ᠬᠣᠲᠠ ᠶᠢᠨ ᠳᠤᠮᠳᠠ ᠵᠡᠷᠭᠡ  ᠶᠢᠨ ᠰᠢᠭᠦᠬᠦ ᠬᠣᠷᠢᠶᠠᠨ ᠤ ᠰᠠᠬᠢᠯᠭ᠎ᠠ ᠬᠢᠨᠠᠨ ᠪᠠᠶᠢᠴᠠᠭᠠᠬᠤ ᠺᠠᠳ᠋ᠷᠴᠤᠳ ᠵᠢᠩ ᠭᠠᠩ ᠱᠠᠨ  ᠳᠤ ᠬᠦᠷᠴᠦ ᠰᠤᠷᠤᠯᠴᠠᠯᠭ᠎ᠠ ᠪᠣᠯᠪᠠᠰᠤᠷᠠᠯ ᠬᠢᠪᠡ
2016.12.07 ᠲᠣᠰ ᠥᠷᠲᠡᠭᠡᠨ ᠦ ᠨᠠᠢᠷᠠᠭᠤᠯᠤᠭᠴᠢ

 

ᠪᠦᠭᠦ ᠬᠤᠲᠠ ᠶᠢᠨ ᠰᠢᠭᠦᠬᠦ ᠬᠣᠷᠢᠶᠠᠨ ᠤ ᠰᠠᠬᠢᠯᠭ᠎ᠠ ᠪᠠᠲᠤ ᠬᠢᠨᠠᠨ ᠪᠠᠶᠢᠴᠠᠭᠠᠬᠤ ᠺᠠᠳ᠋ᠷ ᠤᠨ ᠡᠩᠨᠡᠭᠡ ᠶᠢᠨ ᠤᠨᠦᠯ ᠤᠨ ᠪᠠ ᠲᠤᠬᠠᠶᠢᠯᠠᠭᠰᠠᠨ ᠠᠵᠢᠯ ᠤᠨ ᠬᠢᠷᠢ ᠬᠡᠮᠵᠢᠶ᠎ᠡ  ᠶᠢ ᠳᠡᠭᠡᠭᠰᠢᠯᠡᠭᠦᠯᠬᠦ ᠶᠢᠨ ᠲᠤᠰᠠᠲᠠ᠂2016᠎  ᠣᠨ ᠤ7᠎ ᠰᠠᠷ᠎ᠠ ᠶᠢᠨ1᠎ ᠤ ᠡᠳᠦᠷ ᠂  ᠬᠣᠲᠠ  ᠶᠢᠨ ᠳᠤᠮᠳᠠ ᠵᠡᠷᠭᠡ  ᠶᠢᠨ ᠰᠢᠭᠦᠬᠦ  ᠬᠣᠷᠢᠶ᠎ᠠ ᠬᠣᠶᠠᠷ ᠱᠠᠲᠤᠨ ᠤ ᠰᠢᠭᠦᠬᠦ ᠬᠣᠷᠢᠶᠠᠨ ᠤ ᠰᠠᠬᠢᠯᠭ᠎ᠠ ᠪᠠᠲᠤ ᠬᠢᠨᠠᠨ ᠪᠠᠶᠢᠴᠠᠭᠠᠬᠤ ᠺᠠᠳ᠋ᠷᠴᠤᠳ ᠢ ᠵᠣᠬᠢᠶᠠᠨ ᠪᠠᠢᠭᠤᠯᠵᠤ ᠬᠤᠪᠢᠰᠬᠠᠯ ᠤᠨ ᠲᠠᠷᠬᠠᠨ ᠭᠤᠯᠤᠮᠳ᠋ᠠ ᠵᠢᠩ ᠭᠠᠩ ᠱᠠᠨ  ᠳᠤ ᠬᠦᠷᠴᠦ ᠤ ᠨᠠᠶᠮᠠᠨ ᠡᠳᠦᠷ ᠦᠨ ᠬᠤᠭᠤᠴᠠᠭ᠎ᠠ ᠲᠠᠶ ᠰᠤᠷᠤᠯᠴᠠᠭᠤᠯᠤᠨ  ᠪᠤᠯᠪᠠᠰᠤᠷᠠᠭᠤᠯᠤᠭᠰᠠᠨ ᠪᠠᠶᠢᠨ᠎ᠠ ᠃ ᠵᠢᠶᠠᠩᠰᠢ ᠮᠤᠵᠢ ᠶᠢᠨ  ᠰᠠᠬᠢᠯᠭ᠎ᠠ ᠪᠠᠲᠤ ᠶᠢ ᠪᠠᠢᠴᠠᠭᠠᠬᠤ ᠬᠣᠷᠢᠶᠠᠨ ᠤ ᠵᠢᠩ ᠭᠠᠩ ᠱᠠᠨ ᠠᠭᠤᠯᠠᠨ ᠤ ᠬᠥᠮᠦᠵᠢᠭᠦᠯᠦᠨ ᠪᠣᠯᠪᠠᠰᠤᠷᠠᠭᠤᠯᠬᠤ  ᠲᠥᠪ ᠨᠢ ᠬᠢᠴᠢᠶᠡᠯ ᠦᠨ ᠲᠠᠩᠬᠢᠮ ᠳᠤ ᠵᠢᠭᠠᠨ ᠰᠤᠷᠭᠠᠬᠤ ᠪᠠ ᠲᠤᠬᠠᠶ ᠶᠢᠨ  ᠲᠠᠯᠠᠪᠤᠷ ᠲᠠᠬᠢ ᠵᠢᠭᠠᠨ ᠰᠤᠷᠭᠠᠯᠲᠠ  ᠢ ᠤᠶᠠᠯᠳᠤᠭᠤᠯᠤᠭᠰᠠᠨ ᠠᠷᠭ᠎ᠠ ᠬᠡᠯᠪᠡᠷᠢ ᠪᠡᠷ  ᠬᠢᠴᠢᠶᠡᠯᠯᠡᠯᠭᠰᠡᠨ ᠪᠠᠶᠢᠨ᠎ᠠ ᠃ ᠬᠢᠴᠢᠶᠡᠯᠯᠡᠬᠦ ᠭᠣᠣᠯ ᠠᠭᠤᠯᠭ᠎ᠠ ᠨᠢ ᠄ ᠳᠤᠮᠳᠠᠳᠤ ᠤᠯᠤᠰ ᠤᠨ ᠬᠤᠪᠢᠰᠬᠠᠯ ᠤᠨ ᠬᠥᠭᠵᠢᠯᠲᠡ ᠶᠢᠨ ᠶᠠᠪᠤᠴᠠ ᠂ ᠬᠣᠶᠠᠷ  ᠢ ᠰᠤᠷᠤᠯᠴᠠᠬᠤ ᠲᠠᠶᠢᠯᠤᠮᠵᠢ ᠂ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠂ ᠵᠢᠩ ᠭᠠᠩ ᠱᠠᠨ ᠠᠭᠤᠯᠠᠨ ᠤ ᠲᠡᠮᠡᠴᠡᠯ ᠪᠠ ᠵᠢᠩ ᠭᠠᠩ ᠱᠠᠨ ᠤ ᠵᠣᠷᠢᠭ ᠰᠠᠨᠠᠭ᠎ᠠ ᠂ ᠰᠠᠬᠢᠯᠭ᠎ᠠ ᠪᠠᠲᠤ ᠬᠢᠨᠠᠨ ᠪᠠᠶᠢᠴᠠᠭᠠᠬᠤ ᠬᠡᠷᠡᠭ  ᠢ ᠬᠡᠷᠬᠢᠨ ᠰᠠᠢᠨ ᠬᠢᠬᠦ ᠵᠡᠷᠭᠡ ᠪᠣᠯᠤᠨ᠎ᠠ᠃ ᠲᠤᠰᠬᠠᠶ ᠮᠡᠷᠭᠡᠵᠢᠯᠲᠡᠨ ᠫᠷᠤᠹᠸᠰᠰᠤᠷ ᠨᠡᠷ ᠤᠨ ᠬᠢᠴᠢᠶᠡᠯ  ᠤᠨ ᠠᠭᠤᠯᠭ᠎ᠠ ᠨᠢ ᠠᠤᠭ᠎ᠠ ᠶᠡᠬᠡ ᠂ ᠲᠡᠦᠬᠡ ᠪᠣᠯᠤᠨ ᠪᠣᠳᠠᠲᠤ ᠠᠬᠤᠶ ᠶᠢ ᠬᠠᠷᠢᠯᠴᠠᠨ ᠤᠶᠠᠯᠳᠤᠭᠤᠯᠵᠤ ᠂ ᠤᠨᠤᠯ ᠢ ᠪᠣᠳᠠᠲᠤ ᠪᠠᠶᠢᠳᠠᠯ ᠲᠠᠶ ᠤᠶᠠᠯᠳᠤᠭᠤᠯᠵᠤ᠂ ᠭᠦᠨᠵᠡᠭᠡᠶ ᠪᠥᠭᠡᠳ ᠣᠶᠢᠯᠠᠭᠠᠮᠵᠢᠲᠠᠶ ᠂ ᠨᠥᠯᠥᠭᠡᠯᠡᠬᠦ ᠬᠦᠴᠦᠨ  ᠢᠶᠡᠷ ᠴᠢᠩᠭ᠎ᠠ ᠂ ᠮᠠᠰᠢ ᠴᠢᠩᠭ᠎ᠠ ᠵᠢᠯᠣᠭᠣᠳᠬᠤ ᠴᠢᠨᠠᠷᠲᠠᠶ ᠪᠠ ᠦᠢᠯᠡᠳᠦᠯᠭᠡ ᠶᠢᠨ ᠴᠢᠨᠠᠷ ᠲᠠᠢ ᠃ ᠲᠤᠬᠠᠶ ᠶᠢᠨ ᠭᠠᠵᠠᠷ ᠲᠠᠬᠢ ᠵᠢᠭᠠᠨ ᠰᠤᠷᠭᠠᠯᠲᠠ  ᠳᠤ᠂ ᠵᠢᠩ ᠭᠠᠩ ᠱᠠᠨ ᠠᠭᠤᠯᠠᠨ ᠤ ᠬᠤᠪᠢᠰᠬᠠᠯ ᠤᠨ ᠲᠥᠯᠥᠭᠡ ᠨᠥᠭᠴᠢᠭᠰᠡᠨ ᠪᠠᠭᠠᠲᠤᠷᠴᠤᠳ ᠤᠨ ᠪᠤᠩᠬᠤᠨ ᠢ ᠲᠣᠭᠤᠷᠢᠨ ᠦᠵᠡᠭᠰᠡᠨ ᠪᠥᠭᠡᠳ ᠴᠠᠭᠠᠷᠢᠭᠲᠤ ᠴᠡᠴᠡᠭ ᠬᠦᠷᠭᠡᠭᠰᠡᠨ ᠪᠠᠶᠢᠨ᠎ᠠ ᠃  ᠼᠢ  ᠫᠢᠩ ᠳᠡᠬᠢ ᠮᠠᠤ ᠽᠸ ᠳ᠋ᠦᠩ ᠦᠨ ᠬᠠᠭᠤᠴᠢᠨ ᠰᠠᠭᠤᠴᠠ ᠂ ᠶᠡᠬᠡ ᠬᠤᠳᠳᠤᠭ ᠳᠡᠬᠢ ᠮᠠᠤ ᠽᠸ ᠳ᠋ᠦᠩ ᠂ ᠵᠤ ᠳ᠋ᠸ  ᠶᠢᠨ ᠣᠷᠣᠨ ᠰᠠᠭᠤᠴᠠ  ᠂ ᠪᠠᠭ᠎ᠠ ᠬᠤᠳᠳᠤᠭ ᠳ᠋ᠡᠬᠢ ᠤᠯᠠᠭᠠᠨ ᠴᠡᠷᠢᠭ ᠦᠨ ᠡᠮᠨᠡᠯᠭᠡ ᠶᠢᠨ ᠬᠣᠷᠢᠶ᠎ᠠ ᠂ ᠬᠤᠸᠠᠩ ᠶᠠᠩ ᠵᠢᠶᠸ  ᠵᠡᠷᠭᠡ ᠭᠠᠵᠠᠷ ᠢᠶᠡᠷ ᠲᠣᠭᠤᠷᠢᠨ ᠦᠵᠡᠪᠡ ᠂ ᠳᠠᠬᠢᠨ ᠲᠤᠬᠠᠶ ᠶᠢᠨ ᠵᠢᠯ ᠦᠨ ᠤᠯᠠᠭᠠᠨ ᠴᠡᠷᠢᠭ ᠴᠢᠰᠤ ᠤᠷᠤᠰᠬᠠᠨ ᠪᠠᠢᠯᠳᠤᠭᠰᠠᠨ ᠪᠠᠭᠠᠲᠤᠷᠯᠢᠭ ᠦᠢᠯᠡ ᠠᠵᠢᠯᠠᠯᠭ᠎ᠠ᠂ ᠴᠡᠷᠢᠭ ᠠᠷᠠᠳ ᠤᠨ ᠬᠣᠭᠣᠷᠣᠨᠳᠣᠬᠢ  ᠬᠠᠷᠢᠴᠠᠭ᠎ᠠ ᠵᠢᠭᠠᠰᠤ ᠤᠰᠤᠨ ᠮᠡᠲᠦ  ᠶᠢ ᠬᠠᠷᠠᠭᠤᠯᠤᠭᠰᠠᠨ ᠲᠣᠮᠣ ᠬᠡᠯᠪᠡᠷᠢ ᠶᠢᠨ ᠪᠣᠳᠠᠲᠤ ᠦᠵᠡᠭᠳᠡᠯᠲᠦ ᠲᠣᠭᠯᠠᠯᠲᠠ 《 ᠵᠢᠩ ᠭᠠᠩ ᠱᠠᠨ 》᠎ ᠢ ᠦᠵᠡᠨ ᠰᠤᠨᠢᠷᠬᠠᠪᠠ ᠃ ᠵᠢᠩ ᠭᠠᠩ ᠱᠠᠨ ᠠᠭᠤᠯᠠᠨ ᠳᠤ ᠣᠴᠢᠭᠰᠠᠨ ᠭᠠᠵᠠᠷ ᠪᠦᠬᠦᠨ ᠳᠦ ᠴᠥᠮ ᠬᠥᠮᠦᠨ ᠦ ᠰᠡᠳᠬᠢᠯ ᠢ ᠬᠥᠳᠡᠯᠭᠡᠵᠦ᠂ ᠵᠣᠷᠢᠭ ᠢ ᠬᠦᠪᠴᠢᠯᠡᠨ᠎ᠠ ᠃

ᠵᠢᠩ ᠭᠠᠩ ᠱᠠᠨ ᠠᠭᠤᠯᠠᠨ ᠤ ᠨᠢᠭᠡᠨ ᠰᠦᠷᠯᠢᠭ ᠰᠠᠶᠢᠬᠠᠨ ᠠᠭᠤᠯᠠ ᠂ ᠨᠡᠩ ᠴᠤ ᠨᠢᠭᠡᠨ ᠤᠯᠠᠭᠠᠨ ᠤ ᠠᠭᠤᠯᠠ ᠂ ᠪᠠᠭᠠᠲᠤᠷ  ᠤᠨ ᠠᠭᠤᠯᠠ ᠃ 1927᠎ ᠣᠨ ᠤ 10᠎ ᠰᠠᠷ᠎ᠠ ᠳᠤ ᠮᠠᠤ ᠽᠸ ᠳ᠋ᠦᠩ ᠨᠠᠮᠤᠷ ᠤᠨ ᠬᠤᠷᠢᠶᠠᠯᠲᠠ ᠶᠢᠨ ᠪᠣᠰᠣᠯᠭ᠎ᠠ ᠶᠢᠨ ᠴᠡᠷᠢᠭ ᠢ ᠳᠠᠭᠠᠭᠤᠯᠤᠨ ᠳᠣᠯᠣᠭᠠᠨ ᠵᠠᠭᠤᠨ ᠬᠥᠮᠦᠨ ᠬᠦᠷᠬᠦ ᠦᠭᠡᠢ ᠴᠡᠷᠢᠭ ᠵᠢᠩ ᠭᠠᠩ ᠱᠠᠨ ᠳᠤ  ᠢᠷᠡᠵᠦ᠂ ᠳᠤᠮᠳᠠᠳᠤ ᠤᠯᠤᠰ ᠤᠨ ᠬᠤᠪᠢᠰᠬᠠᠯ ᠤᠨ ᠲᠦᠳᠡᠭ ᠭᠠᠯ  ᠠᠰᠠᠭᠠᠪᠠ ᠂ ᠬᠤᠪᠢᠰᠬᠠᠯ ᠤᠨ ᠰᠠᠭᠤᠷᠢᠨ ᠭᠠᠵᠠᠷ ᠢ ᠡᠭᠦᠳᠦᠨ ᠪᠠᠶᠢᠭᠤᠯᠵᠤ ᠂ ᠠᠵᠢᠯᠴᠢᠨ ᠲᠠᠷᠢᠶᠠᠴᠢᠨ ᠤ ᠵᠡᠪᠰᠡᠭᠲᠦ ᠬᠡᠰᠡᠭᠯᠡᠨ ᠡᠵᠡᠯᠡᠯᠲᠡ ᠢ ᠨᠡᠭᠡᠭᠡᠵᠦ ᠂ ᠬᠥᠳᠡᠭᠡ ᠲᠣᠰᠬᠣᠨ ᠢᠶᠠᠷ ᠬᠤᠳᠠ ᠶᠢ ᠪᠦᠰᠡᠯᠡᠬᠦ ᠵᠡᠮ  ᠢ ᠡᠭᠦᠳᠦᠨ᠂ ᠳᠤᠮᠳᠠᠳᠤ ᠤᠯᠤᠰ ᠤᠨ ᠬᠤᠪᠢᠰᠬᠠᠯ ᠤᠨ ᠡᠴᠦᠰ ᠦᠨ ᠢᠯᠠᠯᠲᠠ ᠶᠢ  ᠤᠯᠬᠤ ᠳᠤ ᠵᠥᠪ ᠴᠢᠭᠯᠡᠯ ᠢ ᠵᠢᠭᠠᠵᠤ ᠥᠭᠭᠦᠭᠰᠡᠨ ᠪᠠᠶᠢᠨ᠎ᠠ ᠃ ᠢᠲᠡᠬᠦ ᠡᠮᠦᠰᠬᠦ ᠲᠤᠳᠠᠵᠤ ᠂ ᠫᠤᠤ ᠵᠡᠪᠰᠡᠭ ᠳᠠᠷᠢ ᠰᠤᠮᠤ ᠬᠦᠷᠦᠯᠴᠡᠬᠦ ᠦᠭᠡᠢ ᠂ ᠲᠡᠮᠡᠴᠡᠯ ᠦᠨ ᠣᠷᠴᠢᠨ ᠲᠣᠭᠣᠷᠢᠨ ᠲᠤᠶᠢᠯ ᠤᠨ ᠬᠦᠨᠳᠦ ᠬᠡᠴᠡᠭᠦᠦ ᠪᠠᠶᠢᠳᠠᠯ ᠳᠣᠣᠷ᠎ᠠ ᠂ ᠠᠵᠢᠯᠴᠢᠨ ᠲᠠᠷᠢᠶᠠᠴᠢᠨ ᠤ ᠤᠯᠠᠭᠠᠨ ᠴᠡᠷᠢᠭ ᠭᠣᠮᠢᠨᠳᠠᠩ ᠤᠨ ᠲᠡᠷᠰᠯᠡᠭᠦᠴᠦᠳ ᠲᠠᠢ ᠦᠬᠦᠵᠤ ᠰᠡᠭᠡᠬᠦ ᠶᠢᠨ ᠪᠠᠶᠢᠯᠳᠤᠭᠠᠨ  ᠶᠠᠪᠤᠭᠳᠠᠭᠤᠯᠵᠤ ᠂ ᠤᠯᠠᠭᠠᠨ ᠴᠡᠷᠢᠭ ᠦᠨ ᠳᠠᠷᠤᠭ᠎ᠠ ᠪᠠᠶᠢᠯᠳᠤᠭᠴᠢᠳ ᠤᠨ  ᠤᠯᠠᠭᠠᠨ ᠴᠢᠰᠤ ᠵᠢᠩ ᠭᠠᠩ ᠱᠠᠨ ᠠᠭᠤᠯᠠᠨ  ᠤ ᠬᠡᠰᠡᠭ ᠭᠠᠵᠡᠷ ᠪᠦᠷᠢ ᠳᠤ ᠰᠢᠮᠡᠳᠡᠪᠡ᠃

ᠡᠨᠡ ᠤᠳᠠᠭ᠎ᠠ ᠶᠢᠨ ᠰᠤᠷᠤᠯᠴᠠᠯᠭ᠎ᠠ ᠪᠣᠯᠪᠠᠰᠤᠷᠠᠭᠤᠯᠤᠯ ᠂ ᠮᠠᠨ ᠤ ᠦᠵᠡᠯ ᠰᠠᠨᠠᠭ᠎ᠠ ᠶᠢ ᠦᠨᠳᠦᠷᠵᠢᠭᠦᠯᠵᠦ ᠂  ᠣᠶᠤᠨ ᠰᠦᠨᠡᠰᠦ  ᠢ ᠠᠷᠢᠭᠤᠳᠬᠠᠵᠤ᠄ ᠨᠢᠭᠡ ᠳᠦ ᠢᠷᠠᠭᠤ ᠠᠯᠳᠠᠷᠲᠤ ᠲᠡᠦᠬᠡ ᠪᠡᠨ  ᠲᠠᠬᠢᠨ ᠲᠤᠷᠠᠰᠪᠠ᠂ ᠪᠠᠲᠤ ᠴᠢᠩᠭ᠎ᠠ ᠢᠲᠡᠭᠡᠯ ᠵᠣᠷᠢᠭ ᠂ ᠲᠡᠰᠪᠦᠷᠢ ᠬᠠᠲᠠᠭᠤᠵᠢᠯᠲᠠᠶ ᠪᠠᠷ ᠲᠡᠮᠡᠴᠡᠬᠦ ᠂ ᠦᠨᠡᠨ  ᠡᠴᠡ ᠵᠥᠪ ᠢ  ᠡᠷᠢᠬᠦ᠂ ᠵᠣᠷᠢᠭᠲᠠᠶ ᠪᠠᠷ ᠰᠢᠨ᠎ᠡ ᠵᠠᠮ ᠨ ᠨᠡᠬᠡᠭᠡᠬᠦ᠂ ᠤᠯᠠᠨ ᠲᠦᠮᠡᠨ ᠢ ᠲᠦᠰᠢᠭᠯᠡᠵᠦ ᠂ ᠠᠯᠢᠪᠠ ᠪᠠᠨ ᠬᠠᠷᠠᠮ ᠤᠢᠭᠡᠢ ᠵᠣᠷᠢᠭᠤᠯᠬᠤ ᠵᠢᠩ ᠭᠠᠩ ᠱᠠᠨ ᠤ ᠵᠣᠷᠢᠭ ᠰᠠᠨᠠᠭ᠎ᠠ ᠶᠢ ᠭᠦᠨᠵᠡᠭᠡᠢ ᠤᠢᠯᠭᠠᠵᠤ ᠮᠡᠳᠡᠷᠡᠪᠡ ᠃ ᠬᠣᠶᠠᠷ ᠲᠤ ᠂ ᠬᠦᠰᠡᠯᠡᠩ ᠪᠠ ᠢᠲᠡᠭᠡᠯ ᠵᠣᠷᠢᠭ ᠨᠢ ᠡᠷᠡᠰ ᠪᠠᠲᠤ  ᠪᠣᠯᠭᠠᠪᠠ ᠃ ᠢᠲᠡᠭᠡᠯ ᠪᠢᠰᠢᠷᠡᠯ ᠪᠣᠯ ᠨᠠᠮ ᠤᠨ ᠠᠮᠢᠨ ᠰᠦᠨᠡᠰᠦ ᠪᠠ ᠤᠶᠤᠨ ᠰᠠᠨᠠᠭᠠᠨ ᠤ ᠬᠦᠴᠦᠨ ᠮᠥᠨ ᠂ ᠭᠠᠭᠴᠠ ᠬᠦ ᠡᠷᠡᠰ ᠪᠠᠲᠤ ᠢᠲᠡᠭᠡᠯ ᠵᠣᠷᠢᠭ᠂ ᠬᠦᠴᠢᠷ ᠪᠡᠷᠬᠡᠰᠢᠶᠡᠯ ᠡᠴᠡ ᠠᠶᠤᠬᠤ  ᠦᠭᠡᠢ ᠂ ᠦᠷᠡᠭᠳᠡᠯ ᠰᠦᠢᠳᠦᠯ ᠡᠴᠡ ᠠᠶᠤᠬᠤ ᠦᠭᠡᠢ ᠂ ᠡᠷᠡᠯᠬᠡᠭ ᠵᠣᠷᠢᠭ  ᠲᠠᠢ ᠪᠠᠢᠮᠠᠨ ᠰᠠᠶ᠋ᠢ ᠬᠠᠮᠤᠭ ᠡᠴᠦᠰ ᠦᠨ ᠢᠯᠠᠯᠲᠠ  ᠶᠢ ᠲᠡᠮᠡᠴᠡᠨ ᠪᠠᠲᠤᠯᠠᠭ᠎ᠠ  ᠲᠠᠢ ᠪᠠᠢᠵᠤ ᠴᠢᠳᠠᠨ᠎ᠠ ᠃ ᠡᠪ ᠬᠠᠮᠲᠤ ᠨᠠᠮ ᠤᠨ ᠭᠡᠰᠢᠭᠦᠨ ᠪᠣᠯᠤᠭᠰᠠᠨ ᠤ ᠬᠤᠪᠢ ᠳᠤ ᠂ ᠬᠦᠰᠡᠯᠡᠩ ᠪᠠ ᠢᠲᠡᠭᠡᠯ ᠵᠣᠷᠢᠭ  ᠨᠢ ᠬᠡᠵᠢᠶ᠎ᠡ ᠴᠦ ᠭᠡᠰᠡᠨ ᠭᠤᠶᠢᠪᠢᠯᠵᠠᠵᠤ ᠪᠣᠯᠬᠤ ᠦᠭᠡᠢ ᠂ ᠡᠨᠡ ᠪᠣᠯ ᠮᠠᠨ ᠤ ᠠᠯᠢᠪᠠ ᠠᠵᠢᠯ ᠢᠶᠠᠨ ᠰᠠᠶᠢᠲᠤᠷ ᠬᠢᠬᠦ ᠶᠢᠨ ᠬᠦᠴᠦᠷᠬᠡᠭ ᠶᠡᠬᠡ ᠬᠥᠳᠡᠯᠭᠡᠭᠴᠢ ᠬᠦᠴᠦᠨ ᠮᠥᠨ ᠃ ᠭᠤᠷᠪᠠ ᠳᠤ ᠂ ᠨᠠᠮᠴᠢ ᠴᠢᠨᠠᠷ ᠤᠨ ᠬᠥᠮᠦᠵᠢᠯ ᠢ ᠴᠢᠩᠭᠠᠳᠬᠠᠵᠤ ᠂ ᠤᠬᠠᠮᠰᠠᠷᠲᠤ ᠴᠢᠨᠠᠷ ᠢᠶᠠᠨ ᠳᠡᠭᠡᠭᠰᠢᠯᠡᠭᠦᠯᠵᠦ ᠂ ᠲᠡᠰᠪᠦᠷᠢ ᠬᠠᠲᠠᠭᠤᠵᠢᠯᠲᠠᠶ  ᠲᠡᠮᠡᠴᠡᠬᠦ ᠬᠡᠷᠡᠭᠲᠠᠢ᠃ ᠵᠢᠩ ᠭᠠᠩ ᠱᠠᠨ ᠠᠭᠤᠯᠠᠨ ᠤ ᠲᠡᠮᠡᠴᠡᠯ ᠪᠣᠯ ᠲᠡᠰᠪᠦᠷᠢ ᠬᠠᠲᠠᠭᠤᠵᠢᠯᠲᠠᠶ ᠪᠠᠷ ᠲᠡᠮᠡᠴᠡᠬᠦ  ᠶᠢᠨ ᠬᠡᠪ ᠳᠠᠭᠤᠷᠢᠶᠠᠯ ᠂ ᠳᠤᠮᠳᠠᠳᠤ ᠤᠯᠤᠰ ᠤᠨ ᠬᠤᠪᠢᠰᠬᠠᠯ ᠤᠨ ᠢᠯᠠᠯᠲᠠ ᠪᠣᠯ ᠦᠢ ᠤᠯᠠᠨ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ  ᠡᠮᠦᠨᠡᠬᠢ ᠨᠢ ᠤᠨᠠᠪᠠᠯ ᠬᠣᠶᠢᠨᠠᠬᠢ ᠨᠢ ᠵᠠᠯᠭᠠᠮᠵᠢᠯᠠᠨ ᠂ ᠵᠣᠷᠢᠭᠲᠠᠶ ᠪᠠᠷ  ᠦᠷᠡᠭᠳᠡᠭᠦᠯᠵᠦ᠂ ᠭᠣᠶᠠᠴᠢ ᠦᠭᠡᠢ ᠪᠡᠷ ᠵᠢᠳᠬᠦᠬᠦ ᠣᠯᠤᠭᠰᠠᠨ ᠶᠤᠮ ᠃ ᠣᠳᠣᠬᠠᠨ ᠤ ᠲᠡᠦᠬᠡᠨ ᠬᠥᠭᠵᠢᠯᠲᠡ ᠶᠢᠨ ᠰᠢᠨ᠎ᠡ ᠴᠠᠭ ᠦᠶ᠎ᠡ ᠳᠦ ᠂ ᠬᠤᠪᠢᠰᠬᠠᠯᠲᠤ ᠰᠢᠯᠢᠳᠡᠭ ᠤᠯᠠᠮᠵᠢᠯᠠᠯ ᠢ ᠦᠷᠭᠦᠯᠵᠢᠯᠡᠨ ᠪᠠᠳᠠᠷᠠᠭᠤᠯᠵᠤ ᠂ ᠨᠠᠮ ᠤᠨ ᠵᠣᠷᠢᠯᠲᠠ ᠢ ᠴᠠᠭ ᠢᠮᠠᠭᠲᠠ ᠪᠠᠲᠤ ᠴᠡᠭᠡᠵᠢᠯᠡᠵᠦ ᠂ 《 ᠬᠣᠶᠠᠷ ᠡᠷᠬᠡᠪᠰᠢ 》᠎ ᠢ ᠪᠠᠷᠢᠮᠲᠠᠯᠠᠵᠤ ᠂ 《 ᠭᠤᠷᠪᠠᠨ ᠴᠢᠩᠭ᠎ᠠ ᠭᠤᠷᠪᠠᠨ ᠪᠣᠳᠠᠲᠠᠶ 》᠎ ᠶᠢ  ᠦᠢᠯᠡᠳᠡᠯᠡᠭᠵᠢᠭᠦᠯᠵᠦ᠂ ᠡᠪ ᠬᠠᠮᠲᠤᠴᠤᠳ ᠤᠨ ᠡᠷᠬᠢᠮ ᠳᠡᠭᠡᠳᠦ ᠵᠠᠩ ᠴᠢᠨᠠᠷ ᠪᠣᠯᠤᠨ ᠠᠤᠭ᠎ᠠ ᠵᠢᠪᠬᠤᠯᠠᠩᠲᠠᠶ ᠲᠥᠪ ᠰᠤᠷᠲᠠᠯ  ᠢ  ᠪᠠᠷᠢᠮᠲᠠᠯᠠᠬᠤ ᠨᠢ ᠂ ᠠᠬᠠᠮᠠᠳ ᠦᠶ᠎ᠡ ᠶᠢᠨ ᠬᠢᠨ ᠦ ᠤᠯᠤᠰ ᠢᠶᠠᠨ ᠬᠦᠴᠦᠷᠬᠡᠭᠵᠢᠭᠦᠯᠦᠨ ᠠᠷᠠᠳ ᠢᠶᠠᠨ ᠪᠠᠶᠠᠵᠢᠭᠤᠯᠬᠤ ᠬᠦᠰᠡᠯ ᠭᠡᠷᠢᠶᠡᠰ ᠢ ᠪᠡᠶᠡᠯᠡᠭᠦᠯᠬᠦ ᠳᠤ ᠮᠠᠰᠢ ᠴᠢᠬᠤᠯᠠ ᠠᠴᠢ ᠬᠣᠯᠪᠣᠭᠳᠠᠯ ᠲᠠᠶ ᠶᠤᠮ ᠃ ᠲᠦᠷᠪᠡ ᠳᠦ ᠬᠠᠷᠢᠭᠤᠴᠠᠯᠭᠠᠲᠤ ᠰᠡᠳᠬᠢᠯᠭᠡ ᠪᠡᠨ ᠴᠢᠩᠭᠠᠳᠬᠠᠬᠤ ᠬᠡᠷᠡᠭᠲᠡᠶ  ᠃ ᠣᠬᠣᠷ ᠬᠤᠭᠤᠴᠠᠭᠠᠨ ᠤ ᠰᠤᠷᠤᠯᠴᠠᠯᠭ᠎ᠠ ᠨᠢ ᠂  ᠮᠠᠨᠤᠰ  ᠨᠢᠭᠡᠨ ᠰᠠᠬᠢᠯᠭ᠎ᠠ ᠪᠠᠲᠤ ᠬᠢᠨᠠᠨ ᠪᠠᠶᠢᠴᠠᠭᠠᠬᠤ ᠺᠠᠳ᠋ᠷᠴᠤᠳ  ᠪᠣᠯᠤᠭᠰᠠᠨ ᠤ  ᠬᠤᠪᠢ ᠳᠤ ᠪᠡᠶ᠎ᠡ ᠪᠡᠷ ᠢᠶᠡᠨ ᠲᠡᠷᠢᠭᠦᠯᠡᠨ ᠳᠠᠭᠤᠷᠢᠶᠠᠯ ᠪᠣᠯᠤᠨ ᠂ ᠨᠠᠮ ᠤᠨ ᠤᠯᠤᠰ ᠲᠦᠷᠦ ᠶᠢᠨ ᠰᠠᠬᠢᠯᠭ᠎ᠠ ᠪᠠᠲᠤ  ᠂ ᠵᠣᠬᠢᠶᠠᠨ ᠪᠠᠶᠢᠭᠤᠯᠤᠯᠲᠠ ᠶᠢᠨ ᠰᠠᠬᠢᠯᠭ᠎ᠠ ᠪᠠᠲᠤ ᠪᠠ ᠠᠵᠢᠯ ᠤᠨ ᠰᠠᠬᠢᠯᠭ᠎ᠠ ᠪᠠᠲᠤ ᠢ ᠴᠢᠩᠭ᠎ᠠ ᠰᠠᠬᠢᠵᠤ ᠂ ᠪᠤᠰᠤᠳ ᠢ  ᠵᠠᠰᠠᠬᠤ   ᠳᠤ ᠪᠡᠶ᠎ᠡ ᠪᠡᠨ ᠤᠷᠢᠳᠠᠪᠡᠷ ᠵᠠᠰᠠ ᠭᠡᠳᠡᠭ ᠢ ᠪᠠᠳᠤ ᠴᠢᠭᠡᠵᠢᠯᠡᠭᠦᠯᠵᠦ᠂ ᠴᠠᠭᠠᠷᠠᠭᠰᠠᠨ ᠦᠵᠡᠯ ᠰᠠᠨᠠᠭ᠎ᠠ ᠪᠠ ᠰᠢᠯᠢᠳᠡᠭ ᠰᠠᠢᠨ ᠰᠤᠷᠲᠠᠯ  ᠢ ᠪᠦᠷᠢᠯᠳᠦᠭᠦᠯᠦᠭᠰᠡᠨ ᠪᠠᠶᠢᠬᠤ ᠬᠡᠷᠡᠭᠲᠡᠶ  ᠪᠠᠢᠵᠤ᠂ ᠣᠳᠣᠬᠠᠨ ᠤ ᠬᠦᠨᠳᠦ ᠬᠡᠴᠡᠭᠦᠦ ᠢᠯᠵᠠᠷᠠᠯ ᠢ ᠡᠰᠡᠷᠭᠦᠴᠡᠨ ᠠᠷᠢᠭᠤᠨ ᠴᠢᠬᠡᠴᠢ ᠶᠢ ᠡᠷᠬᠢᠮᠯᠡᠬᠦ ᠪᠠᠶᠢᠳᠠᠯ ᠳᠣᠣᠷ᠎ᠠ ᠂ ᠰᠢᠯᠭᠠᠯᠲᠠ ᠶᠢ ᠬᠡᠷᠡᠭᠲᠡᠶ ᠂ ᠲᠥᠷᠥ ᠶᠢᠨ ᠪᠤᠳᠤᠯᠭ᠎ᠠ ᠶᠢᠨ ᠤᠨᠤᠯ   ᠤᠨ ᠬᠢᠷᠢ ᠬᠡᠮᠵᠢᠶ᠎ᠡ ᠪᠣᠯᠤᠨ ᠲᠤᠬᠠᠶᠢᠯᠠᠭᠰᠠᠨ ᠠᠵᠢᠯ ᠤᠨ ᠬᠢᠷᠢ ᠬᠡᠮᠵᠢᠶ᠎ᠡ ᠶᠢ ᠨᠢ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠶ ᠂ ᠰᠠᠬᠢᠯᠭ᠎ᠠ ᠪᠠᠲᠤ  ᠳᠤ ᠬᠢᠨᠠᠯᠲᠠ ᠲᠠᠯᠪᠢᠬᠤ ᠠᠵᠢᠯ ᠢ ᠴᠢᠩᠭᠠᠳᠬᠠᠵᠤ ᠂ ᠰᠠᠬᠢᠯᠭ᠎ᠠ ᠪᠠᠲᠤ ᠶᠢ ᠲᠥᠪ ᠴᠢᠩᠭ᠎ᠠ ᠪᠠᠷ ᠬᠡᠷᠡᠭᠵᠢᠭᠦᠯᠵᠦ ᠂ ᠲᠥᠪ ᠭᠣᠣᠯᠴᠢ ᠪᠠᠷ ᠰᠢᠶᠳᠪᠦᠷᠢᠯᠡᠬᠦ ᠬᠡᠷᠡᠭᠲᠡᠶ ᠃ ᠨᠠᠮ ᠳᠠᠭᠠᠨ ᠦᠨᠡᠨᠴᠢ ᠰᠢᠳᠤᠷᠭᠤ ᠂ ᠠᠷᠠᠳ ᠲᠦᠮᠡᠨ ᠳᠡᠭᠡᠨ ᠦᠨᠡᠨᠴᠢ   ᠪᠠᠢᠬᠤ ᠬᠡᠷᠡᠭᠲᠠᠢ᠃

ᠵᠢᠩ ᠭᠠᠩ ᠱᠠᠨ ᠤ ᠵᠣᠷᠢᠭ ᠰᠠᠨᠠᠭ᠎ᠠ ᠪᠣᠯ   ᠠᠭᠤᠤ ᠶᠡᠬᠡ ᠵᠣᠷᠢᠭ  ᠰᠠᠨᠠᠭ᠎ᠠ ᠪᠠᠢᠵᠤ ᠂ ᠢᠲᠡᠭᠡᠯ ᠪᠢᠰᠢᠷᠡᠯ ᠪᠠ ᠵᠣᠷᠢᠭ  ᠰᠠᠨᠠᠭᠠᠨ ᠤ ᠬᠠᠮᠲᠤ ᠪᠠᠷ ᠤᠷᠤᠭᠰᠢᠯᠠᠭᠰᠠᠨ ᠥᠷᠯᠥᠭ ᠬᠦᠢᠰᠢᠶ᠎ᠡ ᠶᠢ ᠪᠤᠰᠬᠠᠬᠰᠠᠨ ᠪᠠᠶᠢᠨ᠎ᠠ ᠃ ᠪᠢᠳᠡ ᠵᠢᠩ ᠭᠠᠩ ᠱᠠᠨ ᠤ ᠵᠣᠷᠢᠭ ᠰᠠᠨᠠᠭ᠎ᠠ ᠶᠢ ᠥᠨᠢ ᠡᠭᠦᠷᠢᠳᠡ ᠪᠠᠳᠠᠷᠠᠭᠤᠯᠵᠤ᠂ ᠠᠩᠬᠠᠨ ᠤ ᠰᠠᠨᠠᠭ᠎ᠠ ᠪᠡᠨ ᠮᠠᠷᠲᠠᠯ ᠦᠭᠡᠶ ᠪᠡᠷ ᠂ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠶᠠᠪᠤᠴᠠ ᠳᠤ ᠥᠪᠡᠷ ᠦᠨ ᠦᠵᠡᠭᠦᠯᠪᠡᠰᠦ ᠵᠣᠬᠢᠬᠤ ᠬᠤᠪᠢ ᠨᠡᠮᠡᠷᠢ ᠪᠡᠨ ᠦᠵᠡᠭᠦᠯᠬᠦ ᠬᠡᠷᠡᠭᠲᠡᠶ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )