ᠣᠷᠳᠤᠰ ᠬᠣᠲᠠ ᠶᠢᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠨᠠᠶᠮᠠᠨ ᠵᠦᠢᠯ ᠤᠨ ᠪᠤᠲᠠᠲᠠᠢ ᠠᠷᠭ᠎ᠠ ᠪᠠᠷᠢᠯ ᠳᠤᠷᠠᠳᠤᠨ《 ᠭᠦᠢᠴᠡᠳᠬᠡᠬᠦ ᠵᠢᠯ》 ᠲᠤᠰᠬᠠᠢ ᠲᠥᠷᠦᠯ ᠤᠨ ᠠᠵᠢᠯ ᠢ ᠬᠢᠨᠠᠮᠠᠭᠠᠢ ᠦᠷᠨᠢᠭᠦᠯᠪᠡ
2016.03.04 ᠲᠣᠰ ᠥᠷᠲᠡᠭᠡᠨ ᠦ ᠨᠠᠢᠷᠠᠭᠤᠯᠤᠭᠴᠢ

《 ᠭᠦᠢᠴᠡᠳᠬᠡᠬᠦ ᠵᠢᠯ 》 ᠲᠤᠰᠬᠠᠶ ᠠᠵᠢᠯᠯᠠᠭ᠎ᠠ ᠶᠢ ᠬᠢᠨᠠᠮᠠᠭᠠᠢ ᠪᠠᠢᠷᠠᠯᠠᠭᠤᠯᠤᠨ᠂ ᠠᠵᠢᠯᠯᠠᠭ᠎ᠠ  ᠶᠢᠨ ᠯᠠᠪᠳᠠᠭᠤᠨ ᠪᠠᠲᠤᠲᠠᠶ ᠪᠥᠭᠡᠳ ᠪᠦᠲᠦᠮᠵᠢᠲᠡᠶ  ᠦᠷᠨᠢᠭᠦᠯᠬᠦ  ᠶᠢ ᠦᠨᠡᠨ ᠬᠦ  ᠪᠠᠲᠤᠯᠠᠬᠤ ᠶᠢᠨ ᠲᠤᠰᠠᠳᠠ ᠂ 3 ᠰᠠᠷ᠎ᠠ  ᠶᠢᠨ 1  ᠦ ᠦᠳᠡ ᠶᠢᠨ ᠡᠮᠦᠨ᠎ᠡ ᠂ ᠣᠷᠳᠣᠰ ᠬᠣᠲᠠ ᠶᠢᠨ ᠠᠷᠠᠳ ᠤᠨ ᠳᠤᠮᠳᠠ ᠵᠡᠷᠭᠡ  ᠶᠢᠨ ᠰᠢᠭᠦᠬᠦ ᠬᠣᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ( ᠥᠷᠭᠡᠳᠬᠡᠭᠰᠡᠨ ) ᠬᠤᠷᠠᠯ  ᠬᠤᠷᠠᠯᠳᠤᠭᠤᠯᠪᠠ ᠃ ᠬᠤᠷᠠᠯᠳᠤᠭᠠᠨ ᠠᠴᠠ ᠪᠦᠬᠦ ᠣᠷᠣᠨ ᠤ ᠰᠢᠭᠦᠬᠦ ᠬᠣᠷᠢᠶᠠᠨ ᠤ 《 ᠭᠦᠢᠴᠡᠳᠬᠡᠬᠦ ᠵᠢᠯ 》 ᠲᠤᠰᠬᠠᠶ ᠠᠵᠢᠯ ᠤᠨ ᠲᠠᠢᠢᠴᠢᠯᠠᠯᠳᠠ ᠶᠢᠨ ᠶᠡᠬᠡ ᠬᠤᠷᠠᠯ ᠵᠢᠴᠢ ᠪᠥᠬᠥ ᠣᠷᠣᠨ  ᠤ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠳᠠᠷᠤᠭ᠎ᠠ ᠨᠠᠷ ᠤᠨ ᠬᠤᠷᠠᠯᠳᠤᠭᠠᠨ ᠵᠣᠷᠢᠭ ᠰᠠᠨᠠᠭ᠎ᠠ ᠶᠢ ᠬᠢᠨᠠᠮᠠᠭᠠᠢ ᠰᠤᠷᠤᠯᠴᠠᠨ ᠳᠠᠮᠵᠢᠭᠤᠯᠵᠤ ᠂ ᠡᠭᠦᠨ ᠤ ᠬᠠᠮᠲᠤ ᠬᠤᠷᠠᠯ ᠤᠨ ᠵᠣᠷᠢᠭ ᠰᠠᠨᠠᠭ᠎ᠠ ᠶᠢ ᠬᠡᠷᠬᠢᠨ ᠪᠣᠳᠠᠲᠤ ᠪᠠᠶᠢᠳᠠᠯ ᠲᠠᠶ ᠪᠠᠨ ᠤᠶᠠᠯᠳᠤᠭᠤᠯᠤᠨ ᠲᠤᠤᠱᠯᠠᠭᠤᠯᠤᠨ ᠨᠠᠶᠢᠳᠠᠪᠤᠷᠢᠵᠢᠭᠤᠯᠬᠤ ᠲᠤᠬᠠᠢ ᠪᠣᠳᠠᠲᠠᠶ ᠠᠷᠭ᠎ᠠ ᠬᠡᠮᠵᠢᠶ᠎ᠡ ᠳᠤᠷᠠᠳᠴᠤ ᠭᠠᠷᠭᠠᠪᠠ ᠃ ᠬᠤᠷᠠᠯᠳᠤᠭᠠᠨ ᠢ  ᠬᠣᠲᠠ ᠶᠢᠨ ᠳᠤᠮᠳᠠ  ᠵᠡᠷᠭᠡ  ᠶᠢᠨ ᠰᠢᠭᠦᠬᠦ ᠬᠣᠷᠢᠶᠠᠨ ᠤ ᠪᠠᠶᠢᠩᠭᠤ ᠶᠢᠨ ᠳᠡᠳ᠋ ᠳᠠᠷᠤᠭ᠎ᠠ ᠼᠠᠩ ᠵᠢᠶᠠᠨ ᠫᠢᠩ ᠡᠷᠬᠢᠯᠡᠵᠦ ᠂ ᠰᠢᠭᠦᠬᠦ ᠬᠣᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ ᠂ ᠬᠤᠷᠢᠶᠠᠨ ᠳᠠᠷᠤᠭ᠎ᠠ ᠶᠢᠨ ᠲᠤᠰᠠᠯᠠᠭᠴᠢ ᠂ ᠭᠦᠢᠴᠡᠳᠬᠡᠬᠦ ᠲᠣᠪᠴᠢᠶᠠᠨ ᠤ ᠲᠣᠪᠴᠢᠶᠠᠨ ᠳᠠᠷᠤᠭ᠎ᠠ ᠂ ᠭᠦᠢᠴᠡᠳᠬᠡᠬᠦ  ᠬᠣᠶᠠᠳᠤᠭᠠᠷ ᠲᠣᠪᠴᠢᠶᠠᠨ ᠤ ᠲᠣᠪᠴᠢᠶᠠᠨ ᠳᠠᠷᠤᠭ᠎ᠠ ᠬᠤᠷᠠᠯ ᠳᠤ ᠣᠷᠣᠯᠴᠠᠵᠠᠶ ᠃

ᠬᠤᠷᠠᠯᠳᠤᠭᠠᠨ  ᠠᠴᠠ ᠵᠢᠭᠠᠵᠤ ᠭᠠᠷᠭᠠᠭᠰᠠᠨ ᠨᠢ ᠂ ᠨᠠᠶᠮᠠᠨ ᠪᠣᠳᠠᠲᠠᠶ ᠠᠷᠭ᠎ᠠ ᠬᠡᠮᠵᠢᠶ᠎ᠡ ᠪᠡᠷ ᠳᠠᠮᠵᠢᠭᠤᠯᠤᠨ ᠪᠦᠬᠦ ᠣᠷᠣᠨ ᠤ ᠰᠢᠭᠦᠬᠦ ᠬᠣᠷᠢᠶᠠᠨ ᠤ 《 ᠭᠦᠢᠴᠡᠳᠬᠡᠬᠦ ᠵᠢᠯ 》 ᠲᠤᠰᠬᠠᠶ ᠠᠵᠢᠯᠯᠠᠭ᠎ᠠ  ᠶᠢᠨ ᠳᠠᠶᠢᠴᠢᠯᠠᠯᠲᠠ  ᠶᠢᠨ ᠶᠡᠬᠡ ᠬᠤᠷᠠᠯ ᠤᠨ ᠵᠣᠷᠢᠭ ᠰᠠᠨᠠᠭ᠎ᠠ ᠶᠢ ᠰᠠᠶᠢᠲᠤᠷ ᠲᠤᠤᠱᠯᠠᠭᠤᠯᠤᠨ ᠨᠠᠶᠢᠳᠠᠪᠤᠷᠢᠵᠢᠭᠤᠯᠬᠤ ᠬᠡᠷᠡᠭᠲᠡᠶ ᠄

ᠨᠢᠭᠡ ᠳᠦ᠂ ᠪᠦᠬᠦ ᠬᠣᠲᠠ ᠶᠢᠨ ᠰᠢᠭᠦᠬᠦ ᠬᠣᠷᠢᠶᠠᠨ ᠤ 《 ᠭᠦᠢᠴᠡᠳᠬᠡᠬᠦ ᠵᠢᠯ 》 ᠲᠤᠰᠬᠠᠶ ᠠᠵᠢᠯᠯᠠᠭ᠎ᠠ  ᠶᠢᠨ ᠳᠠᠶᠢᠴᠢᠯᠠᠯᠲᠠ  ᠶᠢᠨ ᠶᠡᠬᠡ ᠬᠤᠷᠠᠯ ᠢ ᠴᠠᠭ ᠲᠤᠬᠠᠶ ᠳᠤᠨᠢ ᠬᠤᠷᠠᠯᠳᠤᠭᠤᠯᠵᠤ ᠂ 《 ᠭᠦᠢᠴᠡᠳᠬᠡᠬᠦ ᠳᠦ ᠵᠢᠯ 》  ᠤᠨ ᠲᠤᠰᠬᠠᠶ ᠵᠦᠢᠯ  ᠤᠨ ᠠᠵᠢᠯᠯᠠᠭ᠎ᠠ ᠶᠢ ᠲᠣᠬᠢᠷᠠᠭᠤᠯᠤᠨ ᠪᠠᠶᠢᠷᠢᠯᠠᠭᠤᠯᠵᠤ ᠂ ᠲᠤᠰᠬᠠᠶ ᠵᠦᠢᠯ  ᠤᠨ ᠠᠵᠢᠯᠯᠠᠭ᠎ᠠ ᠶᠢ ᠯᠠᠪᠳᠠᠭᠤᠨ ᠪᠠᠲᠤᠲᠠᠶ  ᠦᠷᠨᠢᠭᠦᠯᠬᠦ ᠶᠢ ᠦᠨᠡᠨ ᠬᠦ ᠪᠠᠲᠤᠯᠠᠬᠤ ᠬᠡᠷᠡᠭᠲᠡᠶ ᠃ ᠭᠦᠢᠴᠡᠳᠬᠡᠬᠦ ᠬᠡᠷᠡᠭ ᠢ ᠲᠤᠰᠬᠠᠢ ᠬᠢᠨᠠᠨ ᠪᠠᠢᠴᠠᠭᠠᠵᠤ  ᠲᠢᠭᠯᠡᠬᠦ ᠠᠵᠢᠯ ᠢ ᠳᠠᠷᠤᠶ ᠲᠦᠷᠭᠡᠨ ᠭᠠᠷᠳ᠋ᠠᠨ  ᠬᠢᠵᠦ ᠂ ᠭᠦᠢᠴᠡᠳᠬᠡᠭᠡᠲᠦᠢ ᠬᠡᠷᠡᠭ ᠤᠨ ᠰᠠᠭᠤᠷᠢ ᠲᠣᠭ᠎ᠠ ᠶᠢ ᠲᠣᠳᠣᠷᠬᠠᠶ ᠣᠶᠢᠯᠠᠭᠠᠵᠤ ᠂ ᠲᠦ᠋ᠷᠦᠯ ᠬᠤᠪᠢᠶᠠᠨ ᠡᠮᠬᠢᠯᠡᠨ ᠂ ᠰᠢᠢᠳᠪᠦᠷᠢᠯᠡᠬᠦ  ᠴᠢᠬᠤᠯᠠᠲᠠᠢ ᠠᠰᠠᠭᠤᠳᠠᠯ ᠢ ᠲᠥᠪᠯᠡᠷᠡᠭᠦᠯᠦᠨ ᠴᠤᠭᠯᠠᠭᠤᠯᠵᠤ᠂ ᠳᠠᠢᠴᠢᠯᠠᠯᠲᠠ ᠶᠢᠨ ᠶᠡᠬᠡ ᠬᠤᠷᠠᠯ ᠤᠨ ᠪᠡᠯᠡᠳᠬᠡᠯ ᠠᠵᠢᠯ ᠢ ᠰᠠᠢᠲᠤᠷ ᠬᠢᠵᠦ᠂ ᠬᠤᠷᠠᠯ ᠢᠶᠡᠷ ᠳᠠᠮᠵᠢᠭᠤᠯᠤᠨ ᠡᠭᠦᠷᠭᠡ ᠬᠠᠷᠠᠯᠲᠠ ᠪᠡᠨ ᠤᠯᠠᠮ ᠨᠢᠬᠡ ᠠᠯᠬᠤᠮ ᠲᠣᠳᠤᠷᠠᠭᠤᠯᠵᠤ᠂ ᠠᠵᠢᠯ ᠡᠭᠦᠷᠭᠡ ᠶᠢᠨ ᠨᠠᠢᠳᠠᠪᠤᠷᠢᠵᠢᠬᠤ ᠶᠢ ᠴᠢᠩᠭ᠎ᠠ ᠪᠠᠷᠢᠬᠤ ᠬᠡᠷᠡᠭᠲᠠᠢ ᠃

 

ᠬᠣᠶᠠᠷ ᠲᠤ 《 ᠭᠦᠢᠴᠡᠳᠬᠡᠬᠦ ᠵᠢᠯ 》 ᠲᠤᠰᠬᠠᠶ ᠠᠵᠢᠯᠯᠠᠭ᠎ᠠ  ᠶᠢᠨ ᠤᠳᠤᠷᠢᠳᠬᠤ ᠳᠤᠭᠤᠶᠢᠯᠠᠩ ᠢ ᠪᠠᠢᠭᠤᠯᠤᠨ᠂ 《 ᠭᠦᠢᠴᠡᠳᠬᠡᠬᠦ ᠵᠢᠯ 》  ᠦᠨ ᠲᠤᠰᠬᠠᠶ ᠵᠦᠢᠯ  ᠤᠨ ᠠᠵᠢᠯᠯᠠᠭ᠎ᠠ  ᠢ ᠪᠦᠬᠦ ᠲᠠᠯ᠎ᠠ ᠪᠠᠷ ᠵᠢᠯᠣᠭᠣᠳᠬᠤ ᠂ ᠵᠤᠬᠢᠴᠠᠭᠤᠯᠵᠤ᠂ ᠬᠢᠨᠠᠨ ᠬᠠᠮᠢᠶᠠᠷᠬᠤ ᠵᠢᠴᠢ ᠤᠬᠠᠭᠤᠯᠭ᠎ᠠ ᠶᠢᠨ ᠮᠡᠳᠡᠭᠡᠯᠡᠯ  ᠢ ᠬᠠᠷᠢᠭᠤᠴᠠᠨ᠎ᠠ ᠃ ᠤᠳᠤᠷᠢᠳᠬᠤ ᠳᠤᠭᠤᠶᠢᠯᠠᠩ  ᠤᠨ ᠳᠣᠣᠷ᠎ᠠ ᠠᠯᠪᠠᠨ ᠭᠡᠷ ᠪᠠᠶᠢᠭᠤᠯᠵᠤ ᠂《 ᠭᠦᠢᠴᠡᠳᠬᠡᠬᠦ ᠵᠢᠯ 》 ᠲᠤᠰᠬᠠᠶ ᠠᠵᠢᠯᠯᠠᠭ᠎ᠠ ᠡᠳᠦᠷ ᠲᠤᠳᠤᠮ ᠤᠨ ᠠᠵᠢᠯ ᠢ ᠬᠠᠷᠢᠭᠤᠴᠠᠨ  ᠪᠠᠢᠷᠢᠯᠠᠭᠤᠯᠵᠤ᠂ ᠬᠢᠨᠠᠯᠲᠠ ᠲᠠᠯᠪᠢᠨ ᠵᠣᠬᠢᠴᠠᠭᠤᠯᠬᠤ ᠬᠡᠷᠡᠭᠲᠡᠶ ᠃ ᠬᠣᠷᠢᠶᠠᠨ ᠤ ᠤᠳᠤᠷᠢᠳᠤᠯᠭ᠎ᠠ ᠶᠢᠨ ᠬᠡᠰᠡᠭᠯᠡᠨ ᠳᠠᠭᠠᠭᠠᠴᠢᠯᠠᠭᠰᠠᠨ ᠬᠠᠷᠢᠭᠤᠴᠠᠬᠤ ᠳᠦᠷᠢᠮ ᠢ  ᠬᠡᠷᠡᠭᠵᠢᠭᠦᠯᠵᠦ᠂ ᠡᠯ᠎ᠡ ᠬᠣᠷᠢᠶᠠᠨ ᠤ ᠤᠳᠤᠷᠢᠳᠤᠯᠭ᠎ᠠ  ᠬᠡᠰᠡᠭᠯᠡᠨ ᠳᠠᠭᠠᠴᠢᠯᠠᠭᠰᠠᠨ ᠢᠶᠡᠨ ᠰᠠᠢᠲᠤᠷ  ᠬᠠᠷᠢᠭᠤᠴᠠᠵᠤ ᠂ ᠦᠨᠳᠦᠰᠦᠨ ᠱᠠᠲᠤᠨ ᠤ ᠰᠢᠭᠦᠬᠦ  ᠬᠣᠷᠢᠶᠠᠨ ᠤ《 ᠭᠦᠢᠴᠡᠳᠬᠡᠬᠦ ᠵᠢᠯ 》ᠲᠤᠰᠬᠠᠶ ᠠᠵᠢᠯᠯᠠᠭ᠎ᠠ  ᠦᠷᠨᠢᠭᠦᠯᠬᠦ ᠶᠢ ᠵᠢᠯᠤᠭᠤᠳᠴᠤ ᠂ ᠠᠵᠢᠯ ᠤᠨ ᠪᠣᠳᠠᠲᠤ ᠠᠮᠵᠢᠯᠲᠠ ᠤᠯᠬᠤ ᠶᠢ ᠲᠦᠯᠬᠢᠨ  ᠠᠬᠢᠭᠤᠯᠤᠨ᠎ᠠ᠃

ᠭᠤᠷᠪᠠ ᠳᠤ ᠂ ᠪᠦᠬᠦ ᠬᠣᠲᠠ ᠶᠢᠨ ᠰᠢᠭᠦᠬᠦ ᠬᠣᠷᠢᠶᠠᠨ ᠤ 《 ᠭᠦᠢᠴᠡᠳᠬᠡᠬᠦ ᠵᠢᠯ 》 ᠲᠤᠰᠬᠠᠶ ᠠᠵᠢᠯᠯᠠᠭ᠎ᠠ ᠶᠢ ᠦᠷᠨᠢᠭᠦᠯᠬᠦ ᠲᠥᠰᠦᠯ  ᠭᠠᠷᠭᠠᠵᠤ᠂ 《 ᠭᠦᠢᠴᠡᠳᠬᠡᠬᠦ ᠵᠢᠯ 》 ᠡᠯ᠎ᠡ ᠵᠦᠢᠯ ᠤᠨ ᠠᠵᠢᠯ ᠤᠷᠤᠭᠰᠢᠲᠠᠢ ᠶᠠᠪᠤᠭᠳᠠᠬᠤ ᠶᠢ ᠪᠠᠲᠤᠯᠠᠨ᠎ᠠ᠃

ᠲᠦᠷᠪᠡ ᠳᠦ ᠂ ᠪᠦᠬᠦ ᠬᠣᠲᠠ  ᠶᠢᠨ ᠬᠣᠶᠠᠷ ᠱᠠᠲᠤᠨ ᠤ ᠰᠢᠭᠦᠬᠦ ᠬᠣᠷᠢᠶᠠᠨ ᠤ 《 ᠭᠦᠢᠴᠡᠳᠬᠡᠬᠦ ᠠᠵᠢᠯ ᠤᠨ ᠶᠠᠪᠤᠴᠠ ᠶᠢᠨ ᠬᠠᠮᠢᠶᠠᠷᠤᠯᠲᠠ ᠶᠢᠨ ᠳᠦᠷᠢᠮᠵᠢᠯ 》 ᠢ ᠭᠠᠷᠭᠠᠵᠤ ᠂ ᠭᠦᠢᠴᠡᠳᠬᠡᠬᠦ ᠠᠵᠢᠯ ᠤᠨ  ᠵᠢᠷᠤᠮᠵᠢᠬᠤ᠂  ᠳᠥᠷᠢᠮᠵᠢᠬᠦ ᠪᠠᠶᠢᠭᠤᠯᠤᠯᠲᠠ ᠶᠢ ᠴᠢᠩᠭ᠋ᠠᠳᠬᠠᠨ᠎ᠠ ᠃

ᠲᠠᠪᠤ ᠳᠤ᠂ ᠭᠦᠢᠴᠡᠳᠬᠡᠬᠦ ᠶᠢ ᠵᠢᠯᠣᠭᠣᠳᠬᠤ ᠲᠥᠪ ᠦᠨ ᠬᠠᠲᠠᠭᠤ ᠬᠡᠷᠡᠭᠰᠡᠯ ᠵᠢᠴᠢ ᠡᠯ᠎ᠡ ᠵᠦᠢᠯ ᠦᠨ ᠴᠢᠳᠠᠪᠤᠷᠢ  ᠶᠢ ᠲᠣᠬᠢᠷᠠᠭᠤᠯᠬᠤ ᠠᠵᠢᠯ ᠢ ᠪᠦᠬᠦ ᠲᠠᠯ᠎ᠠ ᠪᠠᠷ   ᠲᠡᠭᠦᠯᠳᠡᠷᠵᠢᠭᠦᠯᠵᠦ ᠂ ᠵᠢᠯᠣᠭᠣᠳᠬᠤ ᠲᠥᠪ ᠵᠢᠴᠢ ᠪᠠᠶᠢᠴᠠᠭᠠᠨ ᠡᠵᠡᠮᠳᠡᠬᠦ ᠲᠠᠰᠤᠭ ᠪᠠᠶᠢᠭᠤᠯᠤᠯᠲᠠ  ᠶᠢ ᠪᠡᠯᠡᠭᠦᠯᠵᠦ᠂ ᠭᠦᠢᠴᠡᠳᠬᠡᠬᠦ ᠠᠵᠢᠯ ᠤᠨ ᠮᠡᠳᠡᠭᠡ ᠵᠠᠩᠭᠢᠵᠢᠯᠲᠠ ᠶᠢᠨ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠎ᠡ ᠃

ᠵᠢᠷᠭᠤᠭ᠎ᠠ ᠳᠤ᠂ ᠭᠦᠢᠴᠡᠳᠬᠡᠬᠦ ᠡᠩᠨᠡᠭᠡᠨ  ᠤ ᠪᠠᠶᠢᠭᠤᠯᠤᠯᠲᠠ ᠶᠢ ᠴᠢᠩᠭᠠᠳᠬᠠᠵᠤ ᠂ ᠥᠨᠳᠥᠷ ᠬᠡᠪ ᠴᠢᠨᠠᠷ ᠪᠦᠬᠦᠢ ᠬᠠᠤᠯᠢ ᠶᠢᠨ ᠲᠤᠰᠢᠶᠠᠯᠲᠠᠨ  ᠢ ᠰᠢᠯᠵᠢᠭᠦᠯᠦᠨ ᠡᠩᠨᠡᠭᠡ ᠶᠢ ᠲᠡᠭᠦᠯᠳᠡᠷᠵᠢᠭᠦᠯᠵᠦ ᠂ ᠬᠡᠷᠡᠭᠵᠢᠭᠦᠯᠬᠦ ᠡᠩᠨᠡᠭᠡᠨ ᠦ ᠪᠦᠬᠦᠯᠢ ᠴᠣᠭᠴᠠ ᠶᠢᠨ ᠬᠡᠪ ᠴᠢᠨᠠᠷ ᠢ ᠳᠡᠭᠡᠭᠰᠢᠯᠡᠭᠦᠯᠬᠦ ᠬᠡᠷᠡᠭᠲᠡᠶ ᠃

ᠲᠤᠯᠤᠭ᠎ᠠ ᠳᠤ ᠂ ᠴᠠᠭ ᠲᠤᠬᠠᠶ ᠳᠤᠨᠢ ᠲᠤᠬᠠᠶ ᠶᠢᠨ ᠭᠠᠵᠠᠷ ᠤᠨ ᠨᠠᠮ ᠤᠨ ᠬᠣᠷᠢᠶᠠᠨ ᠳᠤ ᠪᠦᠬᠦ ᠣᠷᠣᠨ  ᠤ 《 ᠭᠦᠢᠴᠡᠳᠬᠡᠬᠦ ᠵᠢᠯ 》 ᠲᠤᠰᠬᠠᠶ ᠠᠵᠢᠯᠯᠠᠭ᠎ᠠ  ᠶᠢᠨ ᠳᠠᠶᠢᠴᠢᠯᠠᠯᠲᠠ  ᠶᠢᠨ ᠶᠡᠬᠡ ᠬᠤᠷᠠᠯ ᠤᠨ ᠵᠣᠷᠢᠭ ᠰᠠᠨᠠᠭ᠎ᠠ ᠬᠡᠷᠢᠭᠤ ᠮᠡᠳᠡᠭᠦᠯᠵᠦ ᠂ ᠣᠳᠣᠬᠠᠨ ᠤ ᠮᠠᠨ ᠤ ᠬᠤᠲᠠ ᠶᠢᠨ ᠰᠢᠭᠦᠬᠦ ᠬᠣᠷᠢᠶᠠᠨ ᠤ ᠭᠦᠢᠴᠡᠳᠬᠡᠬᠦ ᠠᠵᠢᠯ ᠤᠨ ᠳᠤᠮᠳᠠ ᠰᠢᠶᠳᠪᠦᠷᠢᠯᠡᠬᠦ ᠴᠢᠬᠤᠯᠠ ᠲᠠᠶ ᠬᠦᠴᠢᠷᠳᠡᠯ ᠪᠣᠯᠤᠨ ᠠᠰᠠᠭᠤᠳᠠᠯ ᠳᠤ ᠬᠠᠷᠢᠭᠤ ᠮᠡᠳᠡᠭᠦᠯᠦᠯᠲᠡ ᠬᠢᠵᠦ ᠂ ᠨᠠᠮ ᠤᠨ ᠬᠣᠷᠢᠶᠠᠨ ᠤ ᠳᠡᠮᠵᠢᠯᠭᠡ ᠶᠢ ᠣᠯᠵᠤ ᠂ ᠠᠵᠢᠯ ᠤᠨ ᠠᠬᠢᠴᠠ ᠶᠢ ᠲᠦᠯᠬᠢᠨ ᠠᠬᠢᠭᠤᠯᠬᠤ ᠬᠡᠷᠡᠭᠲᠠᠢ ᠃

ᠨᠠᠶᠮᠠᠨ ᠳᠤ ᠂ ᠤᠬᠠᠭᠤᠯᠬᠤ ᠠᠵᠢᠯ ᠤᠨ ᠡᠷᠴᠢᠮ ᠢᠶᠡᠨ ᠴᠢᠩᠭᠠᠷᠠᠭᠤᠯᠵᠤ ᠂ 《 ᠭᠦᠢᠴᠡᠳᠬᠡᠬᠦ ᠵᠢᠯ 》 ᠭᠡᠬᠦ ᠭᠣᠣᠯ ᠰᠡᠳᠦᠪᠲᠦ ᠤᠬᠠᠭᠤᠯᠭ᠎ᠠ ᠶᠢᠨ ᠪᠤᠯᠤᠩ ᠂ 《 ᠭᠦᠢᠴᠡᠳᠬᠡᠬᠦ ᠶᠢ ᠲᠡᠪᠴᠢᠭᠰᠡᠨ ᠶᠠᠯ᠎ᠠ 》  ᠤᠨ ᠨᠡᠶᠢᠲᠡᠯᠢᠭ ᠬᠡᠷᠡᠭ ᠦᠨ ᠲᠤᠬᠠᠶ ᠤᠬᠠᠭᠤᠯᠭ᠎ᠠ ᠶᠢᠨ ᠡᠷᠴᠢᠮ ᠢᠶᠡᠨ ᠴᠢᠩᠭᠠᠷᠠᠭᠤᠯᠤᠨ ᠂ 《  ᠪᠤᠯᠬᠠᠢᠯᠠᠭᠴᠢ  》 ᠢ ᠢᠯᠡᠴᠢᠯᠡᠵᠦ ᠂ ᠴᠣᠬᠢᠯᠲᠠ ᠥᠭᠬᠦ ᠪᠠ ᠵᠠᠯᠬᠠᠭᠠᠨ ᠴᠡᠭᠡᠷᠯᠡᠭᠦᠯᠬᠦ ᠡᠷᠴᠢᠮ ᠢ ᠴᠢᠩᠭᠠᠷᠠᠭᠤᠯᠵᠤ ᠂《 ᠭᠦᠢᠴᠡᠳᠬᠡᠬᠦ ᠳᠦ ᠪᠡᠷᠬᠡᠲᠡᠶ 》 ᠠᠰᠠᠭᠤᠳᠠᠯ ᠢ ᠢᠯᠠᠨ ᠳᠠᠪᠠᠬᠤ ᠰᠠᠢᠢᠨ ᠰᠠᠶᠢᠬᠠᠨ ᠨᠡᠶᠢᠭᠡᠮ ᠦᠨ  ᠣᠷᠴᠢᠨ ᠠᠬᠤᠢ ᠶᠢ ᠪᠤᠢ ᠪᠣᠯᠭᠠᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )