ᠬᠥᠮᠦᠨ ᠦ ᠪᠡᠶ᠎ᠡ ᠶᠢ ᠬᠠᠮᠠᠭᠠᠯᠠᠬᠤ ᠵᠠᠷᠯᠢᠭ ᠨᠢ ᠪᠡᠶ᠎ᠡ ᠶᠢᠨ ᠠᠮᠤᠷ ᠲᠦᠪᠰᠢᠨ ᠢ ᠬᠠᠮᠠᠭᠠᠯᠠᠬᠤ ᠲᠣᠭᠲᠠᠭᠠᠯᠲᠠ ᠪᠠᠢᠵᠤ᠂ ᠭᠡᠷ ᠪᠦᠯᠢ ᠶᠢᠨ ᠬᠦᠴᠦᠷᠬᠡᠭᠯᠡᠯ ᠳᠦ ᠬᠣᠣᠷ ᠠᠮᠰᠠᠭᠴᠢ ᠵᠢᠴᠢ ᠲᠡᠭᠦᠨ ᠦ ᠣᠨᠴᠠ ᠳᠤᠭᠲᠠᠭᠰᠠᠨ ᠲᠦᠷᠦᠯ ᠰᠠᠳᠤᠨ ᠤ ᠪᠡᠶ᠎ᠡ ᠶᠢᠨ ᠠᠮᠤᠷ ᠲᠦᠪᠰᠢᠨ ᠢ ᠬᠠᠮᠠᠭᠠᠯᠠᠵᠤ᠂ ᠦᠷᠭᠦᠯᠵᠢᠯᠡᠨ ᠭᠡᠷ ᠪᠦᠯᠢ ᠶᠢᠨ ᠬᠦᠴᠦᠷᠬᠡᠭᠯᠡᠯ ᠶᠠᠪᠤᠭᠤᠯᠬᠤ ᠶᠢ ᠰᠡᠷᠭᠡᠶᠢᠯᠡᠬᠦ ᠶᠢᠨ ᠲᠥᠯᠦᠭᠡ᠂ ᠭᠤᠶᠤᠴᠢᠯᠠᠭᠴᠢ ᠶᠢᠨ ᠭᠤᠶᠤᠴᠢᠯᠠᠯ ᠢ ᠦᠨᠳᠦᠰᠦᠯᠡᠨ ᠂ ᠰᠢᠭᠦᠬᠦ ᠬᠣᠷᠢᠶᠠᠨ ᠠᠴᠠ ᠣᠯᠭᠤᠭᠰᠠᠨ ᠠᠯᠪᠠᠳᠠᠯᠭ᠎ᠠ ᠶᠢᠨ ᠴᠢᠨᠠᠷᠲᠠᠢ ᠲᠣᠭᠲᠠᠭᠠᠯᠲᠠ ᠪᠣᠯᠤᠨ᠎ᠠ ᠃ ᠣᠶᠢᠷ᠎ᠠ ᠳᠤ ᠂ ᠬᠠᠩᠭᠢᠨ ᠬᠣᠰᠢᠭᠤᠨ ᠤ ᠪᠠᠯᠭᠤᠨ᠎ᠠ ᠰᠢᠭᠦᠬᠦ ᠲᠢᠩᠬᠢᠮ ᠡᠴᠡ ᠮᠠᠨ ᠤ ᠬᠣᠲᠠ ᠶᠢᠨ ᠠᠩᠬᠠᠳᠠᠭᠴᠢ ᠬᠥᠮᠦᠨ ᠦ ᠪᠡᠶ᠎ᠡ ᠶᠢ ᠬᠠᠮᠠᠭᠠᠯᠠᠬᠤ ᠵᠠᠷᠯᠢᠭ ᠢ ᠭᠠᠷ ᠤᠨ ᠦᠰᠦᠭ ᠵᠢᠷᠤᠵᠤ ᠣᠯᠭᠣᠭᠰᠠᠨ ᠪᠠᠶᠢᠨ᠎ᠠ ᠃
ᠸᠠᠩ ᠣᠪᠣᠭᠲᠤ ᠪᠠ ᠰᠢᠨ ᠣᠪᠣᠭᠲᠤ ᠴᠢᠯᠦᠭᠡᠲᠠᠢ ᠪᠡᠷ ᠢᠨᠠᠭᠯᠠᠵᠤ ᠤᠷᠤᠭ ᠤᠨ ᠪᠠᠲᠤᠯᠠᠪᠤᠷᠢ ᠠᠪᠴᠦ ᠬᠤᠷᠢᠮᠯᠠᠨ᠂ ᠬᠠᠩᠭᠢᠨ ᠬᠣᠰᠢᠭᠤᠨ ᠤ ᠪᠠᠯᠭᠤᠨ᠎ᠠ ᠪᠠᠯᠭᠠᠰᠤᠨ ᠳᠤ ᠰᠠᠭᠤᠭᠰᠠᠨ ᠪᠥᠭᠡᠳ ᠨᠢᠭᠡ ᠬᠦᠦ ᠲᠠᠢ᠃ ᠪᠠᠯᠭᠤᠨ᠎ᠠ ᠪᠠᠯᠭᠠᠰᠤ ᠨᠢ ᠵᠠᠮ ᠬᠠᠷᠢᠯᠴᠠᠭᠠᠨ ᠤ ᠴᠢᠬᠤᠯᠠ ᠠᠭᠤᠯᠵᠢᠷ ᠪᠠᠢᠭᠰᠠᠨ ᠡᠴᠡ ᠂ ᠣᠯᠠᠩᠬᠢ ᠰᠠᠭᠤᠭᠠᠯᠢ ᠠᠷᠠᠳ ᠨᠢ ᠲᠡᠭᠡᠪᠦᠷᠢ ᠶᠢᠨ ᠲᠡᠷᠭᠡ ᠬᠥᠰᠬᠡ ᠡᠵᠡᠩᠨᠡᠳᠡᠭ ᠃ ᠰᠢᠨ ᠣᠪᠣᠭᠲᠤ ᠭᠠᠳᠠᠭᠰᠢ ᠭᠠᠷᠴᠤ ᠲᠠᠭᠡᠪᠤᠷᠢ ᠶᠢᠨ ᠲᠡᠷᠭᠡ ᠡᠵᠡᠩᠨᠡᠵᠦ᠂ ᠡᠮᠡᠭᠲᠡᠶ ᠨᠢ ᠭᠡᠷ ᠲᠡᠬᠡᠨ ᠬᠤᠬᠡᠳ ᠢᠶᠡᠨ ᠠᠰᠠᠷᠠᠨ ᠂ ᠠᠮᠢᠳᠤᠷᠠᠯ ᠤᠨ ᠲᠦᠪᠰᠢᠨ ᠨᠢ ᠵᠦᠭᠡᠷᠬᠡᠨ ᠪᠠᠢᠯ᠎ᠠ᠃ ᠨᠠᠮ ᠲᠣᠭᠲᠠᠭᠤᠨ ᠠᠮᠢᠳᠤᠷᠠᠯ ᠨᠢ ᠦᠷᠭᠦᠯᠵᠢ ᠠᠷᠰᠠᠷ ᠶᠠᠪᠤᠳᠠᠯ ᠠᠴᠠ ᠪᠤᠯᠵᠦ ᠮᠠᠷᠭᠤᠯᠳᠤᠭᠠᠨ ᠭᠠᠷᠳᠠᠭ ᠂ ᠬᠡᠷᠪᠡ ᠯᠠᠪᠳᠠᠭᠤᠨ ᠲᠣᠭᠲᠠᠭᠤᠨ ᠰᠢᠢᠳᠪᠥᠷᠢᠯᠡᠪᠡᠯ ᠶᠠᠷᠢᠶᠠᠨ ᠦᠭᠡᠢ ᠶᠡᠬᠡ ᠶᠠᠪᠤᠳᠠᠯ ᠢ ᠪᠠᠭ᠎ᠠ ᠪᠣᠯᠭᠠᠵᠤ ᠪᠣᠯᠤᠨ᠎ᠠ᠂ ᠭᠡᠪᠡᠴᠦ ᠰᠢᠨ ᠣᠪᠣᠭᠲᠤ ᠵᠠᠩ ᠠᠭᠠᠰᠢ ᠶᠢᠨ ᠳᠤᠲᠠᠭᠳᠠᠯ ᠡᠴᠡ ᠪᠣᠯᠵᠤ ᠪᠦᠲᠦᠮᠵᠢᠲᠡᠶ ᠰᠢᠶᠳᠪᠦᠷᠢᠯᠡᠵᠦ ᠴᠢᠳᠠᠬᠤ ᠦᠭᠡᠢ ᠪᠠᠢᠵᠤ ᠂ ᠪᠠᠭ᠎ᠠ ᠨᠢ ᠬᠤᠷᠠᠮᠳᠤᠭᠰᠠᠭᠠᠷ ᠶᠡᠬᠡ ᠪᠣᠯᠵᠤ ᠬᠣᠶᠠᠷ ᠲᠠᠯ᠎ᠠ ᠶᠢᠨ ᠮᠠᠷᠭᠤᠯᠳᠤᠭᠠᠨ ᠨᠢ ᠰᠢᠷᠦᠭᠦᠰᠴᠦ ᠂ ᠸᠠᠩ ᠣᠪᠣᠭᠲᠤ ᠲᠡᠰᠪᠦᠷᠢᠯᠡᠬᠦ ᠶᠢᠨ ᠠᠷᠭ᠎ᠠ ᠦᠭᠡᠢ ᠪᠣᠯᠬᠤ ᠳᠤ ᠪᠡᠨ ᠲᠦᠷᠬᠦᠮ ᠳᠤ ᠪᠡᠨ ᠬᠠᠷᠢᠭᠰᠠᠨ ᠪᠠᠢᠯ᠎ᠠ᠃ ᠰᠢᠨ ᠣᠪᠣᠭᠲᠤ ᠡᠷ᠎ᠡ ᠡᠮ᠎ᠡ ᠬᠣᠶᠠᠷ ᠤᠨ ᠵᠥᠷᠢᠴᠡᠯ ᠪᠡᠨ ᠨᠠᠮᠳᠠᠭᠤᠯᠬᠤ ᠶᠢᠨ ᠲᠥᠯᠦᠭᠡ ᠬᠠᠳᠠᠮ ᠡᠴᠢᠭᠡ ᠸᠠᠩ ᠣᠪᠣᠭᠲᠤ ᠲᠠᠢ ᠵᠦᠪᠳᠡᠯᠴᠡᠪᠡ ᠂ ᠸᠠᠩ ᠨᠠᠰᠤᠲᠠᠨ ᠡᠴᠡ ᠰᠢᠨ ᠣᠪᠣᠭᠲᠤ ᠢ ᠠᠮᠠᠯᠠᠯᠲᠠ ᠪᠢᠴᠢᠭᠦᠯᠦᠭᠰᠡᠨ ᠪᠥᠭᠡᠳ ᠸᠠᠩ ᠣᠪᠣᠭᠲᠤ ᠳᠤ 5 ᠲᠦᠮᠡᠨ ᠲᠥᠭᠥᠷᠢᠭ ᠰᠤᠯᠠ ᠵᠠᠷᠤᠬᠤ ᠵᠣᠭᠣᠰ ᠥᠭᠬᠦ ᠶᠢ ᠱᠠᠭᠠᠷᠳᠠᠪᠠ᠃ ᠰᠢᠨ ᠤᠪᠤᠭᠲᠤ ᠶᠢᠨ ᠭᠡᠷ ᠦᠨ ᠬᠥᠮᠦᠰ ᠭᠠᠵᠠᠷ ᠪᠣᠯᠭᠠᠨ ᠳᠤ ᠭᠦᠶᠦᠵᠦ ᠪᠠᠢᠮᠠᠨ 5 ᠲᠦᠮᠡᠨ ᠲᠥᠭᠥᠷᠢᠭ ᠣᠯᠵᠤ ᠥᠭᠪᠡ᠃ ᠰᠡᠭᠦᠯᠡᠷ ᠨᠢ ᠰᠢᠨ ᠣᠪᠣᠭᠲᠤ ᠶᠢᠨ ᠡᠴᠢᠭᠡ ᠨᠢ ᠡᠪᠡᠳᠴᠢᠯᠡᠵᠦ ᠂ ᠪᠠᠴᠢᠮ ᠵᠠᠷᠤᠳᠠᠯ ᠲᠠᠢ ᠪᠣᠯᠤᠭᠰᠠᠨ ᠡᠴᠡ ᠸᠠᠩ ᠣᠪᠣᠭᠲᠤ ᠡᠴᠡ2 ᠲᠦᠮᠡᠨ ᠲᠥᠭᠥᠷᠢᠭ ᠪᠤᠴᠠᠭᠠᠨ ᠠᠪᠴᠤ ᠂ ᠦᠯᠡᠳᠡᠭᠰᠡᠨ 3 ᠲᠦᠮᠡᠨ ᠲᠥᠭᠥᠷᠢᠭ ᠢ ᠨᠢ ᠸᠠᠩ ᠣᠪᠣᠭᠲᠤ ᠪᠤᠴᠠᠭᠠᠨ ᠥᠭᠭᠦᠭᠰᠡᠨ ᠦᠭᠡᠢ ᠃ ᠠᠵᠤ ᠠᠬᠤᠶ ᠶᠢᠨ ᠲᠠᠯ᠎ᠠ ᠪᠠᠷ ᠬᠢ ᠮᠠᠷᠭᠤᠯᠳᠤᠭᠠᠨ ᠨᠢ ᠸᠠᠩ ᠤᠪᠤᠭᠲᠤ ᠰᠢᠨ ᠣᠪᠣᠭᠲᠤ ᠬᠤᠶᠠᠷ ᠢ ᠬᠦᠨᠳᠡᠢᠷᠡᠭᠦᠯᠵᠦ᠂ ᠡᠭᠦᠨ ᠦ ᠳᠡᠭᠡᠷ᠎ᠡ ᠰᠢᠨ ᠣᠪᠣᠭᠲᠤ ᠬᠦᠴᠦᠷᠬᠡᠭᠯᠡᠯ ᠦᠨ ᠬᠠᠨᠳᠤᠰᠢ ᠲᠠᠶ ᠪᠤᠯᠵᠦ ᠴᠢᠨᠠᠭᠰᠢᠯᠠᠨ ᠬᠥᠭᠵᠢᠭᠡᠳ ᠡᠬᠡᠨᠠᠷ ᠢᠶᠡᠨ ᠳᠤᠷ᠎ᠠ ᠪᠠᠷ ᠢᠶᠠᠨ ᠵᠣᠳᠤᠬᠤ ᠪᠣᠯᠤᠭᠰᠠᠨ ᠪᠠᠢᠨ᠎ᠠ᠃ ᠡᠳᠦᠷ ᠤᠳᠠᠭᠠᠨ ᠳᠤ ᠪᠡᠨ ᠸᠠᠩ ᠣᠪᠣᠭᠲᠤ ᠠᠶᠤᠬᠤ ᠰᠡᠳᠬᠢᠯᠭᠡ ᠲᠠᠶ ᠪᠣᠯᠵᠤ᠂ ᠰᠢᠨ ᠣᠪᠣᠭᠲᠤ ᠡᠴᠡ ᠦᠷᠭᠦᠯᠵᠢ ᠵᠠᠢᠯᠬᠤ ᠪᠣᠯᠵᠤ᠂ ᠰᠢᠨ ᠤᠪᠤᠭᠲᠤ ᠶᠢᠨ ᠰᠡᠵᠢᠭᠯᠡᠯ ᠢ ᠤᠯᠠᠮ ᠬᠡᠴᠡᠭᠦᠳᠡᠵᠦ᠂ ᠵᠥᠷᠢᠴᠡᠯ ᠨᠢ ᠤᠯᠠᠮ ᠭᠦᠨ ᠪᠣᠯᠪᠠ᠃ ᠡᠴᠦᠰ ᠲᠦ ᠂ ᠸᠠᠩ ᠣᠪᠣᠭᠲᠤ ᠳᠡᠰᠪᠥᠷᠢᠯᠡᠬᠦ ᠶᠢᠨ ᠠᠷᠭ᠎ᠠ ᠦᠭᠡᠢ ᠪᠣᠯᠵᠤ ᠳᠦᠷᠬᠦᠮ ᠳᠤ ᠪᠡᠨ ᠬᠠᠷᠢᠭᠰᠠᠨ ᠪᠠᠢᠨ᠎ᠠ᠂ ᠰᠢᠨ ᠣᠪᠣᠭᠲᠤ ᠡᠬᠢᠯᠡᠭᠡᠳ ᠤᠲᠠᠰᠤ ᠶᠠᠪᠤᠭᠤᠯᠤᠨ ᠡᠬᠡᠨᠠᠷ ᠢᠶᠡᠨ ᠭᠡᠷ ᠲᠡᠬᠡᠨ ᠬᠠᠷᠢᠵᠤ ᠢᠷᠡᠬᠦ ᠶᠢ ᠢᠳᠬᠠᠵᠤ᠂ ᠣᠯᠠᠨᠲᠠ ᠢᠳᠬᠠᠭᠰᠠᠨ ᠴᠤ ᠰᠣᠨᠣᠰᠬᠤ ᠦᠭᠡᠢ ᠪᠣᠯᠬᠤ ᠳᠤ ᠬᠠᠷᠢᠶᠠᠯ ᠲᠠᠯᠪᠢᠵᠤ᠂ ᠪᠦᠷ ᠰᠡᠭᠦᠯᠡᠷ ᠨᠢ ᠡᠬᠡᠨᠠᠷ ᠨᠢ ᠤᠲᠠᠰᠤ ᠢ ᠨᠢ ᠲᠤᠰᠬᠤ ᠪᠡᠨ ᠪᠠᠢᠴᠢᠬᠠᠪᠠ᠃ ᠡᠬᠡᠨᠡᠷ ᠤᠨ ᠬᠢᠨᠢ ᠬᠢᠳᠡᠯ ᠨᠡᠩ ᠶᠡᠬᠡ ᠰᠡᠳᠡᠯᠲᠡ ᠥᠭᠭᠦᠭᠰᠡᠨ ᠡᠴᠡ ᠰᠢᠨ ᠣᠪᠣᠭᠲᠤ ᠶᠠᠭᠤ ᠴᠤ ᠬᠠᠶᠢᠬᠤᠷᠬᠤ ᠪᠠᠨ ᠪᠠᠢᠵᠤ᠂ ᠭᠠᠯᠵᠠᠭᠤᠷᠠᠭᠰᠠᠨ ᠮᠡᠲᠦ ᠬᠢᠲᠤᠭ᠎ᠠ ᠡᠷᠭᠢᠭᠦᠯᠦᠨ ᠬᠡᠷᠴᠡᠭᠡᠢᠯᠡᠵᠦ ᠂ ᠸᠠᠩ ᠣᠪᠣᠭᠲᠤ ᠶᠢᠨ ᠡᠴᠢᠭᠡ ᠶᠢᠨ ᠬᠢᠨᠢ ᠭᠠᠷ ᠢ ᠨᠢ ᠰᠢᠷᠬᠠᠲᠤᠭᠤᠯᠤᠨ᠂ ᠰᠢᠨ ᠣᠪᠣᠭᠲᠤ ᠬᠠᠤᠯᠢ ᠶᠣᠰᠣᠭᠠᠷ ᠵᠠᠰᠠᠭ ᠵᠠᠬᠢᠷᠭᠠᠨ ᠢᠶᠠᠷ ᠲᠦᠷ ᠬᠤᠷᠢᠭᠳᠠᠪᠠ᠃ ᠰᠡᠭᠦᠯᠡᠷ ᠨᠢ ᠡᠮᠡᠭᠲᠡᠶᠢᠴᠦᠳ ᠦᠨ ᠬᠣᠯᠪᠣᠭᠠᠲᠤ ᠬᠤᠷᠠᠯ ᠡᠴᠡ ᠸᠠᠩ ᠣᠪᠣᠭᠲᠤ ᠵᠥᠪᠯᠡᠯᠭᠡ ᠠᠪᠴᠤ ᠪᠠᠶᠢᠭᠠᠳ ᠪᠡᠶ᠎ᠡ ᠪᠡᠨ ᠬᠠᠮᠠᠭᠠᠯᠠᠭᠤᠯᠬᠤ ᠵᠠᠷᠯᠢᠭ ᠭᠠᠷᠭᠠᠯᠭᠠᠬᠤ ᠪᠠᠷ ᠰᠢᠭᠦᠬᠦ ᠬᠣᠷᠢᠶᠠᠨ ᠳᠤ ᠭᠤᠶᠤᠴᠢᠯᠠᠪᠠ᠂ ᠬᠠᠩᠭᠢᠨ ᠬᠣᠰᠢᠭᠤᠨ ᠤ ᠪᠠᠯᠭᠤᠨ᠎ᠠ ᠪᠠᠯᠭᠠᠰᠤᠨ ᠤ ᠰᠢᠭᠦᠬᠦ ᠬᠣᠷᠢᠶᠠᠨ ᠡᠴᠡ ᠬᠢᠨᠠᠨ ᠬᠠᠷᠭᠠᠭᠤᠯᠤᠭᠠᠳ ᠪᠤᠲᠠᠲᠠᠢ ᠲᠠᠢ ᠨᠡᠢᠴᠡᠬᠦ ᠲᠤᠯᠠ᠂ ᠮᠠᠨ ᠤ ᠬᠣᠲᠠ ᠶᠢᠨ ᠠᠩᠬᠠᠳᠠᠭᠴᠢ ᠪᠡᠶ᠎ᠡ ᠪᠡᠨ ᠬᠠᠮᠠᠭᠠᠯᠠᠭᠤᠯᠬᠤ ᠵᠠᠷᠯᠢᠭ ᠢ ᠭᠠᠷ ᠤᠨ ᠦᠰᠦᠭ ᠵᠢᠷᠤᠵᠤ ᠣᠯᠭᠣᠭᠰᠠᠨ ᠪᠥᠭᠡᠳ ᠰᠢᠨ ᠣᠪᠣᠭᠲᠤ ᠬᠦᠷᠭᠡᠵᠦ ᠥᠭᠪᠡ ᠃
ᠬᠠᠤᠯᠢ ᠶᠢᠨ ᠲᠤᠰᠢᠶᠠᠯᠲᠠᠨ ᠡᠴᠡ ᠠᠩᠬᠠᠷᠤᠭᠤᠯᠬᠤ ᠨᠢ ᠄ ᠡᠷ᠎ᠡ ᠡᠮ᠎ᠡ ᠬᠣᠶᠠᠷ ᠤᠨ ᠬᠣᠭᠣᠷᠣᠨᠳᠣ ᠮᠠᠷᠭᠤᠯᠳᠤᠭᠠᠨ ᠭᠠᠷᠤᠭᠰᠠᠨ ᠪᠠᠢᠪᠠᠯ ᠰᠠᠨᠠᠯ ᠢᠶᠠᠨ ᠴᠠᠭ ᠲᠤᠬᠠᠶ ᠳᠤᠨᠢ ᠰᠣᠯᠢᠯᠴᠠᠬᠤ ᠬᠡᠷᠡᠭᠲᠡᠶ ᠪᠠᠢᠵᠤ᠂ ᠡᠶᠡᠳᠡᠬᠦ ᠪᠦᠲᠦᠮᠵᠢᠲᠡᠶ ᠠᠷᠭ᠎ᠠ ᠵᠠᠮ ᠡᠷᠢᠬᠦ ᠬᠡᠷᠡᠭᠲᠡᠶ ᠃ ᠪᠠᠭᠤᠷᠠᠶ ᠪᠠᠶᠢᠳᠠᠯ ᠳᠤ ᠣᠷᠤᠰᠢᠳᠠᠭ ᠡᠮᠡᠭᠲᠡᠶᠢᠴᠦᠳ ᠪᠡᠶ᠎ᠡ ᠶᠢᠨ ᠡᠷᠬᠡ ᠭᠡᠮᠲᠦᠯ ᠭᠠᠷᠬᠤ ᠦᠢ᠎ᠡ ᠳᠦ ᠳᠠᠷᠤᠢ ᠲᠦᠷᠭᠡᠨ ᠬᠡᠷᠡᠭ ᠮᠡᠳᠡᠭᠦᠯᠦᠨ ᠬᠡᠷᠡᠴᠢ ᠶᠢ ᠪᠠᠲᠤᠲᠠᠢ ᠪᠣᠯᠭᠠᠨ ᠂ ᠵᠣᠬᠢᠶᠠᠨ ᠪᠠᠶᠢᠭᠤᠯᠤᠯᠲᠠ ᠶᠢᠨ ᠬᠠᠪᠰᠤᠷᠤᠯᠭ᠎ᠠ ᠶᠢ ᠡᠷᠢᠵᠦ ᠪᠣᠯᠤᠨ᠎ᠠ ᠃ ᠴᠢᠬᠤᠯᠠ ᠲᠠᠶ ᠦᠢ᠎ᠡ ᠳᠦ ᠠᠷᠠᠳ ᠤᠨ ᠰᠢᠭᠦᠬᠦ ᠬᠣᠷᠢᠶᠠᠨ ᠡᠴᠡ ᠬᠡᠷᠡᠭ ᠪᠣᠯᠭᠠᠨ ᠳᠠᠩᠰᠠᠯᠠᠬᠤ ᠦᠢ᠎ᠡ ᠳᠦ ᠰᠠᠨᠠᠭᠠᠴᠢᠯᠠᠭ᠎ᠠ ᠠᠴᠠ ᠪᠠᠨ ᠨᠥᠭᠥᠭᠡ ᠡᠲᠡᠭᠡᠳ ᠨᠢ ᠬᠦᠴᠦᠷᠬᠡᠭᠯᠡᠯ ᠤᠨ ᠬᠠᠨᠳᠤᠰᠢ ᠲᠠᠢ ᠪᠠᠢᠬᠤ ᠡᠰᠡᠬᠦ ᠯᠠᠪᠯᠠᠨ ᠠᠰᠠᠭᠤᠵᠤ ᠪ᠂ ᠴᠠᠭ ᠲᠤᠬᠠᠶ ᠳᠤᠨᠢ ᠠᠷᠭ᠎ᠠ ᠬᠡᠮᠵᠢᠶ᠎ᠡ ᠠᠪᠬᠤ ᠳᠤ ᠳᠦᠭᠦᠮ ᠦᠵᠡᠭᠦᠯᠬᠦ ᠬᠡᠷᠡᠭᠲᠠᠢ ᠃
ᠦᠨᠡᠯᠡᠬᠦ 0ᠦᠨᠡᠯᠡᠯᠲᠡ ᠲᠠᠢ