《 ᠲᠢᠩᠬᠢᠮ ᠤᠨ ᠰᠢᠭᠦᠯᠲᠡ ᠶᠢᠨ ᠰᠢᠭᠤᠳ ᠨᠡᠪᠲᠡᠷᠡᠭᠦᠯᠬᠡ  ᠶᠢᠨ ᠵᠠᠷᠯᠠᠯ》 ᠪᠤᠭᠤᠲᠤ ᠳᠤ ᠬᠦᠷᠴᠦ ᠬᠣᠣᠷ ᠠᠷᠠᠯᠵᠢᠶᠠᠯᠠᠬᠤ ᠬᠡᠰᠡᠨ ᠰᠠᠷᠢᠭᠠᠯᠠᠭᠴᠢ ᠵᠦᠩᠭᠠᠷ ᠬᠣᠰᠢᠭᠤᠨ ᠳᠤ ᠪᠠᠷᠢᠭᠳᠠᠪᠠ
2016.12.07 ᠲᠣᠰ ᠥᠷᠲᠡᠭᠡᠨ ᠦ ᠨᠠᠢᠷᠠᠭᠤᠯᠤᠭᠴᠢ

 

 

6᠎ ᠰᠠᠷ᠎ᠠ ᠶᠢᠨ 30᠎ ᠤ ᠦᠳᠡ ᠶᠢᠨ ᠡᠮᠦᠨ᠎ᠡ 9᠎ ᠴᠠᠭ ᠲᠤ ᠂ ᠣᠷᠳᠣᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠵᠠᠭᠠᠯᠳᠤᠭᠳᠠᠭᠴᠢ  ᠯᠢ ᠵᠢᠶᠦ᠋ᠨ ᠴᠢᠥᠸᠠᠨ ᠤ ᠬᠣᠣᠷ ᠲᠡᠭᠡᠪᠥᠷᠢᠯᠡᠵᠦ ᠠᠷᠠᠯᠵᠢᠶᠠᠯᠠᠭᠰᠠᠨᠢᠯᠡ ᠬᠡᠷᠡᠭ ᠢ ᠢᠯᠡ ᠪᠡᠷ ᠲᠢᠩᠬᠢᠮ ᠨᠡᠭᠡᠭᠡᠵᠦ  ᠰᠢᠭᠦᠬᠦ ᠪᠣᠯᠤᠨ᠎ᠠ᠃  ᠲᠤᠬᠠᠢ ᠶᠢᠨ ᠦᠢ᠎ᠡ ᠳᠦ ᠂ ᠮᠠᠨ ᠤ ᠬᠣᠷᠢᠶᠠᠨ ᠤ ᠠᠯᠪᠠᠨ ᠤ ᠪᠢᠴᠢᠯ  ᠪᠦᠷᠭᠡ ᠪᠡᠷ ᠲᠢᠩᠬᠢᠮ ᠦᠨ ᠰᠢᠭᠦᠯᠲᠡ ᠶᠢᠨ ᠪᠠᠶᠢᠳᠠᠯ ᠢ ᠰᠢᠭᠤᠳ ᠨᠡᠪᠲᠡᠷᠡᠭᠦᠯᠦᠨ᠎ᠡ ᠃ ᠤᠯᠠᠨ ᠢᠶᠠᠷ ᠢᠶᠠᠨ  ᠳᠡᠭᠡᠷᠡᠬᠢ ᠬᠣᠶᠠᠷ ᠬᠡᠮᠵᠢᠯ ᠦᠨ ᠲᠡᠮᠳᠡᠭ ᠢ ᠰᠢᠷᠪᠢᠵᠦ ᠰᠢᠭᠤᠳ ᠨᠡᠪᠲᠡᠷᠡᠭᠦᠯᠬᠡ ᠶᠢ ᠦᠵᠡᠬᠦ ᠪᠣᠯᠤᠨ᠎ᠠ ᠂ ᠪᠠᠰᠠ ᠠᠯᠪᠠᠨ ᠤ ᠲᠠᠯ᠎ᠠ ᠶᠢᠨ ᠪᠢᠴᠢᠯ ᠪᠦᠷᠭᠡ ᠡᠴᠡ ᠦᠵᠡᠵᠦ  ᠪᠣᠯᠤᠨ᠎ᠠ ᠂  ᠸᠸᠢᠴᠸᠲ ᠳᠡᠭᠡᠷ᠎ᠡ ᠡᠴᠡ《 ᠬᠠᠤᠯᠢ ᠪᠠᠷᠢᠬᠤ ᠶᠢ ᠢᠯᠠ ᠪᠣᠯᠭᠠᠬᠤ  ᠪᠤᠯᠤᠩ  ᠡᠴᠡ ᠢᠵᠢᠯ ᠠᠯᠬᠤᠮᠳᠤ ᠨᠡᠪᠲᠡᠷᠡᠭᠦᠯᠭᠡ ᠶᠢ ᠰᠣᠨᠢᠷᠬᠠᠨ ᠦᠵᠡᠵᠦ ᠪᠣᠯᠤᠨ᠎ᠠ ᠃ ᠤᠯᠠᠨ ᠢᠶᠠᠷ ᠢᠶᠠᠨ  ᠠᠩᠬᠠᠷᠤᠯ ᠢᠶᠡᠨ ᠬᠠᠨᠳᠤᠭᠤᠯᠠᠭᠠᠷᠠᠢ ᠃

《 ᠬᠡᠷᠡᠭ ᠦᠨ ᠪᠠᠶᠢᠳᠠᠯ ᠢ ᠲᠣᠪᠴᠢ ᠲᠠᠨᠢᠯᠴᠠᠭᠤᠯᠭ᠎ᠠ 》᠎ 2015᠎    ᠣᠨ ᠤ7᠎ ᠰᠠᠷ᠎ᠠ ᠶᠢᠨ21᠎ ᠤ ᠡᠳᠦᠷ ᠂ ᠵᠠᠭᠠᠯᠳᠤᠭᠳᠠᠭᠴᠢ ᠯᠢ ᠵᠢᠶᠦ᠋ᠨ ᠴᠢᠥᠸᠠᠨ ᠱᠠᠨ ᠰᠢ ᠮᠤᠵᠢ ᠶᠢᠨ  ᠵᠢᠩ ᠯᠧ ᠰᠢᠶᠠᠨ ᠤ ᠭᠤᠤ ᠼᠦᠨ ᠭᠠᠴᠠᠭᠠᠨ ᠤ ᠣᠷᠴᠢᠮ28᠎ ᠲᠦᠮᠡᠨ ᠲᠥᠭᠥᠷᠢᠭ ᠦᠨ ᠦᠨ᠎ᠡ ᠪᠡᠷ  ᠯᠢ ᠢᠦᠢ ᠹᠧᠩ ᠵᠦᠭ ( ᠬᠤᠴᠢ ᠨᠡᠷ᠎ᠡ ᠨᠢ ᠵᠠᠯᠠᠭᠤ ᠪᠡᠷᠢ ) ( ᠳᠤᠲᠠᠭᠠᠵᠤ  ᠪᠠᠢᠨ᠎ᠠ) ᠡᠴᠡ 500᠎ ᠭᠠᠷᠤᠶ ᠭᠷᠠᠮ ᠬᠣᠣᠷᠲᠤ ᠡᠳ᠋ ᠾᠧᠷᠣᠶ᠋ᠢᠨ ᠢ ᠬᠤᠳᠠᠯᠳᠤᠨ  ᠠᠪᠤᠪᠠ᠃ 2015᠎ ᠣᠨ ᠤ7᠎ ᠰᠠᠷ᠎ᠠ ᠶᠢᠨ22᠎ ᠤ ᠡᠳᠦᠷ ᠂ ᠵᠠᠭᠠᠯᠳᠤᠭᠳᠠᠭᠴᠢ ᠯᠢ  ᠵᠢᠶᠦ᠋ᠨ ᠴᠢᠥᠸᠠᠨ ᠲᠡᠷᠭᠡᠨ ᠫᠠᠶᠢᠰᠠ  ᠨᠢ 京PA7C35᠎  ᠪᠣᠯᠬᠤ ᠪᠡᠭᠡᠵᠢᠩ  ᠰᠢᠶᠠᠨ  ᠳ᠋ᠠᠢ ᠬᠡᠭᠡᠷ᠎ᠡ ᠠᠶᠠᠯᠠᠬᠤ ᠮᠠᠰᠢᠨ ᠲᠡᠷᠭᠡ  ᠪᠡᠷ ᠪᠤᠭᠤᠲᠤ ᠬᠤᠳᠠ ᠱᠤᠸᠠᠩ ᠯᠦᠩ ᠪᠠᠯᠭᠠᠰᠤ ᠬᠦᠷᠴᠦ ᠲᠤᠰ ᠬᠣᠣᠷᠲᠤ ᠡᠳ᠋  ᠢᠶᠡᠨ ᠬᠤᠳᠠᠯᠳᠤᠬᠤ ᠭᠡᠪᠡ᠃ ᠲᠡᠷᠡ ᠲᠡᠷᠭᠡ ᠵᠡᠭᠦᠨᠭᠠᠷ  ᠬᠣᠰᠢᠭᠤᠨ ᠤ ᠱᠠᠭᠳᠠᠷ ᠪᠠᠯᠭᠠᠰᠤ ᠶᠢᠨ  ᠴᠢᠯᠠᠭᠤᠨ ᠲᠤᠬᠠᠢ ᠪᠠᠶᠢᠴᠠᠭᠠᠬᠤ  ᠥᠷᠲᠡᠭᠡ ᠬᠦᠷᠬᠦ ᠦᠶ᠎ᠡ ᠳᠦ ᠂ ᠵᠡᠭᠦᠨᠭᠠᠷ ᠬᠣᠰᠢᠭᠤᠨ ᠤ ᠳᠣᠲᠣᠭᠠᠳᠤ  ᠶᠢ ᠬᠠᠮᠠᠭᠠᠯᠠᠬᠤ ᠠᠷᠠᠳ ᠤᠨ ᠴᠠᠭᠳᠠᠭ᠎ᠠ ᠲᠤᠰ ᠲᠡᠷᠭᠡᠨ ᠳᠡᠭᠡᠷ᠎ᠡ  ᠡᠴᠡ ᠯᠢ ᠵᠢᠶᠦ᠋ᠨ ᠴᠢᠥᠸᠠᠨ ᠤ ᠪᠡᠶ᠎ᠡ ᠳᠡᠭᠡᠨ ᠠᠪᠴᠤ ᠶᠠᠪᠤᠭᠰᠠᠨ ᠬᠣᠣᠷᠲᠤ ᠡᠳ᠋ ᠦᠨ ᠰᠡᠵᠢᠭᠯᠡᠯᠲᠡᠶ ᠪᠣᠳᠠᠰ ᠭᠤᠷᠪᠠᠨ ᠰᠦᠯᠢᠶᠣᠣ ᠪᠣᠭᠣᠳᠠᠯ ᠢ ᠪᠠᠢᠴᠠᠭᠠᠵᠤ ᠣᠯᠪᠠ ᠃ ᠬᠢᠨᠠᠨ ᠲᠣᠭᠲᠠᠭᠠᠬᠤ ᠪᠠᠷ ᠳᠠᠮᠵᠢᠭᠠᠳ ᠂ ᠰᠡᠵᠢᠭᠯᠡᠯᠲᠡᠶ ᠭᠤᠷᠪᠠᠨ ᠰᠦᠯᠢᠶᠣᠣ ᠪᠣᠭᠣᠳᠠᠯ ᠪᠦᠷᠢᠯᠳᠦᠬᠦᠨ ᠨᠢ ᠴᠥᠮ ᠾᠧᠷᠣᠶ᠋ᠢᠨ  ᠪᠠᠢᠵᠤ᠂ ᠴᠡᠪᠡᠷ ᠬᠦᠨᠳᠦ  ᠨᠢ 529᠎ ᠭᠷᠠᠮ ᠂ ᠠᠭᠤᠯᠤᠭᠳᠠᠴᠠ 32.6% ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )