠬᠢᠯᠲᠠ ᠥᠭᠪᠡ᠃

ᠵᠠᠷᠭᠤ ᠶᠢᠨ ᠦᠢᠯᠡᠴᠢᠯᠡᠭᠡᠨ ᠦ ᠲᠥᠪ ᠦᠨ 《 ᠨᠢᠭᠡ ᠦᠷᠳᠡᠭᠡᠯᠢᠭ 》 ᠦᠢᠯᠡᠴᠢᠯᠡᠭᠡ ᠬᠠᠩᠭᠠᠬᠤ ᠪᠡᠷ ᠵᠣᠷᠢᠯᠭ᠎ᠠ ᠪᠣᠯᠭᠠᠵᠤ ᠂ ᠬᠡᠷᠡᠭ ᠪᠣᠯᠭᠠᠨ ᠳᠠᠩᠰᠠᠯᠠᠬᠤ  ᠳᠠᠩᠰᠠᠯᠠᠯᠲᠠ ᠬᠢᠬᠦ ᠂ ᠵᠠᠭᠠᠯᠳᠤᠯᠭ᠎ᠠ ᠠᠴᠠ ᠡᠮᠦᠨ᠎ᠡ ᠡᠶᠡᠳᠡᠭᠦᠯᠬᠦ ᠂ ᠬᠠᠤᠯᠢ ᠶᠢᠨ ᠲᠤᠰᠢᠶᠠᠯᠲᠠᠨ  ᠢ ᠪᠣᠯᠵᠣᠵᠤ ᠠᠭᠤᠯᠵᠠᠬᠤ ᠪᠠᠷ ᠵᠡᠷᠭᠡ 11 ᠦᠢᠯᠡᠴᠢᠯᠡᠭᠡᠨ  ᠤ ᠴᠣᠩᠬᠣ ᠪᠠᠶᠢᠭᠤᠯᠵᠤ ᠂ ᠲᠤᠰᠬᠠᠶ ᠬᠥᠮᠦᠨ ᠲᠣᠬᠢᠷᠠᠭᠤᠯᠤᠨ ᠬᠠᠷᠢᠭᠤᠴᠠᠭᠤᠯᠵᠤ ᠂ ᠵᠠᠷᠭᠤ ᠬᠢᠬᠦ ᠶᠢ ᠬᠥᠲᠥᠯᠥᠨ ᠵᠢᠯᠤᠭᠤᠳᠪᠠ᠃ ᠵᠠᠷᠭᠤ ᠶᠢᠨ ᠦᠢᠯᠡᠴᠢᠯᠡᠭᠡᠨ ᠦ ᠲᠥᠬᠥᠭᠡᠷᠦᠮᠵᠢ ᠶᠢᠨ ᠲᠡᠭᠦᠯᠳᠡᠷᠵᠢᠭᠦᠯᠵᠦ ᠂ ᠬᠡᠷᠡᠭ ᠦᠨ ᠮᠡᠳᠡᠭᠡ ᠵᠠᠩᠭᠢ ᠶᠢ ᠪᠠᠶᠢᠴᠠᠭᠠᠨ ᠯᠠᠪᠯᠠᠬᠤ ᠮᠠᠰᠢᠨ ᠪᠠᠶᠢᠷᠢᠯᠠᠭᠤᠯᠬᠤ ᠂ ᠬᠠᠤᠯᠢ ᠶᠢᠨ ᠲᠤᠰᠢᠶᠠᠯᠲᠠᠨ  ᠲᠠᠶ ᠠᠭᠤᠯᠵᠠᠪᠠ ᠭᠡᠷ ᠪᠠ ᠲᠤᠬᠠᠶ ᠶᠢᠨ ᠬᠥᠮᠦᠨ ᠤ ᠬᠦᠯᠢᠶᠡᠬᠦ ᠣᠷᠣᠨ ᠂ ᠺᠣᠮᠫᠢᠦ᠋ᠲ᠋ᠧᠷ ᠂ ᠳᠠᠷᠤᠮᠠᠯᠯᠠᠬᠤ ᠹᠠᠺᠰ ᠵᠡᠷᠭᠡ ᠲᠥᠬᠥᠭᠡᠷᠦᠮᠵᠢ ᠶᠢ ᠳᠤᠬᠢᠷᠠᠭᠤᠯᠵᠤ  ᠂ ᠵᠠᠷᠭᠤ ᠶᠢᠨ ᠤᠴᠢᠷ ᠶᠠᠪᠤᠳᠠᠯ ᠰᠢᠶᠳᠪᠦᠷᠢᠯᠡᠬᠦ  ᠳᠤ ᠤᠯᠠᠨ ᠲᠦᠮᠡᠨ ᠳᠦ ᠳᠦᠭᠦᠮ ᠦᠵᠡᠭᠦᠯᠬᠦ  ᠶᠢ ᠵᠤᠷᠢᠪᠠ᠃

ᠨᠢᠳᠤᠨᠤᠨ ᠤ 6 ᠰᠠᠷ᠎ᠠ ᠳᠤ ᠫᠠᠶᠢᠰᠠ ᠡᠯᠭᠦᠨ ᠪᠠᠶᠢᠭᠤᠯᠤᠭᠳᠠᠭᠰᠠᠨ ᠠᠴᠠ ᠨᠠᠰᠢ ᠂ ᠨᠡᠶᠢᠲᠡ ᠡᠯ᠎ᠡ ᠲᠦᠷᠦᠯ ᠦᠨ ᠬᠡᠷᠡᠭ ᠢ 7830 ᠵᠤᠷᠪᠤᠰ ᠲᠥᠪᠯᠡᠷᠡᠭᠦᠯᠦᠨ ᠬᠦᠯᠢᠶᠡᠨ ᠠᠪᠴᠤ  ᠰᠢᠢᠳᠪᠦᠷᠢᠯᠡᠵᠦ ᠂ ᠨᠠᠶᠢᠳᠠᠨ ᠬᠦᠷᠭᠡᠭᠦᠯᠬᠦ ᠬᠠᠤᠯᠢ ᠴᠠᠭᠠᠵᠠ ᠶᠢᠨ ᠪᠢᠴᠢᠭ᠌ ᠬᠠᠷ᠎ᠠ ᠶᠢ 277 ᠬᠤᠪᠢ ᠂ ᠬᠠᠤᠯᠢ ᠴᠠᠭᠠᠵᠠ ᠶᠢᠨ ᠵᠥᠪᠯᠡᠯᠭᠡ   ᠥᠭᠴᠦ ᠬᠠᠷᠢᠭᠤᠯᠲᠠ  ᠥᠭᠭᠦᠭᠰᠡᠨ ᠨᠢ 11535 ᠬᠥᠮᠦᠨ ᠤᠳᠠᠭ᠎ᠠ ᠳᠤ ᠬᠦᠷᠴᠦ ᠂ ᠬᠠᠤᠯᠢ ᠶᠢᠨ ᠲᠤᠰᠢᠶᠠᠯᠲᠠᠨ  ᠢ 312 ᠬᠥᠮᠦᠨ ᠤᠳᠠᠭ᠎ᠠ  ᠬᠠᠪᠰᠤᠷᠤᠨ  ᠠᠭᠤᠯᠵᠠᠭᠤᠯᠪᠠ᠃

B 《 ᠭᠤᠷᠪᠠ  ᠶᠢ ᠢᠯᠡ ᠪᠣᠯᠭᠠᠬᠤ 》ᠲᠠᠪᠴᠠᠩ ᠢ ᠪᠦᠲᠦᠭᠡᠨ ᠪᠠᠢᠭᠤᠯᠤᠨ᠎ᠠ — —ᠲᠠᠰᠤᠯᠤᠨ ᠲᠣᠭᠲᠠᠭᠠᠯᠲᠠ ᠶᠢᠨ ᠪᠢᠴᠢᠭ ᠬᠠᠷ᠎ᠠ ᠶᠢ ᠢᠯᠡ  ᠪᠣᠯᠭᠠᠨ᠎ᠠ

17493  ᠂ ᠡᠨᠡ ᠪᠣᠯ 2015 ᠣᠨ ᠤ ᠪᠦᠬᠦ ᠵᠢᠯ ᠳᠦ ᠂ ᠪᠦᠭᠦ ᠬᠤᠲᠠ ᠶᠢᠨ ᠰᠢᠭᠦᠬᠦ ᠬᠣᠷᠢᠶᠠᠨ ᠡᠴᠡ ᠳᠤᠮᠳᠠᠳᠤ ᠤᠯᠤᠰ ᠤᠨ ᠲᠠᠰᠣᠯᠣᠨ ᠲᠣᠭᠲᠠᠭᠠᠯᠲᠠ ᠶᠢᠨ ᠪᠢᠴᠢᠭ ᠬᠠᠷ᠎ᠠ ᠶᠢᠨ ᠰᠦᠯᠵᠢᠶᠡᠨ ᠳᠡᠭᠡᠷ᠎ᠡ ᠨᠡᠢᠲᠡᠯᠡᠭᠰᠡᠨ ᠲᠠᠰᠤᠯᠤᠨ ᠲᠤᠭᠲᠠᠭᠠᠯᠲᠠ ᠶᠢᠨ ᠪᠢᠴᠢᠭ ᠬᠠᠷ᠎ᠠ ᠤᠨ ᠲᠣᠭ᠎ᠠ ᠪᠣᠯᠤᠨ᠎ᠠ᠃ 18900 ᠂ ᠡᠨᠡ ᠪᠣᠯ 2015 ᠣᠨ ᠤ ᠪᠦᠬᠦ ᠵᠢᠯ ᠳᠦ ᠂ ᠪᠦᠬᠦ ᠬᠣᠲᠠ ᠶᠢᠨ ᠰᠢᠭᠦᠬᠦ ᠬᠣᠷᠢᠶ᠎ᠠ ᠢᠯᠡ ᠪᠡᠷ ᠭᠦᠢᠴᠡᠳᠬᠡᠭᠰᠡᠨ ᠬᠡᠷᠡᠭ ᠦᠨ ᠮᠡᠳᠡᠭᠡ ᠵᠠᠩᠭᠢ  ᠤᠨ ᠲᠣᠭ᠎ᠠ ᠪᠣᠯᠤᠨ᠎ᠠ᠃

2015 ᠣᠨ ᠪᠣᠯᠬᠤ  ᠳᠤ ᠂ ᠪᠦᠬᠦ ᠬᠤᠳᠠ ᠶᠢᠨ ᠰᠢᠭᠦᠬᠦ ᠬᠣᠷᠢᠶ᠎ᠠ ᠰᠢᠭᠦᠨ ᠲᠠᠰᠤᠯᠬᠤ ᠶᠠᠪᠤᠴᠠ ᠶᠢ ᠢᠯᠡ ᠂ ᠲᠠᠰᠤᠯᠤᠨ ᠲᠣᠭᠲᠠᠭᠠᠯᠲᠠ ᠶᠢᠨ  ᠪᠢᠴᠢᠭ᠌ ᠬᠠᠷ᠎ᠠ ᠶᠢ ᠢᠯᠡ ᠂ ᠭᠦᠢᠴᠡᠳᠬᠡᠬᠦ ᠮᠡᠳᠡᠭᠡ ᠵᠠᠩᠭᠢ ᠶᠢ ᠢᠯᠡ ᠭᠡᠬᠦ《 ᠭᠤᠷᠪᠠᠨ ᠶᠡᠬᠡ ᠢᠯᠡ ᠲᠠᠪᠴᠠᠩ 》 ᠢ ᠪᠦᠲᠦᠭᠡᠨ ᠪᠠᠢᠭᠤᠯᠬᠤ ᠪᠡᠷ ᠬᠦᠴᠦᠯᠡᠨ ᠴᠢᠷᠮᠠᠢᠵᠤ ᠂ ᠲᠠᠰᠤᠯᠤᠨ ᠲᠣᠭᠲᠠᠭᠠᠯᠲᠠ ᠶᠢᠨ  ᠪᠢᠴᠢᠭ᠌ ᠬᠠᠷ᠎ᠠ ᠶᠢ ᠢᠨᠲ᠋ᠸᠷ ᠰᠦᠯᠵᠢᠶᠡᠨ ᠳᠦ ᠭᠠᠷᠭᠠᠬᠤ ᠂ ᠴᠢᠬᠤᠯᠠ ᠪᠦᠬᠦᠢ ᠰᠢᠭᠦᠬᠦ ᠪᠠ ᠭᠦᠢᠴᠡᠳᠬᠡᠬᠦ ᠮᠡᠳᠡᠭᠡ ᠵᠠᠩᠭᠢ  ᠶᠢ ᠢᠯᠡ ᠨᠡᠶᠢᠲᠡᠯᠡᠬᠦ ᠵᠡᠷᠭᠡ ᠠᠵᠢᠯ ᠢ ᠢᠳᠡᠪᠬᠢᠲᠠᠢ ᠲᠦᠯᠬᠢᠨ ᠠᠬᠢᠭᠤᠯᠵᠤ᠂ 《  ᠲᠥᠪ ᠭᠣᠣᠯᠴᠢ ᠶᠢ ᠲᠣᠳᠤ ᠪᠣᠯᠭᠠᠬᠤ》 ᠪᠠ 《 ᠦᠷ᠎ᠡ ᠪᠦᠲᠦᠮᠵᠢ ᠶᠢ ᠮᠡᠳᠡᠭᠳᠡᠮ᠎ᠡ ᠲᠦᠷᠭᠡᠨ》 ᠴᠢᠷᠮᠠᠢᠨ ᠪᠡᠶᠡᠯᠡᠭᠦᠯᠦᠨ᠎ᠡ ᠃  ᠲᠤᠭᠠᠴᠢᠯᠠᠭᠰᠠᠨ ᠰᠢᠭᠦᠬᠦ ᠲᠢᠩᠬᠢᠮ  ᠳᠤ ᠲᠦᠰᠢᠭᠯᠡᠨ ᠰᠢᠭᠦᠨ ᠲᠠᠰᠤᠯᠬᠤ ᠠᠵᠢᠯ ᠢ  ᠨᠠᠷᠢᠯᠢᠭᠵᠢᠭᠤᠯᠤᠨ᠂ ᠬᠠᠮᠢᠶᠠᠷᠤᠯᠲᠠ ᠶᠢ ᠨᠢ ᠵᠢᠷᠤᠮᠵᠢᠭᠤᠯᠤᠨ ᠂ ᠰᠢᠭᠦᠨ ᠲᠠᠰᠤᠯᠬᠤ ᠪᠠ ᠭᠦᠢᠴᠡᠳᠬᠡᠬᠦ ᠪᠦᠬᠦ ᠶᠠᠪᠤᠴᠠ ᠳᠤ ᠤᠷᠤᠮ  ᠦᠯᠡᠳᠡᠭᠡᠨ᠂ ᠲᠤᠬᠠᠶ ᠶᠢᠨ ᠴᠠᠭ ᠲᠤ ᠨᠢ ᠬᠢᠨᠠᠯᠲᠠ ᠲᠠᠯᠪᠢᠨ᠎ᠠ ᠃ ᠣᠳᠣᠬᠠᠨ ᠳᠤ ᠂ ᠪᠦᠭᠦ ᠬᠤᠲᠠ ᠶᠢᠨ ᠰᠢᠭᠦᠬᠦ ᠬᠣᠷᠢᠶ᠎ᠠ 64 ᠥᠨᠳᠦᠷ ᠲᠤᠳᠤᠴᠠ ᠲᠠᠢ ᠰᠢᠨᠵᠢᠯᠡᠬᠦ ᠤᠬᠠᠭᠠᠨ ᠮᠡᠷᠭᠡᠵᠢᠯ ᠦᠨ ᠰᠢᠭᠦᠬᠦ ᠲᠢᠩᠬᠢᠮ ᠢ ᠪᠠᠶᠢᠭᠤᠯᠵᠤ ᠂  ᠢᠵᠢᠯ ᠠᠯᠬᠤᠮ ᠢᠶᠡᠷ ᠲᠢᠩᠬᠢᠮ ᠦᠨ ᠰᠢᠭᠦᠯᠲᠡ ᠶᠢᠨ ᠲᠠᠭᠤ ᠳᠦᠷᠰᠦ ᠶᠢ ᠰᠢᠩᠭᠡᠭᠡᠬᠦ ᠂ ᠢᠵᠢᠯ ᠠᠯᠬᠤᠮ ᠢᠶᠡᠷ ᠲᠣᠭ᠎ᠠ ᠪᠠᠷᠢᠮᠲᠠ ᠶᠢ ᠳᠠᠮᠵᠢᠭᠤᠯᠬᠤ᠂  ᠢᠵᠢᠯ ᠠᠯᠬᠠᠮ ᠢᠶᠡᠷ ᠭᠡᠷᠡᠴᠢ ᠪᠠᠷᠢᠮᠲᠠ ᠳᠡᠯᠭᠡᠨ ᠦᠵᠡᠭᠦᠯᠬᠦ  ᠶᠢ ᠪᠡᠶᠡᠯᠡᠭᠦᠯᠦᠭᠰᠡᠨ ᠪᠠᠢᠨ᠎ᠠ ᠃ ᠳᠠᠩᠰᠠ ᠡᠪᠬᠡᠮᠡᠯ ᠤᠨ ᠮᠡᠳᠡᠭᠡ ᠵᠠᠩᠭᠢᠵᠢᠭᠤᠯᠬᠤ ᠪᠥᠳᠥᠭᠡᠨ ᠪᠠᠶᠢᠭᠤᠯᠤᠯᠲᠠ ᠶᠢ ᠴᠢᠩᠭᠠᠳᠬᠠᠵᠤ ᠂ ᠡᠪᠬᠡᠮᠡᠯ ᠳᠠᠩᠰᠠ ᠡᠪᠬᠡᠮᠡᠯ ᠢ ᠡᠯᠧᠺᠲ᠋ᠷᠣᠨ ᠪᠢᠴᠢᠮᠡᠯ ᠪᠣᠯᠭᠠᠬᠤ ᠶᠢ ᠲᠦᠯᠬᠢᠨ ᠠᠬᠢᠭᠤᠯᠵᠤ ᠂ ᠳᠠᠨᠭᠰᠠ ᠡᠪᠬᠡᠮᠡᠯ ᠦᠨ ᠮᠠᠲ᠋ᠧᠷᠢᠶᠠᠯ ᠢ ᠥᠪᠡᠷᠲᠡᠭᠡᠨ ᠦᠵᠡᠬᠦ ᠳᠤ  ᠲᠤᠰᠠᠯᠠᠮᠵᠢ ᠪᠣᠯᠭᠠᠨ᠎ᠠ ᠃

 

C ᠠᠯᠠᠭᠠᠨ ᠳᠡᠭᠡᠷ᠎ᠡ ᠬᠡᠷᠡᠭ ᠰᠢᠶᠳᠪᠦᠷᠢᠯᠡᠬᠦ — —ᠴᠠᠭ ᠣᠷᠣᠨ  ᠤ ᠬᠢᠵᠠᠭᠠᠷᠯᠠᠯ ᠢ ᠢᠯᠠᠵᠤ ᠂ ᠬᠠᠤᠯᠢ  ᠶᠢᠨ ᠲᠤᠰᠢᠶᠠᠯᠲᠠᠨ ᠬᠥᠳᠡᠯᠡᠩᠭᠦᠢ ᠪᠡᠷ ᠬᠡᠷᠡᠭ ᠰᠢᠢᠳᠪᠥᠷᠢᠯᠡᠨ᠎ᠡ

ᠭᠠᠷ ᠤᠲᠠᠰᠤᠨ ᠳᠡᠭᠡᠷ᠎ᠡ ᠰᠢᠭᠦᠬᠦ ᠬᠤᠷᠢᠶᠠᠨ ᠤ ᠰᠤᠷᠠᠭ ᠵᠠᠩᠬᠢ ᠶᠢ ᠬᠦᠯᠢᠶᠡᠨ ᠣᠯᠵᠤ ᠂  ᠬᠥᠳᠡᠯᠡᠩᠭᠦᠢ ᠪᠡᠷ ᠠᠯᠪᠠᠯᠠᠨ᠎ᠠ᠃ ᠭᠠᠷ ᠤᠲᠠᠰᠤᠨ ᠤ ᠪᠠᠶᠢᠷᠢ ᠲᠣᠭᠲᠠᠭᠠᠬᠤ ᠂ ᠰᠡᠭᠦᠳᠡᠷᠯᠡᠬᠦ ᠂ ᠳᠠᠭᠤ ᠳᠦᠷᠰᠦ ᠰᠢᠩᠭᠡᠭᠡᠬᠦ ᠵᠡᠷᠭᠡ ᠴᠢᠳᠠᠪᠤᠷᠢ  ᠶᠢ ᠠᠰᠢᠭᠯᠠᠨ᠂ ᠭᠦᠢᠴᠡᠳᠬᠡᠬᠦ ᠶᠠᠪᠤᠴᠠ ᠳᠤ ᠲᠡᠮᠳᠡᠭᠯᠡᠯ ᠬᠢᠵᠦ ᠂ ᠰᠢᠭᠦᠬᠦ ᠬᠣᠷᠢᠶᠠᠨ ᠤ  ᠭᠦᠢᠴᠡᠳᠬᠡᠬᠦ ᠳᠤ ᠦᠨᠳᠦᠰᠦ ᠪᠠᠷᠢᠮᠲᠠ ᠪᠣᠯᠭᠠᠨ ᠡᠪᠬᠡᠮᠡᠯ ᠳᠦ ᠤᠷᠤᠭᠤᠯᠤᠨ᠎ᠠ ᠃ ᠡᠨᠡ  ᠨᠢ ᠬᠣᠲᠠ ᠶᠢᠨ ᠳᠤᠮᠳᠠ ᠵᠡᠷᠭᠡ  ᠶᠢᠨ ᠰᠢᠭᠦᠬᠦ ᠬᠣᠷᠢᠶᠠᠨ ᠤ ᠬᠠᠤᠯᠢ ᠶᠢᠨ ᠲᠤᠰᠢᠶᠠᠯᠲᠠᠨ ᠤ ᠡᠨᠡ ᠵᠢᠯ ᠦᠨ ᠠᠵᠢᠯ ᠤᠨ ᠳᠤᠮᠳᠠᠬᠢ ᠨᠢᠭᠡ ᠶᠡᠬᠡ  ᠬᠤᠪᠢᠷᠠᠯᠲᠠ ᠪᠣᠯᠤᠨ᠎ᠠ ᠃

ᠤᠷᠳᠤ ᠬᠤᠭᠤᠴᠠᠭᠠᠨ ᠤ ᠲᠤᠷᠰᠢ ᠂ ᠬᠠᠤᠯᠢ ᠶᠢᠨ ᠲᠤᠰᠢᠶᠠᠯᠲᠠᠨ ᠠᠯᠪᠠᠯᠠᠬᠤ ᠭᠠᠵᠠᠷ ᠤᠨ ᠬᠢᠵᠠᠭᠠᠷᠯᠠᠯ ᠡᠴᠡ ᠪᠣᠯᠵᠤ᠂  ᠲᠤᠲᠤᠭᠠᠳᠤ ᠰᠦᠯᠵᠢᠶᠡᠨ ᠦ ᠲᠠᠪᠴᠠᠩ ᠢ  ᠬᠡᠷᠡᠭᠯᠡᠨ ᠠᠯᠪᠠᠨ ᠬᠡᠷᠡᠭ ᠰᠢᠶᠳᠪᠦᠷᠢᠯᠡᠬᠦ  ᠶᠢᠨ ᠠᠷᠭ᠎ᠠ ᠦᠭᠡᠢ ᠪᠠᠢᠯ᠎ᠠ᠃ ᠡᠨᠡ ᠬᠦ ᠠᠰᠠᠭᠤᠳᠠᠯ ᠢ ᠰᠢᠶᠳᠪᠦᠷᠢᠯᠡᠬᠦ ᠶᠢᠨ ᠲᠥᠯᠥᠭᠡ ᠂ ᠬᠣᠲᠠ ᠶᠢᠨ ᠳᠤᠮᠳᠠ ᠵᠡᠷᠭᠡ ᠶᠢᠨ ᠰᠢᠭᠦᠬᠦ  ᠬᠣᠷᠢᠶᠠᠨ ᠡᠴᠡ ᠠᠯᠠᠭᠠᠨ ᠳᠡᠭᠡᠷ᠎ᠡ ᠬᠡᠷᠡᠭ ᠰᠢᠢᠳᠪᠦᠷᠢᠯᠡᠬᠦ ᠰᠤᠹᠲ  ( ᠲᠤᠬᠠᠶᠢᠯᠠᠪᠠᠯ  ᠬᠥᠳᠡᠯᠦᠩᠭᠦᠢ ᠠᠯᠪᠠᠨ ᠬᠡᠷᠡᠭ ᠰᠢᠶᠳᠪᠦᠷᠢᠯᠡᠬᠦ ᠰᠢᠰᠲ᠋ᠧᠮ ) ᠢ ᠭᠠᠷᠭᠠᠵᠤ ᠂ ᠥᠩᠭᠡᠷᠡᠭᠰᠡᠨ ᠦ ᠰᠢᠭᠦᠨ ᠲᠠᠰᠤᠯᠬᠤ ᠪᠠ ᠭᠦᠢᠴᠡᠳᠬᠡᠬᠦ ᠠᠵᠢᠯ ᠢ ᠬᠦᠯᠢᠶᠡᠨ ᠠᠪᠬᠤ ᠴᠠᠭ ᠪᠠ ᠭᠠᠵᠠᠷ ᠣᠷᠣᠨ ᠤ ᠬᠢᠵᠠᠭᠠᠷᠯᠠᠭᠳᠠᠮᠠᠯ ᠴᠢᠨᠠᠷ ᠢ ᠡᠪᠳᠡᠵᠦ ᠂ ᠬᠠᠤᠯᠢ ᠶᠢᠨ ᠲᠤᠰᠢᠶᠠᠯᠲᠠᠨ ᠤ ᠬᠥᠳᠡᠯᠭᠡᠭᠡᠨᠲᠦ  ᠴᠢᠭ᠌ ᠪᠣᠯᠤᠨ ᠰᠢᠭᠦᠬᠦ  ᠬᠣᠷᠢᠶᠠᠨ ᠤ ᠳᠣᠲᠤᠭᠠᠳᠤ ᠶᠢᠨ ᠰᠦᠯᠵᠢᠶᠡᠨ  ᠰᠢᠰᠲ᠋ᠧᠮ  ᠢ ᠬᠣᠯᠪᠤᠵᠤ᠂  ᠬᠥᠳᠡᠯᠦᠩᠭᠦᠢ ᠪᠡᠷ ᠠᠯᠪᠠᠨ ᠬᠡᠷᠡᠭ ᠰᠢᠶᠳᠪᠦᠷᠢᠯᠡᠬᠦ  ᠶᠢ ᠪᠡᠶᠡᠯᠡᠭᠦᠯᠵᠦ  ᠴᠢᠳᠠᠵᠤ ᠂  ᠴᠠᠭ ᠢᠮᠠᠭᠲᠠ ᠬᠡᠷᠡᠭᠵᠢᠭᠦᠯᠬᠦ ᠶᠠᠪᠤᠴᠠ ᠳᠤ ᠲᠡᠮᠳᠡᠭᠯᠡᠯ ᠬᠢᠬᠦ ᠪᠥᠭᠡᠳ ᠪᠤᠰᠤᠳ ᠺᠠᠳ᠋ᠷ ᠴᠠᠭᠳᠠᠭ᠎ᠠ ᠲᠠᠢ ᠬᠠᠷᠰᠢ ᠰᠠᠭᠠᠳ ᠦᠭᠡᠢ ᠮᠡᠳᠡᠭᠡ ᠵᠠᠩᠭᠢ ᠶᠢ ᠬᠠᠮᠲᠤ ᠪᠠᠷ ᠡᠳ᠋ᠯᠡᠬᠦ ᠪᠠ ᠬᠠᠷᠢᠯᠴᠠᠨ  ᠨᠡᠪᠲᠡᠷᠡᠯᠴᠡᠬᠦ ᠶᠢ ᠪᠡᠶᠡᠯᠡᠭᠦᠯᠪᠡ᠃

D ᠪᠢᠴᠢᠯ ᠪᠦᠷᠭᠡ᠂ ᠸᠢᠴᠠᠲ ᠪᠡᠷ ᠲᠢᠩᠬᠢᠮ ᠦᠨ ᠰᠢᠭᠦᠯᠲᠡ ᠶᠢ ᠰᠢᠭᠤᠳ ᠨᠡᠪᠲᠡᠷᠡᠭᠦᠯᠵᠦ — —ᠬᠠᠤᠯᠢ ᠪᠠᠷᠢᠬᠤ ᠶᠢ ᠢᠯᠠ ᠪᠣᠯᠭᠠᠬᠤ ᠶᠢ ᠨᠠᠶᠢᠳᠠᠪᠤᠷᠢᠵᠢᠭᠤᠯᠵᠤ ᠂ ᠬᠠᠤᠯᠢ ᠴᠠᠭᠠᠵᠠ ᠶᠢᠨ ᠶᠡᠷᠦ ᠶᠢᠨ ᠮᠡᠳᠡᠯᠭᠡ ᠶᠢ ᠲᠦᠭᠡᠮᠡᠯᠵᠢᠭᠦᠯᠬᠦ ᠰᠤᠷᠭᠠᠨ ᠬᠥᠮᠦᠵᠢᠯ ᠢ ᠲᠦᠯᠬᠢᠨ ᠠᠬᠢᠭᠤᠯᠤᠨ᠎ᠠ

2015ᠤᠨ ᠤ1 ᠰᠠᠷ᠎ᠠ ᠶᠢᠨ6 ᠤ ᠡᠳᠦᠷ ᠡᠴᠡ1 ᠰᠠᠷ᠎ᠠ ᠶᠢᠨ7 ᠤ ᠡᠳᠦᠷ ᠂ ᠵᠠᠭᠠᠯᠳᠤᠭᠳᠠᠭᠴᠢ  ᠢᠦᠢ ᠼᠢ ᠷᠧᠨ ᠂ ᠬᠠᠨ ᠵᠢᠶᠦ᠋ᠨ ᠢᠩ ᠪᠡᠯᠡ ᠮᠥᠩᠭᠥ ᠴᠤᠭᠯᠠᠭᠤᠯᠤᠨ ᠮᠡᠬᠡᠯᠡᠭᠰᠡᠨ ᠶᠠᠯ᠎ᠠ ᠬᠢᠭᠰᠡᠨ ᠰᠡᠵᠢᠭᠯᠡᠯᠲᠡᠶ ᠬᠡᠷᠡᠭ ᠦᠨ ᠬᠣᠲᠠ ᠰᠢᠭᠦᠬᠦ ᠬᠣᠷᠢᠶᠠᠨ ᠳᠤ ᠢᠯᠡ ᠪᠡᠷ ᠲᠢᠩᠬᠢᠮ ᠨᠡᠭᠡᠭᠡᠨ ᠰᠢᠭᠦᠵᠦ ᠂ 500 ᠭᠠᠷᠤᠶ ᠬᠥᠮᠦᠨ ᠲᠢᠩᠬᠢᠮ ᠦᠨ ᠰᠢᠭᠦᠯᠲᠡ ᠶᠢ ᠰᠤᠯᠠ ᠰᠣᠨᠣᠰᠴᠠᠶ ᠃

2015 ᠤᠨ ᠤ11 ᠰᠠᠷ᠎ᠠ ᠶᠢᠨ19 ᠤ ᠦᠳᠡ ᠶᠢᠨ ᠡᠮᠦᠨ᠎ᠡ ᠂ ᠬᠣᠲᠠ ᠶᠢᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠨᠢᠭᠡᠨ ᠵᠠᠮ ᠬᠠᠷᠢᠯᠴᠠᠭᠠᠨ ᠤ ᠬᠡᠷᠡᠭ  ᠢᠯᠡ ᠰᠢᠭᠦᠪᠡ ᠂ ᠲᠤᠰ ᠬᠡᠷᠡᠭ ᠦᠨ ᠲᠢᠩᠬᠢᠮ ᠦᠨ ᠰᠢᠭᠦᠯᠲᠡ ᠶᠢᠨ ᠪᠥᠬᠥ ᠶᠠᠪᠤᠴᠠ  ᠶᠢ ᠬᠣᠲᠠ ᠶᠢᠨ ᠳᠤᠮᠲᠠ ᠵᠡᠷᠭᠡ  ᠶᠢᠨ ᠰᠢᠭᠦᠬᠦ ᠬᠣᠷᠢᠶᠠᠨ ᠤ ᠠᠯᠪᠠᠨ ᠤ ᠪᠢᠴᠢᠯ ᠪᠦᠷᠭᠡ ‍ ( @鄂尔多斯市法院) ᠂ ᠸᠢᠴᠠᠲ ᠲᠠᠪᠴᠠᠩ ᠳᠡᠭᠡᠷ᠎ᠡ ᠠᠬᠤᠶ ᠪᠠᠶᠢᠳᠠᠯ  ᠢ ᠰᠢᠭᠤᠳ ᠨᠡᠪᠲᠡᠷᠡᠭᠦᠯᠪᠡ᠂ ᠡᠨᠡ ᠨᠢ ᠬᠣᠲᠠ ᠶᠢᠨ ᠳᠤᠮᠳᠠ ᠵᠡᠷᠭᠡ  ᠶᠢᠨ ᠰᠢᠭᠦᠬᠦ ᠬᠣᠷᠢᠶᠠᠨ ᠤ ᠠᠩᠬᠠᠳᠠᠭᠴᠢ ᠤᠳᠠᠭ᠎ᠠ ᠪᠢᠴᠢᠯ ᠪᠦᠷᠭᠡ ᠂ ᠸᠢᠴᠠᠲ  ᠲᠠᠪᠴᠠᠩ  ᠢᠶᠡᠷ  ᠰᠢᠭᠤᠳ ᠨᠡᠪᠲᠡᠷᠡᠭᠦᠯᠪᠡ ᠃

ᠰᠢᠭᠤᠳ ᠨᠡᠪᠲᠡᠷᠡᠭᠦᠯᠬᠦ  ᠬᠤᠭᠤᠴᠠᠭᠠᠨ ᠳᠤ᠂ 52920 ᠲᠦᠮᠡᠨ ᠬᠥᠮᠦᠨ ᠤᠳᠠᠭ᠎ᠠ ᠳᠤ ᠬᠦᠷᠴᠦ ᠂ ᠲᠤᠰ ᠡᠳᠦᠷ ᠦᠨ ᠦᠳᠡ  ᠶᠢᠨ ᠬᠣᠶᠢᠨ᠎ᠠ 18 ᠄ 00 ᠴᠠᠭ ᠪᠣᠯᠲᠠᠯ᠎ᠠ ᠂ ᠪᠢᠴᠢᠯ ᠪᠦᠷᠭᠡ ᠪᠡᠷ ᠳᠠᠮᠵᠢᠭᠤᠯᠵᠤ ᠦᠨᠡᠯᠡᠨ ᠮᠠᠭᠤᠲᠠᠭᠰᠠᠨ ᠨᠢ 200 ᠰᠢᠬᠠᠮ ᠤᠳᠠᠭ᠎ᠠ  ᠬᠦᠷᠴᠦ ᠂ ᠰᠢᠩᠭᠡᠭᠡᠨ  ᠨᠡᠪᠲᠡᠷᠡᠭᠦᠯᠦᠭᠰᠡᠨ  ᠢ ᠦᠵᠡᠭᠰᠡᠨ ᠨᠢ52920 ᠬᠥᠮᠦᠨ ᠤᠳᠠᠭ᠎ᠠ ᠬᠦᠷᠪᠡ ᠃ ᠰᠢᠭᠤᠳ ᠨᠡᠪᠲᠡᠷᠡᠭᠦᠯᠬᠦ  ᠲᠤᠬᠠᠢ ᠶᠢᠨ ᠡᠳᠦᠷ ᠂ ᠬᠣᠲᠠ ᠶᠢᠨ ᠳᠤᠮᠳᠠ ᠵᠡᠷᠭᠡ  ᠶᠢᠨ ᠰᠢᠭᠦᠬᠦ ᠬᠣᠷᠢᠶᠠᠨ ᠤ ᠠᠯᠪᠠᠨ ᠤ ᠪᠢᠴᠢᠯ  ᠪᠦᠷᠭᠡ 4300 ᠭᠠᠷᠤᠢ ᠰᠣᠨᠢᠷᠬᠠᠭᠴᠢᠳ ᠤᠨ ᠲᠣᠭ᠎ᠠ ᠨᠡᠮᠡᠭᠳᠡᠭᠰᠡᠨ ᠪᠠᠶᠢᠨ᠎ᠠ ᠃

 ᠬᠣᠲᠠ ᠶᠢᠨ ᠳᠤᠮᠳᠠ ᠵᠡᠷᠭᠡ  ᠶᠢᠨ ᠰᠢᠭᠦᠬᠦ ᠬᠣᠷᠢᠶ᠎ᠠ ᠪᠣᠯᠤᠭᠰᠠᠨ ᠤ ᠬᠤᠪᠢ ᠪᠠᠷ ᠰᠢᠭᠦᠬᠦ ᠬᠣᠷᠢᠶᠠᠨ ᠤ ᠮᠡᠳᠡᠭᠡ ᠵᠠᠩᠭᠢᠵᠢᠯᠲᠠ ᠶᠢᠨ ᠠᠵᠢᠯ ᠤᠨ ᠬᠡᠯᠪᠡᠷᠢ ᠪᠡᠨ ᠬᠤᠪᠢᠷᠠᠭᠤᠯᠵᠤ ᠲᠡᠰ ᠳᠡᠪᠰᠢᠬᠦ ᠶᠢ ᠠᠬᠢᠭᠤᠯᠵᠤ ᠂ ᠰᠦᠯᠵᠢᠶᠡᠨ ᠦ ᠂ ᠢᠯᠡ ᠲᠣᠳᠤ ᠂  ᠤᠶᠤᠨᠴᠢᠯᠠᠭᠰᠠᠨ 《 ᠤᠶᠤᠨᠲᠤ ᠰᠢᠭᠦᠬᠦ ᠬᠣᠷᠢᠶ᠎ᠠ 》 ᠶᠢᠨ ᠪᠦᠲᠦᠭᠡᠨ ᠪᠠᠢᠭᠤᠯᠤᠯᠲᠠ  ᠪᠡᠷ ᠴᠢᠬᠤᠯᠠ ᠠᠷᠭ᠎ᠠ ᠠᠪᠴᠢᠯ ᠪᠣᠯᠭᠠᠵᠤ ᠂ ᠪᠢᠴᠢᠯ ᠪᠦᠷᠭᠡ᠂ ᠸᠢᠴᠠᠲ ᠪᠡᠷ ᠲᠢᠩᠬᠢᠮ ᠦᠨ ᠰᠢᠭᠦᠯᠲᠡ ᠶᠢ ᠰᠢᠭᠤᠳ ᠨᠡᠪᠲᠡᠷᠡᠭᠦᠯᠵᠦ ᠂ ᠬᠠᠤᠯᠢ ᠪᠠᠷᠢᠬᠤ ᠶᠢ ᠢᠯᠠ ᠪᠣᠯᠭᠠᠬᠤ ᠱᠠᠭᠠᠷᠳᠠᠯᠭ᠎ᠠ  ᠶᠢ ᠨᠠᠢᠳᠠᠪᠤᠷᠢᠵᠢᠭᠤᠯᠵᠤ᠂ ᠤᠯᠠᠨ ᠲᠦᠮᠡᠨ ᠦ ᠪᠠᠶᠢᠳᠠᠯ ᠢ ᠮᠡᠳᠡᠬᠦ ᠡᠷᠬᠡ ᠶᠢ ᠬᠠᠩᠭᠠᠵᠤ ᠂ ᠡᠭᠦᠨ ᠦ ᠬᠠᠮᠲᠤ ᠪᠠᠰᠠ ᠬᠠᠤᠯᠢ ᠴᠠᠭᠠᠵᠠ ᠶᠢᠨ ᠮᠡᠳᠡᠯᠭᠡ ᠶᠢ ᠲᠦᠭᠡᠮᠡᠯᠵᠢᠭᠦᠯᠬᠦ ᠬᠥᠮᠦᠵᠢᠯ ᠤᠨ ᠨᠢᠭᠡᠨ ᠪᠦᠲᠦᠮᠵᠢᠲᠡᠶ ᠠᠷᠭ᠎ᠠ ᠵᠠᠮ ᠮᠥᠨ ᠃

ᠬᠣᠶᠢᠰᠢᠳᠠ  ᠬᠣᠲᠠ ᠶᠢᠨ ᠳᠤᠮᠳᠠ ᠵᠡᠷᠭᠡ  ᠶᠢᠨ ᠰᠢᠭᠦᠬᠦ  ᠬᠣᠷᠢᠶ᠎ᠠ ᠨᠢ ᠰᠦᠯᠵᠢᠶ᠎ᠡ ᠶᠢ ᠤᠯᠠᠨ ᠨᠢᠭᠡ ᠠᠯᠬᠤᠮ ᠠᠰᠢᠭᠯᠠᠨ ᠬᠠᠤᠯᠢ ᠴᠠᠭᠠᠵᠠ ᠶᠢ ᠢᠯᠡ ᠪᠣᠯᠭᠠᠬᠤ ᠶᠢ ᠠᠬᠢᠭᠤᠯᠵᠤ ᠂ ᠪᠢᠴᠢᠯ ᠪᠦᠷᠭᠡ ᠂  ᠸᠢᠴᠠᠲ ᠪᠡᠷ ᠲᠢᠩᠬᠢᠮ ᠦᠨ ᠰᠢᠭᠦᠯᠲᠡ ᠶᠢ ᠰᠢᠭᠤᠳ ᠨᠡᠪᠲᠡᠷᠡᠭᠦᠯᠬᠦ  ᠶᠢ ᠪᠠᠢᠩᠭᠤ ᠪᠣᠯᠭᠠᠨ᠎ᠠ᠃

E ᠰᠦᠯᠵᠢᠶᠡᠨ ᠳᠡᠭᠡᠷ᠎ᠡ ᠬᠠᠤᠯᠢ ᠬᠡᠷᠡᠭᠵᠢᠭᠦᠯᠬᠦ  ᠶᠢ ᠦᠨ᠎ᠡ ᠬᠠᠶᠠᠵᠤ ᠬᠤᠳᠠᠯᠳᠤᠬᠤ  — — ᠬᠠᠤᠯᠢ ᠬᠡᠷᠡᠭᠵᠢᠭᠦᠯᠦᠯᠲᠡ ᠶᠢᠨ ᠦᠨ᠎ᠡ ᠬᠠᠶᠠᠵᠤ ᠬᠤᠳᠠᠯᠳᠤᠬᠤ ᠶᠢ ᠬᠡᠪ ᠦᠨ ᠪᠠᠶᠢᠳᠠᠯ  ᠪᠣᠯᠭᠠᠵᠤ᠂ ᠤᠯᠠᠮᠵᠢᠯᠠᠯᠲᠤ ᠦᠨ᠎ᠡ ᠬᠠᠶᠠᠵᠤ ᠬᠤᠳᠠᠯᠳᠤᠬᠤ  ᠶᠢ ᠣᠨᠴᠠᠭᠠᠶ ᠪᠠᠶᠢᠳᠠᠯ  ᠪᠣᠯᠭᠠᠨ᠎ᠠ

2015 ᠣᠨ ᠪᠣᠯᠬᠤ  ᠳᠤ ᠂ ᠪᠦᠭᠦ ᠬᠤᠲᠠ ᠶᠢᠨ ᠰᠢᠭᠦᠬᠦ ᠬᠣᠷᠢᠶ᠎ᠠ ᠲᠡᠷᠭᠡ ᠂ ᠬᠡᠷ ᠪᠠᠶᠢᠰᠢᠩ ᠤᠨ  ᠬᠥᠷᠦᠩᠭᠡ ᠵᠡᠷᠭᠡ 556  ᠵᠤᠷᠪᠤᠰ ᠦᠨ᠎ᠡ  ᠬᠠᠶᠠᠨ ᠬᠤᠳᠠᠯᠳᠤᠬᠤ ᠡᠳ᠋ ᠢ ᠰᠦᠯᠵᠢᠶᠡᠨ ᠳᠤ ᠭᠠᠷᠭᠠᠵᠤ ᠂  ᠰᠦᠯᠵᠢᠶᠡᠨ ᠳᠡᠭᠡᠷ᠎ᠡ ᠦᠨ᠎ᠡ ᠬᠠᠶᠠᠨ ᠠᠷᠠᠯᠵᠢᠶ᠎ᠠ ᠪᠦᠲᠦᠭᠰᠡᠨ ᠶᠡᠷᠦᠩᠬᠡᠶ ᠲᠣᠭ᠎ᠠ 3493.5 ᠲᠦᠮᠡᠨ ᠲᠥᠭᠥᠷᠢᠭ ᠂ ᠲᠤᠬᠠᠶ ᠶᠢᠨ ᠬᠥᠮᠦᠨ  ᠳᠤ 117.8 ᠲᠦᠮᠡᠨ ᠲᠥᠭᠥᠷᠢᠭ ᠵᠠᠷᠤᠳᠠᠯ ᠠᠷᠪᠢᠯᠠᠵᠤ ᠥᠭᠪᠡ᠃ ᠬᠠᠤᠯᠢ ᠬᠡᠷᠡᠭᠵᠢᠭᠦᠯᠦᠯᠲᠡ ᠶᠢᠨ ᠰᠦᠯᠵᠢᠶᠡᠨ ᠦᠨ᠎ᠡ ᠬᠠᠶᠠᠨ ᠬᠤᠳᠠᠯᠳᠤᠬᠤ ᠨᠢ《 ᠠᠷᠠᠯᠵᠢᠶ᠎ᠠ  ᠪᠦᠲᠦᠬᠦ ᠨᠤᠷᠮ᠎ᠠ ᠨᠢ ᠥᠨᠳᠥᠷ ᠂ ᠦᠨ᠎ᠡ ᠥᠰᠬᠦ ᠨᠤᠷᠮ᠎ᠠ ᠨᠢ ᠥᠨᠳᠥᠷ ᠂ ᠦᠨ᠎ᠡ ᠵᠠᠰᠠᠬᠤ ᠵᠣᠭᠣᠰ  ᠵᠠᠷᠤᠬᠤ ᠦᠭᠡᠢ᠂ ᠢᠯᠡ ᠲᠣᠳᠣ ᠂ ᠠᠩᠬᠠᠷᠬᠤ ᠬᠥᠮᠦᠨ ᠤᠯᠠᠨ》 ᠵᠡᠷᠭᠡ ᠳᠠᠪᠠᠭᠤᠯᠢᠭ ᠲᠠᠯ᠎ᠠ ᠨᠢ ᠨᠢᠭᠡᠨᠲᠡ ᠢᠯᠡᠷᠡᠨ ᠭᠠᠷᠴᠠᠶ ᠃ ᠳᠠᠷᠠᠭᠠᠴᠢ  ᠶᠢᠨ ᠠᠯᠬᠤᠮ ᠳᠤ ᠂ ᠪᠦᠭᠦ ᠬᠤᠲᠠ ᠶᠢᠨ ᠰᠢᠭᠦᠬᠦ ᠬᠣᠷᠢᠶ᠎ᠠ《  ᠰᠦᠯᠵᠢᠶᠡᠨ ᠳᠡᠭᠡᠷ᠎ᠡ ᠦᠨ᠎ᠡ ᠬᠠᠶᠠᠨ ᠬᠤᠳᠠᠯᠳᠤᠬᠤ ᠶᠢ ᠬᠡᠪ ᠦᠨ ᠪᠠᠶᠢᠳᠠᠯ ᠪᠣᠯᠭᠠᠬᠤ 》 ᠱᠠᠭᠠᠷᠳᠠᠯᠭ᠎ᠠ ᠶᠢ ᠡᠷᠡᠰ ᠲᠤᠤᠱᠯᠠᠭᠤᠯᠤᠨ ᠨᠠᠶᠢᠳᠠᠪᠤᠷᠢᠵᠢᠭᠤᠯᠵᠤ ᠂ ᠵᠣᠩᠬᠢᠯᠠᠬᠤ ᠬᠡᠰᠡᠭ ᠦᠨ᠎ᠡ ᠬᠠᠶᠠᠵᠤ ᠬᠤᠳᠠᠯᠳᠤᠬᠤ ᠬᠡᠷᠡᠭ ᠨᠢ ᠴᠥᠮ ᠲᠤᠤ ᠪᠦᠦ ᠰᠦᠯᠵᠢᠶᠡᠨ ᠳᠡᠭᠡᠷ᠎ᠡ ᠭᠠᠷᠭᠠᠨ ᠦᠨ᠎ᠡ ᠬᠠᠶᠠᠵᠤ ᠬᠤᠳᠠᠯᠳᠤᠬᠤ ᠪᠣᠯᠭᠠᠵᠤ ᠂ ᠪᠦᠬᠦ ᠬᠣᠲᠠ  ᠶᠢᠨ ᠬᠠᠤᠯᠢ  ᠬᠡᠷᠡᠭᠵᠢᠭᠦᠯᠦᠯᠲᠠ  ᠶᠢᠨ ᠰᠦᠯᠵᠢᠶᠡᠨ ᠳᠡᠭᠡᠷ᠎ᠡ ᠦᠨ᠎ᠡ ᠬᠠᠶᠠᠵᠤ ᠬᠤᠳᠠᠯᠳᠤᠬᠤ ᠠᠵᠢᠯ ᠤᠨ ᠰᠢᠨ᠎ᠡ ᠪᠠᠶᠢᠳᠠᠯ ᠢ ᠪᠤᠢ ᠪᠣᠯᠭᠠᠬᠤ ᠬᠡᠷᠡᠭᠲᠡᠶ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )