5 ᠰᠠᠷ᠎ᠠ ᠶᠢᠨ 31 ᠦ ᠦᠳᠡ ᠶᠢᠨ ᠬᠣᠶᠢᠨᠠ ᠂ ᠬᠣᠲᠠ ᠶᠢᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠢᠷᠭᠡᠨ ᠦ ᠬᠡᠷᠡᠭ ᠤᠨ ᠵᠢᠷᠭᠤᠳᠤᠭᠠᠷ ᠲᠢᠩᠬᠢᠮ ᠦᠨ ᠳᠡᠳ᠋ ᠳᠠᠷᠤᠭ᠎ᠠ ᠸᠠᠩ ᠰᠢᠤᠸᠠᠢ ᠵᠢᠶᠦ᠋ᠨ 16 ᠳ᠋ᠤᠭᠠᠷ ᠳᠠᠪᠬᠤᠷ ᠤᠨ ᠳᠦᠷᠰᠦᠲᠦ ᠬᠤᠷᠠᠯ ᠤᠨ ᠭᠡᠷ ᠲᠤ᠂ ᠲᠡᠭᠦᠨ ᠦ ᠤᠯᠤᠰ ᠤᠨ ᠬᠠᠤᠯᠢ ᠶᠢᠨ ᠲᠤᠰᠢᠶᠠᠯᠲᠠᠨ ᠤ ᠳᠡᠭᠡᠳᠦ ᠰᠤᠷᠭᠠᠭᠤᠯᠢ ᠳᠤ ᠣᠷᠤᠯᠴᠠᠭᠰᠠᠨ《 ᠪᠣᠳᠠᠰ ᠤᠨ ᠡᠷᠬᠡ ᠶᠢᠨ ᠬᠠᠤᠯᠢ ᠶᠢᠨ ᠬᠠᠤᠯᠢ ᠪᠠᠷᠢᠬᠤ ᠲᠠᠶᠢᠯᠪᠤᠷᠢᠯᠠᠯᠲᠠ ( ᠨᠢᠭᠡ ) 》 ᠳᠡᠭᠡᠳᠦ ᠵᠡᠷᠭᠡ ᠶᠢᠨ ᠰᠤᠳᠤᠯᠤᠨ ᠰᠤᠷᠤᠯᠴᠠᠬᠤ ᠠᠩᠭᠢ ᠳᠤ ᠰᠤᠷᠤᠯᠴᠠᠭᠰᠠᠨ ᠠᠭᠤᠯᠭ᠎ᠠ ᠪᠣᠯᠤᠨ ᠬᠣᠯᠪᠣᠭᠳᠠᠬᠤ ᠬᠠᠮᠢᠶ᠎ᠠ ᠪᠥᠬᠥᠢ ᠬᠡᠷᠡᠭ ᠦᠨ ᠵᠢᠱᠢᠶ᠎ᠡ ᠪᠠ ᠬᠠᠯᠠᠭᠤᠨ ᠴᠡᠭ ᠦᠨ ᠠᠰᠠᠭᠤᠳᠠᠯ ᠳᠤ ᠲᠠᠢᠯᠤᠮᠵᠢ ᠬᠡᠭᠰᠡᠨ ᠪᠠᠶᠢᠨ᠎ᠠ ᠃ ᠯᠢ ᠮᠧᠶ ᠷᠦᠩ ᠳᠡᠳ᠋ ᠳᠠᠷᠤᠭ᠎ᠠ ᠂ ᠡᠯ᠎ᠡ ᠢᠷᠭᠡᠨ ᠦ ᠬᠡᠷᠡᠭ ᠢ ᠰᠢᠭᠦᠬᠦ ᠲᠢᠩᠬᠢᠮ ᠪᠠ ᠰᠢᠭᠦᠬᠦ ᠴᠢᠨᠠᠷ ᠲᠤ ᠬᠢᠨᠠᠯᠲᠠ ᠲᠠᠯᠪᠢᠬᠤ ᠲᠢᠩᠬᠢᠮ ᠤᠨ ᠺᠠᠳ᠋ᠷ ᠴᠠᠭᠳᠠᠭ᠎ᠠ ᠲᠤᠰ ᠤᠳᠠᠭᠠᠨ ᠤ ᠰᠣᠷᠣᠯᠴᠠᠯᠭ᠎ᠠ ᠪᠣᠯᠪᠠᠰᠤᠷᠠᠯ ᠳᠤ ᠤᠷᠤᠯᠴᠠᠪᠠ᠃
ᠸᠠᠩ ᠰᠢᠤᠸᠠᠢ ᠵᠢᠶᠦ᠋ᠨ ᠶᠠᠭᠤᠨ ᠤ ᠡᠮᠦᠨ᠎ᠡ ᠤᠯᠠᠨ ᠳᠤ《 ᠪᠣᠳᠠᠰ ᠤᠨ ᠡᠷᠬᠡ ᠶᠢᠨ ᠬᠠᠤᠯᠢ ᠶᠢᠨ ᠬᠠᠤᠯᠢ ᠪᠠᠷᠢᠬᠤ ᠲᠠᠶᠢᠯᠪᠤᠷᠢᠯᠠᠯᠲᠠ ( ᠨᠢᠭᠡ ) 》 ᠶᠢᠨ ᠦᠨᠳᠦᠰᠦᠨ ᠪᠠᠶᠢᠳᠠᠯ ᠢ ᠲᠠᠨᠢᠯᠴᠠᠭᠤᠯᠵᠤ ᠂ ᠲᠡᠭᠦᠨ ᠦ ᠲᠣᠭᠲᠠᠭᠠᠭᠰᠠᠨ ᠠᠬᠤᠶ ᠪᠠᠶᠢᠳᠠᠯ ᠂ ᠠᠴᠢ ᠬᠣᠯᠪᠣᠭᠳᠠᠯ ᠵᠢᠴᠢ ᠭᠣᠣᠯ ᠠᠭᠤᠯᠭ᠎ᠠ ᠢ ᠲᠠᠢᠯᠪᠤᠷᠢᠯᠠᠪᠠ ᠃ ᠳᠠᠷᠠᠭᠠᠯᠠᠪᠠᠯ ᠂ ᠸᠠᠩ ᠰᠢᠤᠸᠠᠢ ᠵᠢᠶᠦ᠋ᠨ ᠡᠴᠡ 《 ᠪᠣᠳᠠᠰ ᠤᠨ ᠡᠷᠬᠡ ᠶᠢᠨ ᠬᠠᠤᠯᠢ ᠶᠢᠨ ᠬᠠᠤᠯᠢ ᠪᠠᠷᠢᠬᠤ ᠲᠠᠶᠢᠯᠪᠤᠷᠢᠯᠠᠯᠲᠠ ( ᠨᠢᠭᠡ ) 》 ᠤᠨ ᠲᠤᠰ ᠭᠠᠵᠠᠷ ᠣᠷᠣᠨ ᠤ ᠬᠠᠤᠯᠢ ᠪᠠᠷᠢᠬᠤ ᠦᠢᠯᠡᠳᠦᠯᠭᠡ ᠲᠠᠢ ᠨᠢᠭᠲᠠ ᠬᠠᠷᠢᠴᠠᠭ᠎ᠠ ᠲᠠᠢ᠂ ᠲᠡᠭᠦᠨ ᠢ ᠭᠠᠷᠴᠤ ᠢᠷᠡᠬᠦ ᠡᠴᠡ ᠡᠮᠦᠨᠡᠬᠢ ᠬᠠᠮᠤᠭ ᠮᠠᠷᠭᠤᠭᠠᠨ ᠲᠠᠢ ᠵᠠᠭᠠᠯᠳᠤᠯᠭ᠎ᠠ ᠪᠣᠯᠤᠨ ᠭᠡᠷ᠎ᠡ ᠶᠢᠨ ᠬᠠᠷᠢᠴᠠᠭ᠎ᠠ ᠶᠢ ᠳᠤᠭᠲᠠᠭᠠᠬᠤ ᠪᠠ ᠵᠠᠭᠠᠯᠳᠤᠯᠭ᠎ᠠ ᠬᠢᠭᠡᠳ ᠣᠨᠳᠣᠣ ᠰᠠᠨᠠᠯ ᠲᠠᠢ ᠵᠠᠭᠠᠯᠳᠤᠯᠭ᠎ᠠ ᠶᠢ ᠭᠦᠢᠴᠡᠳᠬᠡᠬᠦ ᠶᠢ ᠳᠤᠭᠲᠠᠭᠠᠬᠤ ᠵᠡᠷᠡᠭᠡ ᠬᠤᠶᠠᠷ ᠴᠢᠬᠤᠯᠠ ᠲᠠᠯ᠎ᠠ ᠡᠴᠡ ᠲᠠᠢᠯᠪᠤᠷᠤᠯᠠᠯᠲᠠ ᠬᠢᠵᠦ᠂ ᠨᠡᠩ ᠢᠯᠠᠩᠭᠤᠶ᠎ᠠ ᠬᠠᠤᠯᠢ ᠨᠢ ᠵᠣᠬᠢᠰᠲᠠᠢ ᠲᠠᠯ᠎ᠠ ᠪᠡᠷ ᠨᠠᠷᠢᠯᠢᠭ ᠲᠠᠢᠯᠪᠤᠷᠢᠯᠠᠯᠲᠠ ᠬᠢᠭᠰᠡᠨ ᠪᠠᠢᠨ᠎ᠠ᠃ ᠡᠭᠦᠨ ᠡᠴᠡ ᠭᠠᠳᠠᠨ᠎ᠠ ᠂ ᠸᠠᠩ ᠰᠢᠤᠸᠠᠢ ᠵᠢᠶᠦ᠋ᠨ ᠲᠡᠭᠦᠨ ᠦ ᠬᠡᠷᠡᠭ ᠰᠢᠶᠳᠪᠦᠷᠢᠯᠡᠬᠦ ᠶᠠᠪᠤᠴᠠ ᠳᠤᠮᠳᠠ ᠪᠠ ᠰᠤᠷᠤᠯᠴᠠᠬᠤ ᠶᠠᠪᠤᠴᠠ ᠳᠤᠮᠳᠠ ᠲᠣᠬᠢᠶᠠᠯᠳᠤᠭᠰᠠᠨ 《 ᠪᠣᠳᠠᠰ ᠤᠨ ᠡᠷᠬᠡ ᠶᠢᠨ ᠬᠠᠤᠯᠢ ᠶᠢᠨ ᠬᠠᠤᠯᠢ ᠪᠠᠷᠢᠬᠤ ᠲᠠᠶᠢᠯᠪᠤᠷᠢᠯᠠᠯᠲᠠ ( ᠨᠢᠭᠡ ) 》 ᠲᠠᠢ ᠬᠣᠯᠪᠣᠭᠳᠠᠯ ᠪᠦᠬᠦᠢ ᠨᠡᠶᠢᠲᠡᠯᠢᠭ ᠬᠡᠷᠡᠭ ᠦᠨ ᠵᠢᠱᠢᠶ᠎ᠡ ᠶᠢ ᠣᠯᠠᠨ ᠲᠠᠶ ᠬᠠᠮᠲᠤ ᠪᠠᠷ ᠬᠤᠪᠢᠶᠠᠯᠴᠠᠨ ᠂ ᠤᠯᠠᠨ ᠢᠶᠠᠷ ᠢᠶᠠᠨ ᠰᠤᠳᠤᠯᠵᠤ ᠂ ᠬᠠᠥᠯᠢ ᠳᠦᠷᠢᠮ ᠢ ᠨᠡᠩ ᠰᠠᠢᠨ ᠤᠢᠯᠭᠠᠵᠤ ᠬᠡᠷᠡᠭᠯᠡᠬᠦ ᠳᠤ ᠨᠢ ᠳᠥᠬᠦᠮ ᠦᠵᠡᠭᠦᠯᠪᠡ᠃ ᠡᠭᠦᠨ ᠡᠴᠡ ᠭᠠᠳᠠᠨ᠎ᠠ ᠂ ᠸᠠᠩ ᠰᠢᠤᠸᠠᠢ ᠵᠢᠶᠦ᠋ᠨ ᠰᠤᠳᠤᠯᠤᠨ ᠰᠤᠷᠤᠯᠴᠠᠬᠤ ᠠᠩᠭᠢ ᠳᠤ ᠣᠷᠤᠯᠴᠠᠬᠤ ᠡᠴᠡ ᠡᠮᠦᠨ᠎ᠡ ᠪᠡᠯᠡᠳᠬᠡᠯ ᠠᠵᠢᠯ ᠢᠶᠠᠨ ᠭᠦᠢᠴᠡᠳ ᠬᠢᠵᠦ ᠂ ᠡᠯ᠎ᠡ ᠳᠠᠭᠠᠭᠠᠨ ᠭᠦᠢᠴᠡᠳᠬᠡᠭᠴᠢ ᠬᠡᠷᠡᠭ ᠰᠢᠳᠬᠡᠬᠦ ᠶᠠᠪᠤᠴᠠ ᠳᠤᠮᠳᠠ ᠲᠣᠬᠢᠶᠠᠯᠳᠤᠭᠰᠠᠨ ᠬᠦᠴᠢᠷ ᠲᠦᠪᠡᠭᠲᠡᠶ ᠠᠰᠠᠭᠤᠳᠠᠯ ᠢ ᠬᠢᠴᠢᠶᠡᠯᠯᠡᠵᠦ ᠪᠠᠶᠢᠭ᠎ᠠ ᠪᠠᠭᠰᠢ ᠡᠴᠡ ᠪᠡᠨ ᠠᠰᠠᠭᠤᠵᠤ ᠂ ᠪᠠᠭᠰᠢ ᠶᠢᠨ ᠬᠠᠷᠢᠭᠤᠯᠲᠠ ᠬᠠᠷᠢᠭᠤ ᠲᠤᠰᠬᠠᠭᠰᠠᠨ ᠪᠠᠢᠨ᠎ᠠ ᠃ ᠡᠴᠦᠰ ᠲᠦ ᠂ ᠯᠢ ᠮᠧᠶ ᠷᠦᠩ ᠳᠡᠳ᠋ ᠳᠠᠷᠤᠭ᠎ᠠ ᠡᠴᠡ ᠂ ᠡᠨᠡ ᠤᠳᠠᠭᠠᠨ ᠤ ᠡᠷᠬᠢᠯᠡᠭᠰᠡᠨ ᠰᠤᠷᠤᠯᠴᠠᠬᠤ ᠪᠣᠯᠪᠠᠰᠤᠷᠠᠭᠤᠯᠤᠯ ᠠᠩᠬᠢ ᠨᠢ ᠮᠠᠰᠢ ᠰᠠᠢᠨ ᠠᠮᠵᠢᠯᠲᠠ ᠣᠯᠵᠤ ᠂ ᠪᠦᠳᠡᠭᠢ ᠪᠠᠯᠠᠷᠬᠠᠶ ᠬᠠᠤᠯᠢ ᠶᠢᠨ ᠵᠦᠢᠯ ᠢ ᠭᠦᠨᠵᠡᠭᠡᠶ ᠤᠢᠯᠭᠠᠪᠠ᠂ ᠲᠡᠷᠡ ᠬᠣᠵᠢᠮ ᠡᠶᠢᠮᠦᠷᠬᠦ ᠪᠣᠯᠪᠠᠰᠤᠷᠠᠯ ᠳᠤ ᠣᠷᠣᠯᠴᠠᠭᠰᠠᠨ ᠺᠠᠳ᠋ᠷ ᠴᠠᠭᠳᠠᠭ᠎ᠠ ᠨᠠᠷ ᠪᠣᠯᠪᠠᠰᠤᠷᠠᠯ ᠳᠠᠭᠤᠰᠤᠭᠰᠠᠨ ᠤ ᠳᠠᠷᠠᠭ᠎ᠠ ᠰᠤᠷᠤᠯᠴᠠᠭᠰᠠᠨ ᠠᠭᠤᠯᠭ᠎ᠠ ᠪᠡᠨ ᠤᠯᠠᠮᠵᠢᠯᠠᠬᠤ ᠶᠢ ᠵᠣᠷᠢᠭᠵᠢᠭᠤᠯᠵᠤ᠂ ᠪᠤᠰᠤᠳ ᠺᠠᠳ᠋ᠷ ᠴᠠᠭᠳᠠᠭ᠎ᠠ ᠳᠤ ᠴᠤ ᠠᠰᠢᠭ ᠬᠦᠷᠲᠡᠭᠡᠬᠦ ᠭᠡᠷᠡᠭᠲᠠᠢ ᠭᠡᠪᠡ ᠃
ᠬᠣᠷᠢᠶᠠᠨ ᠡᠴᠡ ᠡᠶᠢᠮᠦ ᠡᠷᠬᠢᠮ ᠨᠠᠨᠳᠢᠨ ᠲᠣᠬᠢᠶᠠᠯ ᠬᠠᠩᠭ᠋ᠠᠭᠰᠠᠨ ᠡᠴᠡ ᠡᠨᠡ ᠤᠳᠠᠭᠠᠨ ᠤ ᠰᠤᠷᠤᠯᠴᠠᠯᠭ᠎ᠠ ᠪᠣᠯᠪᠠᠰᠤᠷᠠᠯ ᠢ ᠡᠷᠬᠢᠯᠡᠵᠦ᠂ ᠺᠠᠳ᠋ᠷ ᠴᠠᠭᠳᠠᠭ᠎ᠠ ᠨᠠᠷ ᠤᠨ ᠰᠤᠷᠤᠯᠴᠠᠬᠤ ᠳᠤ ᠰᠠᠢᠨ ᠰᠠᠶᠢᠬᠠᠨ ᠨᠥᠬᠥᠴᠡᠯ ᠢ ᠪᠦᠷᠢᠯᠳᠦᠭᠦᠯᠵᠦ ᠥᠭᠪᠡ᠃ ᠪᠣᠯᠪᠠᠰᠤᠷᠠᠯ ᠨᠢ ᠨᠡᠩ ᠤᠯᠠᠨ ᠺᠠᠳ᠋ᠷ ᠴᠠᠭᠳᠠᠭ᠎ᠠ ᠨᠠᠷ ᠲᠡᠭᠦᠨ ᠦ ᠳᠤᠮᠳᠠ ᠠᠴᠠ ᠠᠰᠢᠭ ᠣᠯᠵᠤ ᠬᠦᠷᠲᠡᠪᠡ ᠃ ᠡᠭᠦᠨ ᠦ ᠬᠠᠮᠲᠤ ᠂ ᠺᠠᠳ᠋ᠷ ᠴᠠᠭᠳᠠᠭ᠎ᠠ ᠨᠠᠷ ᠤᠨ ᠢᠳᠡᠪᠬᠢᠲᠡᠶ ᠣᠷᠤᠯᠴᠠᠭᠰᠠᠨ ᠨᠢ ᠮᠠᠨ ᠤ ᠬᠣᠷᠢᠶᠠᠨ ᠤ ᠺᠠᠳ᠋ᠷ ᠴᠠᠭᠳᠠᠭ᠎ᠠ ᠨᠠᠷ ᠤᠨ ᠲᠤᠬᠠᠶᠢᠯᠠᠭᠰᠠᠨ ᠠᠵᠢᠯ ᠤᠨ ᠮᠡᠳᠡᠯᠭᠡ ᠶᠢ ᠢᠳᠡᠪᠬᠢᠲᠡᠶ ᠰᠤᠷᠤᠯᠴᠠᠬᠤ ᠰᠢᠷᠭᠠᠭᠤ ᠵᠣᠷᠢᠭ ᠰᠠᠨᠠᠭ᠎ᠠ ᠶᠢ ᠬᠠᠷᠠᠭᠤᠯᠤᠭᠰᠠᠨ ᠪᠠᠢᠨ᠎ᠠ ᠃
ᠦᠨᠡᠯᠡᠬᠦ 0ᠦᠨᠡᠯᠡᠯᠲᠡ᠎ᠲᠠᠢ