《 ᠭᠦᠢᠴᠡᠳᠬᠡᠬᠦ ᠵᠢᠯ  ᠤᠨ ᠲᠤᠰᠬᠠᠢ ᠵᠦᠢᠯ  ᠤᠨ ᠠᠵᠢᠯᠠᠯᠭ᠎ᠠ》 ᠶᠢᠨ ᠰᠢᠷᠢᠰ ᠮᠡᠳᠡᠭᠡᠯᠡᠯ ᠬᠤᠶᠠᠷ
2016.04.29 ᠲᠣᠰ ᠥᠷᠲᠡᠭᠡᠨ ᠦ ᠨᠠᠢᠷᠠᠭᠤᠯᠤᠭᠴᠢ

《 ᠭᠦᠢᠴᠡᠳᠬᠡᠬᠦ ᠵᠢᠯ  ᠤᠨ ᠲᠤᠰᠬᠠᠢ ᠵᠦᠢᠯ  ᠤᠨ ᠠᠵᠢᠯᠠᠯᠭ᠎ᠠ》 ᠶᠢᠨ ᠰᠢᠷᠢᠰ ᠮᠡᠳᠡᠭᠡᠯᠡᠯ  ᠬᠤᠶᠠᠷ᠄ᠦᠥᠰᠢᠨ ᠬᠣᠰᠢᠭᠤᠨ ᠤ ᠠᠷᠠᠳ ᠤᠨ ᠰᠢᠭᠦᠬᠦ  ᠬᠣᠷᠢᠶ᠎ᠠ《 ᠭᠦᠢᠴᠡᠳᠬᠡᠬᠦ ᠵᠢᠯ》 ᠲᠤᠰᠬᠠᠢ ᠲᠥᠷᠦᠯ  ᠤᠨ ᠠᠵᠢᠯ ᠤᠨ ᠠᠩᠬᠠᠳᠠᠭᠴᠢ ᠵᠣᠬᠢᠴᠠᠭᠤᠯᠬᠤ ᠬᠤᠷᠠᠯᠳᠤᠭᠠᠨ ᠢ ᠡᠷᠬᠢᠯᠡᠪᠡ

4 ᠰᠠᠷ᠎ᠠ ᠶᠢᠨ 11  ᠦ ᠡᠳᠦᠷ ᠦᠨ ᠦᠳᠡ ᠶᠢᠨ ᠬᠣᠶᠢᠨ᠎ᠠ ᠂ ᠦᠦᠰᠢᠨ  ᠤᠬᠰᠢᠭᠤᠨ ᠤ ᠠᠷᠠᠳ ᠤᠨ ᠰᠢᠭᠦᠬᠦ ᠬᠣᠷᠢᠶ᠎ᠠ《 ᠭᠦᠢᠴᠡᠳᠬᠡᠬᠦ  ᠵᠢᠯ 》  ᠦᠨ ᠲᠤᠰᠬᠠᠶ ᠠᠵᠢᠯ ᠤᠨ  ᠠᠩᠬᠠᠳᠠᠭᠴᠢ  ᠵᠣᠬᠢᠴᠠᠭᠤᠯᠬᠤ ᠬᠤᠷᠠᠯ ᠬᠤᠷᠠᠯᠳᠤᠪᠠ᠂ 《 ᠭᠦᠢᠴᠡᠳᠬᠡᠬᠦ  ᠵᠢᠯ 》  ᠤᠨ ᠲᠤᠰᠬᠠᠶ ᠲᠦᠷᠦᠯ  ᠤᠨ ᠠᠵᠢᠯ  ᠤᠨ ᠤᠳᠤᠷᠢᠳᠬᠤ ᠳᠤᠭᠤᠶᠢᠯᠠᠩ  ᠤᠨ ᠪᠦᠬᠦ ᠪᠦᠷᠢᠯᠳᠦᠬᠦᠨ ᠬᠤᠷᠠᠯ ᠳᠤ ᠣᠷᠣᠯᠴᠠᠪᠠ ᠃

ᠬᠤᠷᠠᠯ ᠳᠡᠭᠡᠷ᠎ᠡ ᠂ ᠭᠦᠢᠴᠡᠳᠬᠡᠬᠦ ᠲᠣᠪᠴᠢᠶ᠎ᠠ ᠂ ᠭᠦᠢᠴᠡᠳᠬᠡᠬᠦ  ᠬᠣᠶᠠᠳᠤᠭᠠᠷ ᠲᠣᠪᠴᠢᠶ᠎ᠠ ᠂ ᠭᠦᠢᠴᠡᠳᠬᠡᠬᠦ  ᠭᠤᠷᠪᠠᠳᠤᠭᠠᠷ ᠲᠣᠪᠴᠢᠶᠠᠨ ᠤ ᠬᠠᠷᠢᠭᠤᠴᠠᠯᠭᠠᠲᠠᠨ ᠲᠤᠰ ᠰᠠᠯᠠᠭ᠎ᠠ ᠮᠥᠴᠢᠷ  ᠤᠨ《 ᠭᠦᠢᠴᠡᠳᠬᠡᠬᠦ ᠵᠢᠯ 》 ᠤᠨ ᠠᠵᠢᠯ ᠤᠨ ᠠᠬᠢᠴᠠ ᠶᠢᠨ ᠪᠠᠶᠢᠳᠠᠯ  ᠳᠤ ᠬᠠᠷᠢᠭᠤ ᠮᠡᠳᠡᠭᠦᠯᠦᠯᠲᠡ ᠬᠢᠵᠦ ᠂ ᠣᠳᠣᠬᠠᠨ  ᠪᠣᠯᠲᠠᠯ᠎ᠠ 5144 ᠵᠤᠷᠪᠤᠰ ᠭᠦᠢᠴᠡᠳᠬᠡᠬᠦ ᠳᠠᠷᠤᠭᠳᠠᠮᠠᠯ ᠬᠡᠷᠡᠭ ᠢ  ᠨᠠᠷᠢᠯᠢᠭᠵᠢᠭᠤᠯᠬᠤ ᠠᠵᠢᠯ ᠢ ᠳᠠᠭᠤᠰᠬᠠᠵᠤ ᠂ ᠪᠦᠲᠦᠴᠡ  ᠢ ᠨᠢ ᠬᠤᠪᠢᠶᠠᠷᠯᠠᠨ᠂ ᠬᠡᠷᠡᠭ ᠢ ᠨᠠᠢᠳᠠᠪᠤᠷᠢᠵᠢᠭᠤᠯᠤᠨ ᠭᠦᠢᠴᠡᠳᠬᠡᠨ᠎ᠡ ᠃ ᠳᠠᠷᠠᠭᠠᠴᠢ  ᠶᠢᠨ ᠠᠯᠬᠤᠮ ᠳᠤ ᠭᠦᠢᠴᠡᠳᠬᠡᠬᠦ ᠮᠡᠳᠡᠭᠳᠡᠯ ᠦᠨ ᠪᠢᠴᠢᠭ ᠢ  ᠬᠦᠷᠭᠡᠭᠰᠡᠨ ᠦᠭᠡᠢ ᠳᠤ ᠨᠢ ᠭᠦᠢᠴᠡᠳᠬᠡᠬᠦ ᠮᠡᠳᠡᠭᠳᠠᠯ ᠢ ᠬᠦᠷᠭᠡᠵᠦ᠂ ᠭᠦᠢᠴᠡᠳᠬᠡᠭᠳᠡᠬᠦ ᠬᠥᠮᠦᠨ  ᠤ ᠡᠳ᠋ ᠬᠣᠭᠰᠢᠯ ᠳᠤ 《  ᠲᠠᠪᠤ ᠶᠢ ᠪᠠᠶᠢᠴᠠᠭᠠᠬᠤ 》 ᠪᠠ ᠢᠲᠡᠭᠡᠯ ᠠᠯᠳᠠᠭᠰᠠᠨ  ᠭᠦᠢᠴᠡᠳᠬᠡᠭᠳᠡᠭᠴᠢ ᠶᠢ ᠳᠡᠭᠡᠭᠰᠢ ᠮᠡᠳᠡᠭᠦᠯᠬᠦ ᠠᠵᠢᠯ  ᠢ  ᠭᠣᠣᠯᠳᠠᠯᠭ᠎ᠠ ᠲᠠᠶ ᠪᠡᠷ ᠭᠦᠢᠴᠡᠳᠬᠡᠨ᠎ᠡ  ᠭᠡᠪᠡ᠃

    ᠰᠦᠨ ᠰᠢᠶᠣᠤ ᠴᠢᠶᠠᠩ ᠬᠣᠷᠢᠶᠠᠨ ᠳᠠᠷᠤᠭ᠎ᠠ  ᠡᠴᠡ ᠂ ᠭᠦᠢᠴᠡᠳᠬᠡᠬᠦ ᠠᠵᠢᠯ  ᠨᠢ ᠡᠷᠬᠡᠪᠰᠢ ᠮᠠᠨ ᠤ ᠬᠣᠷᠢᠶᠠᠨ ᠤ 《 ᠭᠦᠢᠴᠡᠳᠬᠡᠬᠦ  ᠵᠢᠯ》 ᠤᠨ ᠲᠤᠰᠬᠠᠶ ᠠᠵᠢᠯ  ᠤᠨ ᠬᠡᠷᠡᠭᠵᠢᠭᠦᠯᠬᠦ ᠲᠥᠰᠦᠯ ᠳᠤ  ᠱᠠᠭᠠᠷᠳᠠᠭᠰᠠᠨ ᠴᠠᠭ ᠲᠤ ᠪᠡᠶᠡᠯᠡᠭᠦᠯᠵᠦ ᠂ ᠠᠵᠢᠯ ᠤᠨ ᠡᠭᠦᠷᠭᠡ  ᠪᠡᠨ  ᠪᠣᠳᠠᠲᠠᠢ  ᠨᠠᠢᠳᠠᠪᠤᠷᠢᠵᠢᠭᠤᠯᠤᠨ ᠂ ᠡᠯ᠎ᠡ ᠰᠠᠯᠠᠭ᠎ᠠ ᠮᠥᠴᠢᠷ ᠦᠳ ᠬᠦᠴᠦ ᠪᠡᠨ ᠨᠢᠭᠡᠳᠬᠡᠨ ᠬᠠᠮᠲᠤᠷᠠᠨ ᠠᠵᠢᠯᠯᠠᠵᠤ ᠂ ᠭᠦᠢᠴᠡᠳᠬᠡᠬᠦ ᠠᠵᠢᠯ ᠢ ᠰᠢᠨᠵᠢᠯᠡᠬᠦ ᠤᠬᠠᠭᠠᠨᠴᠢ ᠪᠥᠭᠡᠳ ᠵᠦᠢ ᠵᠣᠬᠢᠰᠲᠠᠶ  ᠵᠣᠬᠢᠴᠠᠭᠤᠯᠬᠤ ᠬᠡᠷᠡᠭᠲᠠᠢ᠃ ᠭᠦᠢᠴᠡᠳᠬᠡᠬᠦ ᠠᠵᠢᠯ ᠤᠨ ᠶᠠᠪᠤᠴᠠ ᠳᠤ ᠂ ᠨᠠᠮ ᠤᠨ ᠰᠤᠷᠲᠠᠯ ᠤᠨ ᠪᠠ ᠠᠷᠢᠭᠤᠨ ᠴᠢᠬᠡᠴᠢ ᠪᠡᠷ ᠵᠠᠰᠠᠭ ᠪᠠᠷᠢᠬᠤ ᠪᠠᠶᠢᠭᠤᠯᠤᠯᠲᠠ  ᠶᠢ ᠴᠢᠩᠭᠠᠳᠬᠠᠬᠤ ᠬᠡᠷᠡᠭᠲᠡᠶ ᠃ ᠬᠣᠶᠢᠰᠢᠯᠠᠭᠤᠯᠤᠨ ᠭᠦᠢᠴᠡᠳᠬᠡᠬᠦ ᠂ ᠨᠠᠵᠠᠭᠠᠶ ᠪᠠᠷ ᠭᠦᠢᠴᠡᠳᠬᠡᠬᠦ ᠂ ᠰᠣᠩᠭᠣᠯᠲᠠ ᠶᠢᠨ ᠴᠢᠨᠠᠷᠲᠠᠶ ᠪᠠᠷ ᠬᠠᠤᠯᠢ ᠬᠡᠷᠡᠭᠵᠢᠭᠦᠯᠬᠦ ᠵᠡᠷᠭᠡ ᠦᠵᠡᠭᠳᠡᠯ ᠭᠠᠷᠬᠤ ᠶᠢ ᠡᠷᠡᠰ ᠬᠤᠷᠢᠭᠯᠠᠨ᠂ ᠤᠯᠠᠨ ᠲᠦᠮᠡᠨ ᠦ ᠠᠰᠢᠭ ᠲᠤᠰᠠ ᠶᠢ ᠬᠣᠬᠢᠷᠠᠭᠤᠯᠤᠭᠰᠠᠨ ᠪᠠ ᠡᠰᠡ ᠬᠢᠭᠰᠡᠨ  ᠦᠢᠯᠡ ᠠᠵᠢᠯᠯᠠᠭ᠎ᠠ ᠂ ᠠᠵᠢᠯᠯᠠᠭ᠎ᠠ ᠨᠢ ᠤᠳᠠᠭᠠᠨ ᠪᠠᠶᠢᠬᠤ ᠂ ᠳᠤᠷ᠎ᠠ ᠪᠠᠷ ᠢᠶᠠᠨ ᠦᠢᠯᠡᠳᠬᠦ ᠵᠡᠷᠭᠡ ᠠᠰᠠᠭᠤᠳᠠᠯ  ᠢ ᠴᠢᠩᠭ᠎ᠠ ᠰᠢᠢᠳᠪᠦᠷᠢᠯᠡᠬᠦ ᠬᠡᠷᠡᠭᠲᠠᠢ ᠭᠡᠵᠦ ᠱᠠᠭᠠᠷᠳᠠᠪᠠ ᠃

ᠬᠣᠶᠢᠰᠢᠳᠠ ᠶᠢᠨ ᠠᠵᠢᠯ ᠤᠨ ᠳᠤᠮᠳᠠ ᠂ ᠮᠠᠨ ᠤ ᠬᠣᠷᠢᠶ᠎ᠠ ᠭᠠᠷᠠᠭ ᠪᠦᠷᠢ ᠨᠢᠭᠡ ᠤᠳᠠᠭ᠎ᠠ《 ᠭᠦᠢᠴᠡᠳᠬᠡᠬᠦ ᠵᠢᠯ 》  ᠦᠨ ᠲᠤᠰᠬᠠᠶ ᠠᠵᠢᠯ ᠢ  ᠵᠣᠬᠢᠴᠠᠭᠤᠯᠬᠤ  ᠬᠤᠷᠠᠯ ᠬᠤᠷᠠᠯᠳᠤᠭᠤᠯᠵᠤ᠂ ᠰᠠᠷ᠎ᠠ ᠪᠦᠷᠢ ᠨᠢᠭᠡ ᠤᠳᠠᠭᠠᠨ ᠤ ᠪᠠᠭ᠎ᠠ ᠳ᠋ᠦᠩᠨᠡᠯᠲᠡ  ᠬᠢᠵᠦ ᠂ ᠭᠦᠢᠴᠡᠳᠬᠡᠬᠦ ᠠᠵᠢᠯ ᠢ ᠨᠢᠭᠡᠳᠦᠯᠲᠡᠶ ᠲᠣᠬᠢᠷᠠᠭᠤᠯᠤᠨ ᠵᠢᠯᠣᠭᠣᠳᠬᠤ ᠪᠡᠨ ᠲᠠᠰᠤᠷᠠᠯᠲᠠ ᠦᠭᠡᠢ ᠴᠢᠩᠭᠠᠳᠬᠠᠵᠤ ᠂ ᠠᠵᠢᠯ ᠢ ᠭᠦᠢᠴᠡᠳᠬᠡᠭᠰᠡᠨ ᠪᠠᠶᠢᠳᠠᠯ ᠴᠠᠭ ᠢᠮᠠᠭᠲᠠ ᠬᠢᠨᠠᠨ ᠡᠵᠡᠮᠳᠡᠵᠦ᠂ ᠲᠤᠰᠬᠠᠶ ᠠᠵᠢᠯ ᠤᠨ ᠪᠣᠳᠠᠲᠤ ᠦᠷ᠎ᠡ ᠪᠦᠲᠦᠮᠵᠢ ᠤᠯᠬᠤ ᠶᠢ ᠦᠨᠡᠨ ᠬᠦ ᠪᠠᠲᠤᠯᠠᠬᠤ ᠬᠡᠷᠡᠭᠲᠡᠶ ᠭᠡᠪᠡ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )