ᠬᠣᠲᠠ ᠶᠢᠨ ᠳᠤᠮᠳᠠ ᠵᠡᠷᠭᠡ ᠶᠢᠨ ᠰᠢᠭᠦᠬᠦ ᠬᠣᠷᠢᠶᠠᠨ ᠲᠡᠷᠭᠡᠨ ᠪᠠᠭ ᠤᠨ ᠬᠠᠮᠢᠶᠠᠷᠤᠯᠲᠠ ᠪᠡᠨ ᠨᠠᠷᠢᠯᠢᠭᠵᠢᠭᠤᠯᠪᠠ
2016.12.13 ᠲᠣᠰ ᠥᠷᠲᠡᠭᠡᠨ ᠦ ᠨᠠᠢᠷᠠᠭᠤᠯᠤᠭᠴᠢ

 ᠰᠢᠨ᠎ᠡ ᠨᠢᠭᠡᠨ ᠡᠭᠡᠯᠵᠢ ᠶᠢᠨ ᠬᠠᠤᠯᠢ ᠴᠠᠭᠠᠵᠠ ᠶᠢᠨ ᠲᠣᠭᠲᠠᠴᠠ ᠶᠢᠨ ᠥᠭᠡᠷᠡᠴᠢᠯᠡᠯᠲᠡ ᠶᠢ ᠳᠠᠭᠠᠯᠳᠤᠨ ᠂ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠲᠣᠨᠣᠭᠯᠠᠯ ᠤᠨ ᠬᠠᠮᠢᠶᠠᠷᠤᠯᠲᠠ ᠶᠢᠨ ᠲᠠᠰᠤᠭ ᠨᠢ ᠰᠢᠭᠦᠬᠦ ᠬᠣᠷᠢᠶᠠᠨ ᠤ ᠠᠷᠤ ᠲᠠᠯ᠎ᠠ ᠶᠢᠨ ᠪᠠᠲᠤᠯᠠᠭ᠎ᠠ ᠶᠢᠨ ᠠᠵᠢᠯ ᠢ  ᠡᠭᠦᠷᠭᠡᠯᠡᠳᠡᠭ ᠃ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠲᠣᠨᠣᠭᠯᠠᠯ ᠨᠢ  ᠭᠣᠣᠯ ᠪᠢᠰᠢ ᠪᠣᠯᠪᠠᠴᠤ ᠬᠠᠷᠢᠨ ᠭᠣᠣᠯ  ᠬᠦᠴᠦᠨ ᠢ  ᠨᠦᠯᠦᠭᠡᠯᠡᠵᠦ᠂ ᠬᠡᠳᠦᠶᠢᠪᠡᠷ ᠪᠦᠬᠦ ᠲᠠᠯ᠎ᠠ ᠶᠢᠨ ᠪᠢᠰᠢ ᠴᠤ  ᠬᠠᠷᠢᠨ ᠪᠦᠬᠦ ᠲᠠᠯ᠎ᠠ ᠶᠢ ᠨᠥᠯᠥᠭᠡᠯᠡᠬᠦ ᠪᠣᠯᠤᠨ᠎ᠠ ᠃ ᠤᠴᠢᠷ ᠨᠢ ᠂ ᠠᠷᠠᠳ ᠤᠨ ᠰᠢᠭᠦᠬᠦ ᠬᠣᠷᠢᠶᠠᠨ ᠤ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠲᠣᠨᠣᠭᠯᠠᠯ ᠤᠨ ᠬᠠᠮᠢᠶᠠᠷᠤᠯᠲᠠ ᠶᠢᠨ ᠠᠵᠢᠯ  ᠨᠢ ᠠᠷᠠᠳ ᠤᠨ ᠰᠢᠭᠦᠬᠦ ᠬᠣᠷᠢᠶᠠᠨ ᠤ ᠡᠯ᠎ᠡ ᠵᠦᠢᠯ ᠦᠨ ᠰᠢᠭᠦᠨ ᠲᠠᠰᠤᠯᠬᠤ ᠠᠵᠢᠯ ᠤᠨ ᠬᠡᠪ ᠦᠨ ᠠᠵᠢᠯᠯᠠᠭ᠎ᠠ ᠳᠤ ᠠᠷᠤ ᠲᠠᠯ᠎ᠠ ᠶᠢᠨ ᠦᠢᠯᠡᠴᠢᠯᠡᠭᠡᠨ ᠦ ᠪᠠᠲᠤᠯᠠᠭ᠎ᠠ ᠬᠠᠩᠭᠠᠵᠤ ᠂ ᠥᠷᠭᠡᠨ ᠤᠯᠠᠨ ᠺᠠᠳ᠋ᠷ ᠴᠠᠭᠳᠠᠭ᠎ᠠ ᠨᠠᠷ ᠤᠨ ᠰᠢᠭᠦᠬᠦ ᠪᠠ ᠭᠦᠢᠴᠡᠳᠬᠡᠬᠦ  ᠠᠵᠢᠯ  ᠳᠤ ᠴᠢᠨᠠᠷ ᠰᠠᠶᠢᠲᠠᠶ ᠦᠢᠯᠡᠴᠢᠯᠡᠭᠡ  ᠬᠠᠩᠭ᠋ᠠᠳᠠᠭ ᠃ ᠲᠡᠷᠭᠡᠨ ᠦ  ᠪᠠᠭ ᠪᠣᠯ ᠳᠠᠷᠤᠶ ᠲᠡᠭᠦᠨ ᠦ ᠳᠣᠲᠣᠷᠠᠬᠢ ᠨᠢᠭᠡ ᠨᠢ ᠪᠣᠯᠤᠨ᠎ᠠ ᠃ ᠲᠡᠷᠭᠡᠨ ᠪᠠᠭ ᠢ ᠰᠠᠶᠢᠲᠤᠷ ᠬᠠᠮᠢᠶᠠᠷᠴᠤ ᠂ ᠬᠠᠮᠢᠶᠠᠷᠤᠯᠲᠠ ᠶᠢ ᠨᠢ  ᠨᠠᠷᠢᠯᠢᠭᠵᠢᠭᠤᠯᠬᠤ ᠨᠢ᠂ ᠠᠷᠠᠳ ᠤᠨ ᠰᠢᠭᠦᠬᠦ  ᠬᠣᠷᠢᠶᠠᠨ ᠤ ᠰᠢᠭᠦᠨ ᠲᠠᠰᠤᠯᠬᠤ ᠪᠠ ᠭᠦᠢᠴᠡᠳᠬᠡᠬᠦ  ᠠᠵᠢᠯ  ᠤᠨ ᠤᠷᠤᠭᠰᠢᠲᠠᠶ ᠪᠥᠭᠡᠳ ᠡᠮᠬᠢ ᠵᠢᠷᠤᠮ ᠲᠠᠶ ᠶᠠᠪᠤᠭᠳᠠᠬᠤ ᠳᠤ ᠪᠦᠬᠦ ᠲᠠᠯ᠎ᠠ ᠶᠢᠨ ᠪᠠᠲᠤᠯᠠᠭ᠎ᠠ ᠬᠠᠩᠭ᠋ᠠᠳᠠᠭ᠃

ᠬᠤᠲᠠ ᠶᠢᠨ ᠰᠢᠭᠦᠬᠦ  ᠬᠣᠷᠢᠶᠠᠨ ᠤ ᠲᠡᠷᠭᠡᠨ ᠪᠠᠭ  ᠤᠨ ᠬᠠᠮᠢᠶᠠᠷᠤᠯᠲᠠ ᠳᠠᠰᠤᠭ  ᠬᠠᠮᠢᠶᠠᠷᠤᠯᠲᠠ ᠪᠡᠨ ᠨᠠᠷᠢᠯᠢᠭᠵᠢᠭᠤᠯᠬᠤ ᠶᠢᠨ ᠲᠤᠯᠠᠳᠠ ᠂ ᠲᠡᠷᠭᠡᠨ  ᠪᠠᠭ ᠤᠨ ᠬᠠᠮᠢᠶᠠᠷᠤᠯᠲᠠ ᠳᠦᠷᠢᠮ ᠲᠣᠭᠲᠠᠭᠠᠯ  ᠲᠠᠢ ᠤᠶᠠᠯᠳᠤᠭᠤᠯᠵᠤ ᠂ ᠳᠣᠣᠷᠠᠬᠢ ᠮᠡᠲᠦ ᠬᠡᠳᠦᠨ ᠲᠠᠯ᠎ᠠ  ᠶᠢ ᠨᠠᠷᠢᠯᠢᠭᠵᠢᠭᠤᠯᠪᠠ᠄

1 , ᠨᠢᠭᠡ ᠲᠡᠷᠭᠡᠨ ᠶᠢ ᠨᠢᠭᠡ ᠳᠠᠩᠰᠠ ᠡᠪᠬᠡᠮᠡᠯ ᠳᠦ ᠣᠷᠣᠭᠤᠯᠬᠤ ᠬᠡᠷᠡᠭᠲᠡᠶ ᠃ ᠲᠡᠷᠭᠡ ᠬᠥᠰᠬᠡ ᠨᠢᠭᠡᠪᠦᠷᠢ ᠳᠤ ᠴᠥᠮ ᠲᠠᠨᠭᠰᠠ ᠡᠪᠬᠡᠮᠡᠯ  ᠬᠢᠵᠦ ᠨᠢᠭᠡᠳᠦᠯᠲᠡᠶ ᠲᠡᠮᠳᠡᠭᠯᠡᠨ᠎ᠡ᠂ ᠳᠠᠩᠰᠠ ᠡᠪᠬᠡᠮᠡᠯ ᠳᠦᠡᠷᠭᠡ ᠬᠥᠰᠬᠡ  ᠶᠢᠨ ᠦᠨᠳᠦᠰᠦᠨ ᠮᠡᠳᠡᠭᠡ ᠵᠠᠩᠭᠢ ᠂ ᠵᠢᠯᠣᠭᠣᠴᠢ ᠶᠢᠨ ᠮᠡᠳᠡᠭᠡ ᠵᠠᠩᠭᠢ ᠂ ᠰᠡᠯᠪᠢᠨ  ᠵᠠᠰᠠᠭᠰᠠᠨ ᠲᠡᠮᠳᠡᠭᠯᠡᠯ ᠂ ᠲᠣᠰᠣ  ᠨᠡᠮᠡᠭᠰᠡᠨ ᠪᠠᠶᠢᠳᠠᠯ ᠂ ᠳᠠᠭᠠᠳᠬᠠᠯ ᠂ ᠶᠠᠪᠤᠭᠰᠠᠨ ᠵᠠᠮ ᠤᠨ ᠤᠷᠲᠤ ᠵᠡᠷᠭᠡ ᠮᠡᠳᠡᠭᠡ ᠵᠠᠩᠭᠢ ᠶᠢ  ᠪᠠᠭᠲᠠᠭᠠᠨ᠎ᠠ᠃

2 , ᠲᠤᠰᠬᠠᠶ ᠬᠥᠮᠦᠨ ᠲᠤᠰᠬᠠᠢ ᠲᠡᠷᠭᠡ ᠃ ᠲᠡᠷᠭᠡ ᠪᠣᠯᠭᠠᠨ ᠴᠥᠮ ᠲᠣᠭᠲᠠᠮᠠᠯ ᠵᠢᠯᠣᠭᠣᠴᠢ ᠲᠠᠢ ᠪᠠᠢᠬᠤ ᠶᠢ ᠭᠦᠢᠴᠡᠳᠬᠡᠵᠦ ᠂ ᠲᠡᠷᠭᠡ ᠶᠢ ᠴᠠᠭ ᠲᠤᠬᠠᠶ ᠳᠤᠨᠢ ᠪᠠᠶᠢᠴᠠᠭᠠᠵᠤ ᠂ ᠲᠣᠭᠲᠠᠮᠠᠯ ᠬᠤᠭᠤᠴᠠᠭ᠎ᠠ ᠲᠠᠶ ᠠᠷᠠᠴᠢᠯᠠᠭ᠎ᠠ ᠵᠢᠴᠢ ᠰᠡᠯᠪᠢᠨ  ᠵᠠᠰᠠᠯᠲᠠ ᠬᠢᠵᠦ ᠂ ᠠᠰᠠᠭᠤᠳᠠᠯ ᠢ ᠣᠯᠵᠤ ᠮᠡᠳᠡᠪᠡᠯ ᠴᠠᠭ ᠲᠤᠬᠠᠶ ᠳᠤᠨᠢ ᠰᠢᠶᠳᠪᠦᠷᠢᠯᠡᠬᠦ ᠬᠡᠷᠡᠭᠲᠡᠶ ᠃ 《 ᠠᠰᠠᠭᠤᠳᠠᠯ 》  ᠲᠠᠶ ᠲᠡᠷᠭᠡ᠂ ᠭᠡᠮᠲᠦᠯ ᠲᠠᠢ ᠲᠡᠷᠭᠡ ᠭᠠᠳᠠᠭᠰᠢ ᠭᠠᠷᠬᠤ ᠶᠢ ᠬᠢᠵᠠᠭᠠᠷᠯᠠᠨ᠎ᠠ ᠃

3 , ᠨᠢᠭᠡᠳᠦᠯᠲᠡᠶ  ᠵᠢᠯᠤᠭᠤᠳᠤᠨ᠎ᠠ᠃ ᠲᠡᠷᠭᠡᠨ ᠪᠠᠭ ᠤᠨ ᠳᠠᠷᠤᠭ᠎ᠠ ᠨᠢᠭᠡᠲᠦᠯᠲᠠᠢ ᠬᠠᠮᠢᠶᠠᠷᠬᠤ ᠶᠢ ᠭᠦᠢᠴᠡᠳᠬᠡᠵᠦ᠂  ᠲᠡᠷᠭᠡ  ᠲᠣᠮᠢᠯᠠᠵᠤ᠂ ᠲᠡᠷᠭᠡ  ᠭᠠᠷᠬᠤ ᠴᠥᠮ ᠬᠠᠷᠭᠠᠯᠵᠠᠭᠰᠠᠨ ᠪᠠᠷᠢᠮᠲᠠ ᠭᠠᠷᠭᠠᠨ᠎ᠠ᠃

4 ,  ᠴᠠᠭ ᠲᠤᠬᠠᠢ ᠳᠤ ᠨᠢ ᠪᠠᠢᠴᠠᠭᠠᠯᠲᠠ ᠬᠢᠨ᠎ᠡ ᠃ ᠪᠠᠶᠢᠴᠠᠭᠠᠨ ᠠᠰᠠᠭᠤᠬᠤ ᠰᠢᠰᠲ᠋ᠧᠮ ᠢ ᠪᠠᠶᠢᠭᠤᠯᠵᠤ ᠂ ᠲᠡᠷᠭᠡ ᠨᠢᠭᠡᠪᠦᠷᠢ ᠳᠤ ᠴᠥᠮ GPS ᠣᠷᠣᠨ ᠪᠠᠶᠢᠷᠢ ᠲᠣᠭᠲᠠᠭᠠᠬᠤ ᠳᠥᠬᠦᠭᠡᠷᠡᠮᠵᠢ ᠂ ᠲᠣᠭ᠎ᠠ ᠪᠠᠷᠢᠮᠲᠠ ᠵᠢᠷᠤᠭ ᠳᠦᠷᠰᠦ ᠳᠠᠮᠵᠢᠭᠤᠯᠬᠤ ᠳᠦᠬᠦᠭᠡᠷᠡᠮᠵᠢ ᠵᠡᠷᠭᠡ  ᠶᠢ ᠤᠭᠰᠠᠷᠠᠵᠤ ᠂ ᠲᠡᠷᠭᠡᠨ ᠪᠠᠭ ᠤᠨ ᠳᠠᠷᠤᠭ᠎ᠠ ᠰᠢᠰᠲ᠋ᠧᠮ ᠢᠶᠡᠷ ᠴᠠᠭ ᠲᠤᠬᠠᠶ ᠳᠤᠨᠢ ᠲᠡᠷᠭᠡ ᠬᠥᠰᠬᠡ  ᠶᠢᠨ ᠪᠠᠶᠢᠳᠠᠯ ᠂  ᠶᠠᠪᠤᠭᠰᠠᠨ ᠵᠠᠮ  ᠤᠨ ᠬᠡᠮᠵᠢᠶ᠎ᠡ ᠂ ᠪᠠᠶᠢᠭ᠎ᠠ ᠣᠷᠣᠨ ᠪᠠᠶᠢᠷᠢ ᠵᠡᠷᠭᠡ ᠮᠡᠳᠡᠭᠡ ᠵᠠᠩᠭᠢ ᠶᠢ ᠮᠡᠳᠡᠵᠦ ᠂ ᠠᠯᠤᠰ ᠡᠴᠡ ᠮᠠᠰᠢᠨ ᠲᠡᠷᠭᠡ ᠶᠢ ᠬᠡᠷᠡᠭᠯᠡᠵᠦ ᠪᠠᠢᠭ᠎ᠠ ᠪᠠᠢᠳᠠᠯ  ᠳᠤ ᠵᠢᠯᠤᠭᠤᠳᠤᠯᠭ᠎ᠠ ᠬᠠᠩᠭ᠋ᠠᠨ᠎ᠠ ᠃

5 , ᠲᠡᠷᠭᠡ ᠶᠢ ᠵᠦᠢ ᠵᠣᠬᠢᠰᠲᠠᠶ  ᠲᠤᠮᠢᠯᠠᠨ᠎ᠠ᠃ ᠠᠳᠠᠯᠢ ᠨᠢᠭᠡᠨ ᠴᠢᠭᠯᠡᠯ ᠂ ᠴᠠᠭ  ᠲᠤ ᠲᠡᠷᠭᠡ  ᠬᠡᠷᠡᠭᠯᠡᠬᠦ ᠦᠶ᠎ᠡ ᠳᠤ ᠠᠯᠢ ᠪᠣᠯᠬᠤ ᠪᠠᠷ ᠬᠠᠮᠲᠤᠷᠠᠨ ᠬᠡᠷᠡᠭᠯᠡᠬᠦ ᠶᠢ ᠱᠠᠭᠠᠷᠳᠠᠵᠤ᠂ ᠲᠡᠷᠭᠡ  ᠲᠣᠮᠢᠯᠠᠬᠤ ᠤᠳᠠᠭ᠎ᠠ ᠪᠠ ᠲᠡᠷᠭᠡ ᠲᠣᠮᠢᠯᠠᠬᠤ ᠥᠷᠲᠡᠭ ᠢ ᠪᠠᠭᠠᠰᠬᠠᠨ᠎ᠠ ᠃

6 , ᠲᠡᠷᠭᠡ ᠲᠣᠮᠢᠯᠠᠬᠤ ᠮᠡᠳᠡᠭᠡ ᠵᠠᠩᠭᠢ ᠶᠢᠨ ᠴᠣᠭᠴᠠ ᠶᠢ ᠪᠠᠢᠭᠤᠯᠤᠨ᠎ᠠ ᠃ ᠮᠠᠨ ᠤ ᠬᠣᠷᠢᠶᠠᠨ ᠤ ᠬᠠᠤᠯᠢ  ᠬᠡᠷᠡᠭᠵᠢᠭᠦᠯᠵᠦ ᠡᠭᠦᠷᠭᠡ ᠭᠦᠢᠴᠡᠳᠬᠡᠬᠦ  ᠲᠡᠷᠭᠡᠨ ᠤ ᠲᠣᠭ᠎ᠠ ᠣᠯᠠᠨ ᠂ ᠲᠣᠮᠢᠯᠠᠭᠰᠠᠨ  ᠤ ᠲᠠᠷᠠᠭ᠎ᠠ ᠬᠥᠮᠦᠨ ᠪᠠ ᠲᠡᠷᠭᠡ ᠬᠠᠮᠢᠭ᠎ᠠ ᠪᠠᠢᠭ᠎ᠠ ᠶᠢ ᠨᠢ ᠮᠡᠳᠡᠬᠦ ᠦᠭᠡᠶ ᠪᠠᠶᠢᠳᠠᠯ  ᠢ ᠬᠣᠷᠢᠭᠯᠠᠬᠤ ᠶᠢᠨ ᠲᠤᠯᠠᠳᠠ᠂  ᠲᠡᠷᠭᠡ ᠲᠣᠮᠢᠯᠠᠭᠰᠠᠨ ᠮᠡᠳᠡᠭᠡ ᠵᠠᠩᠭᠢ  ᠶᠢᠨ ᠴᠣᠭᠴᠠ ᠶᠢ ᠪᠠᠶᠢᠭᠤᠯᠤᠨ ᠂  ᠲᠡᠷᠭᠡᠨ ᠪᠠᠭ ᠤᠨ ᠳᠠᠷᠤᠭ᠎ᠠ ᠡᠴᠡ ᠡᠳᠦᠷ ᠪᠣᠯᠭᠠᠨ ᠤ ᠲᠡᠷᠭᠡ ᠬᠢᠭᠡᠳ ᠵᠢᠯᠤᠭᠤᠴᠢ ᠶᠢᠨ ᠬᠡᠷᠡᠭᠯᠡᠵᠦ ᠪᠠᠢᠭ᠎ᠠ ᠪᠠᠢᠳᠠᠯ ᠵᠢᠴᠢ ᠵᠤᠷᠢᠬᠤ ᠭᠠᠵᠠᠷ ᠢ ᠲᠣᠳᠤᠷᠬᠠᠢ ᠮᠡᠳᠡᠬᠦ ᠪᠣᠯᠭᠠᠨ᠎ᠠ ᠃

7 , ᠨᠢᠭᠡᠳᠦᠯᠲᠡᠶ ᠬᠠᠮᠢᠶᠠᠷᠤᠨ᠎ᠠ ᠃  ᠲᠡᠷᠭᠡ ᠭᠠᠳᠠᠭᠰᠢ ᠭᠠᠷᠬᠤ ᠦᠶ᠎ᠡ ᠳᠤ ᠨᠢᠭᠡᠳᠦᠯᠲᠡᠶ ᠲᠣᠭᠲᠠᠭᠠᠭᠰᠠᠨ ᠲᠤᠰᠤ ᠨᠡᠮᠡᠬᠦ ᠦᠷᠳᠡᠬᠡ  ᠳᠤ ᠬᠦᠷᠴᠦ ᠲᠣᠰᠣ ᠨᠡᠮᠡᠵᠦ ᠂ ᠨᠢᠭᠡᠳᠦᠯᠲᠡᠶ ᠪᠡᠷ ᠲᠣᠰᠣ ᠨᠡᠮᠡᠬᠦ  ᠬᠦᠰᠦᠨᠦᠭᠲᠤ ᠲᠠᠭᠯᠠᠨ ᠂ ᠨᠢᠭᠡ ᠶᠠᠩᠵᠤ ᠶᠢᠨ ᠬᠣᠶᠠᠷ ᠬᠤᠪᠢ ᠂ ᠨᠢᠭᠡ ᠬᠤᠪᠢ  ᠢ ᠨᠢ ᠳᠠᠩᠰᠠ ᠡᠪᠬᠡᠮᠡᠯ ᠳᠦ ᠣᠷᠣᠭᠤᠯᠬᠤ ᠂ ᠨᠢᠭᠡ ᠬᠤᠪᠢ ᠢ ᠨᠢ ᠲᠣᠭᠠᠴᠠᠭ᠎ᠠ ᠬᠢᠬᠦ  ᠳᠤ ᠬᠡᠷᠡᠭᠯᠡᠨ᠎ᠡ ᠃ ᠤᠳᠠᠭ᠎ᠠ ᠪᠦᠷᠢ ᠶᠢᠨ ᠲᠡᠷᠭᠡ ᠪᠤᠴᠠᠵᠤ  ᠢᠷᠡᠭᠰᠡᠨ ᠤ ᠰᠡᠭᠦᠯᠡᠷ ᠨᠢᠭᠡᠳᠦᠯᠲᠡᠶ ᠪᠡᠷ ᠰᠢᠭᠦᠬᠦ  ᠬᠣᠷᠢᠶᠠᠨ ᠤ ᠭᠠᠵᠠᠷ ᠳᠣᠣᠷᠠᠬᠢ ᠲᠡᠷᠭᠡ ᠵᠣᠭᠰᠣᠭᠠᠬᠤ ᠲᠠᠯᠠᠪᠠᠢ  ᠳᠤ ᠵᠤᠭᠰᠤᠭᠠᠨ᠂ ᠳᠤᠷ᠎ᠠ ᠪᠠᠷ ᠢᠶᠠᠨ ᠵᠣᠭᠰᠣᠬᠤ ᠪᠠ ᠳᠤᠷ᠎ᠠ ᠪᠠᠷ ᠢᠶᠠᠨ ᠲᠠᠯᠪᠢᠬᠤ  ᠶᠢ ᠡᠷᠡᠰ ᠴᠠᠭᠠᠵᠢᠯᠠᠨ᠎ᠠ᠃

8 , ᠡᠷᠡᠭᠦᠯ ᠮᠡᠨᠳᠦ ᠶᠢᠨ ᠪᠠᠶᠢᠴᠠᠭᠠᠯᠲᠠ ᠬᠢᠬᠦ ᠬᠡᠷᠡᠭᠲᠡᠶ ᠃  ᠮᠠᠨ ᠤ  ᠬᠣᠷᠢᠶᠠᠨ ᠤ ᠭᠦᠢᠴᠡᠳᠬᠡᠬᠦ ᠰᠢᠭᠦᠨ ᠲᠠᠰᠤᠯᠬᠤ ᠠᠵᠢᠯ ᠡᠳᠦᠷ ᠢᠷᠡᠬᠦᠶ᠎ᠡ ᠨᠡᠮᠡᠭᠳᠡᠵᠦ ᠂ ᠵᠢᠯᠣᠭᠣᠴᠢ ᠶᠢᠨ ᠪᠡᠶ᠎ᠡ ᠮᠠᠬᠠᠪᠣᠳ ᠤᠨ ᠡᠷᠡᠭᠦᠯ ᠴᠢᠭᠢᠷᠠᠭ ᠪᠠᠢᠮᠠᠨ ᠰᠠᠶᠢ ᠡᠭᠦᠷᠭᠡᠯᠡᠭᠰᠡᠨ ᠡᠭᠦᠷᠭᠡ ᠪᠡᠨ ᠭᠦᠢᠴᠡᠳᠬᠡᠵᠦ ᠴᠢᠳᠠᠨ᠎ᠠ ᠃ ᠡᠭᠦᠨ ᠦ ᠲᠤᠯᠠᠳᠠ ᠂ ᠮᠠᠨ ᠤ ᠬᠣᠷᠢᠶ᠎ᠠ ᠵᠢᠯ ᠪᠦᠷᠢ ᠪᠦᠷ ᠺᠠᠳ᠋ᠷ ᠴᠠᠭᠳᠠᠭ᠎ᠠ  ᠳᠤ ᠪᠡᠶ᠎ᠡ ᠶᠢᠨ ᠡᠷᠡᠭᠦᠯ ᠮᠡᠨᠳᠦ ᠶᠢᠨ ᠪᠠᠶᠢᠴᠠᠭᠠᠯᠲᠠ  ᠬᠢᠯᠭᠡᠵᠦ᠂ ᠠᠵᠢᠯ ᠤᠨ ᠤᠷᠤᠭᠰᠢᠲᠠᠶ ᠶᠠᠪᠤᠭᠳᠠᠬᠤ ᠶᠢ ᠦᠨᠡᠨ ᠬᠦ ᠪᠠᠲᠤᠯᠠᠬᠤ ᠬᠡᠷᠡᠭᠲᠡᠶ ᠃

 ᠣᠢᠷ᠎ᠠ ᠶᠢᠨ ᠵᠢᠯ ᠦᠳ ᠲᠦ ᠂  ᠮᠠᠨ ᠤ ᠬᠤᠳᠠ ᠬᠣᠶᠠᠷ ᠱᠠᠲᠤᠨ ᠤ ᠰᠢᠭᠦᠬᠦ ᠬᠣᠷᠢᠶᠠᠨ ᠤ  ᠬᠦᠯᠢᠶᠡᠨ ᠠᠪᠬᠤ ᠬᠡᠷᠡᠭ ᠡᠳᠦᠷ ᠢᠷᠡᠬᠦᠶ᠎ᠡ ᠣᠯᠠᠰᠢᠷᠠᠵᠤ ᠂ ᠬᠡᠷᠡᠭ ᠢ ᠭᠦᠢᠴᠡᠳᠬᠡᠬᠦ ᠠᠵᠢᠯ ᠡᠳᠦᠷ ᠢᠷᠡᠬᠦ ᠲᠤᠳ᠋ᠤᠮ ᠬᠦᠨᠳᠦ  ᠪᠣᠯᠵᠤ᠂ ᠬᠠᠤᠯᠢ  ᠬᠡᠷᠡᠭᠵᠢᠭᠦᠯᠦᠯᠲᠡ ᠶᠢᠨ ᠪᠠᠲᠤᠯᠠᠭ᠎ᠠ  ᠪᠣᠯᠤᠭᠰᠠᠨ ᠮᠠᠰᠢᠨ ᠤᠨ ᠪᠠᠭ ᠨᠢ ᠂ ᠦᠢᠯᠡᠴᠢᠯᠡᠬᠦ ᠪᠠᠲᠤᠯᠠᠭ᠎ᠠ ᠶᠢ ᠰᠠᠶᠢᠲᠤᠷ ᠬᠢᠬᠦ ᠪᠡᠷ ᠰᠠᠭᠤᠷᠢ ᠪᠣᠯᠭᠠᠨ ᠂ ᠰᠢᠨᠵᠢᠯᠡᠬᠦ ᠤᠬᠠᠭᠠᠨᠴᠢ ᠬᠠᠮᠢᠶᠠᠷᠤᠯᠲᠠ ᠪᠡᠷ ᠠᠷᠭ᠎ᠠ ᠪᠠᠷᠢᠯ ᠪᠣᠯᠭᠠᠵᠤ ᠂ ᠦᠷ᠎ᠡ ᠪᠦᠲᠦᠮᠵᠢ ᠶᠢ ᠳᠡᠭᠡᠭᠰᠢᠯᠡᠭᠦᠯᠬᠦ ᠪᠡᠷ ᠵᠣᠷᠢᠯᠭ᠎ᠠ ᠪᠣᠯᠭᠠᠭᠰᠠᠨ ᠪᠠᠶᠢᠬᠤ ᠬᠡᠷᠡᠭᠲᠡᠶ ᠃ ᠰᠢᠭᠦᠨ ᠲᠠᠰᠤᠯᠬᠤ ᠠᠵᠢᠯ ᠢᠶᠠᠷ ᠭᠣᠣᠯᠳᠠᠯᠭ᠎ᠠ ᠪᠣᠯᠭᠠᠭᠰᠠᠨ ᠡᠯ᠎ᠡ ᠵᠦᠢᠯ ᠦᠨ ᠠᠵᠢᠯ ᠢ ᠬᠡᠪ ᠦᠨ ᠂ ᠡᠮᠬᠢ ᠵᠢᠷᠤᠮ ᠲᠠᠶ ᠂ ᠠᠮᠤᠷ ᠲᠦᠪᠰᠢᠨ ᠶᠠᠪᠤᠭᠳᠠᠬᠤ ᠶᠢ ᠦᠨᠡᠨ ᠬᠦ  ᠪᠠᠲᠤᠯᠠᠬᠤ ᠬᠡᠷᠡᠭᠲᠠᠢ ᠃  ᠭᠦᠢᠴᠡᠳᠬᠡᠨ ᠰᠢᠭᠦᠨ ᠲᠠᠰᠤᠯᠬᠤ ᠠᠵᠢᠯ  ᠳᠤ ᠬᠦᠴᠦᠲᠡᠶ ᠠᠷᠤ ᠲᠠᠯ᠎ᠠ ᠶᠢᠨ ᠦᠢᠯᠡᠴᠢᠯᠡᠭᠡᠨ ᠦ ᠪᠠᠲᠤᠯᠠᠭ᠎ᠠ ᠬᠠᠩᠭᠠᠬᠤ ᠬᠡᠷᠡᠭᠲᠡᠶ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )