2016ᠤᠨ ᠤ10ᠰᠠᠷ᠎ᠠ ᠶᠢᠨ11 ᠤ ᠡᠳᠦᠷ ᠦᠨ ᠦᠳᠡ ᠶᠢᠨ ᠬᠣᠶᠢᠨᠠ ᠂ ᠣᠷᠳᠣᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶᠠᠨ ᠡᠴᠡ2015ᠤᠨ ᠤ 9 ᠰᠠᠷ᠎ᠠ ᠶᠢᠨ14 ᠤ ᠡᠳᠦᠷ ᠭᠠᠷᠤᠭᠰᠠᠨ ᠳ᠋ᠦᠩᠱᠧᠩ ᠲᠣᠭᠣᠷᠢᠭ ᠤᠨ ᠹᠦ᠋ ᠭᠧ ᠭᠡᠷ ᠤᠷᠤᠨ ᠤ ᠲᠤᠨᠤᠯᠵᠢᠨ ᠵᠠᠮ ᠳᠡᠭᠡᠷ᠎ᠡ ᠬᠥᠮᠦᠨ ᠬᠢᠲᠤᠭᠠᠯᠠᠭᠰᠠᠨ ᠬᠡᠷᠡᠭ ᠢ ᠬᠠᠤᠯᠢ ᠶᠤᠰᠤᠭᠠᠷ ᠢᠯᠡ ᠰᠢᠭᠦᠪᠡ᠃
ᠬᠣᠣᠷᠯᠠᠭᠳᠠᠭᠴᠢ ᠵᠧᠩ ᠵᠢ ᠡᠸᠨ 2015ᠤᠨ ᠤ6 ᠰᠠᠷ᠎ᠠ ᠶᠢᠨ ᠰᠡᠭᠦᠯᠴᠢ ᠪᠡᠷ ᠵᠠᠭᠠᠯᠳᠤᠭᠳᠠᠭᠴᠢ ᠲᠠᠩ ᠬᠤᠩ ᠬᠠᠢ ᠶᠢ ᠬᠦᠯᠦᠰᠦᠯᠡᠨᠳ᠋ᠦᠩᠱᠧᠩ ᠲᠣᠭᠤᠷᠢᠭ ᠤᠨ ᠸᠠᠨ ᠯᠢ ᠪᠠᠯᠭᠠᠰᠤᠨ ᠤ ᠶᠥᠩ ᠱᠦᠨ ᠨᠡᠭᠦᠷᠡᠰᠦᠨ ᠠᠭᠤᠷᠬᠠᠢ ᠶᠢᠨ ᠨᠠᠢ᠍ᠮᠠᠳᠤᠭᠠᠷ ᠳᠤᠭᠤᠢᠯᠠᠩ ᠳᠤ ᠲᠡᠷᠭᠡ ᠪᠠᠷᠢᠭᠤᠯᠪᠠ᠃ 2015ᠤᠨ ᠤ7ᠰᠠᠷ᠎ᠠ ᠶᠢᠨ5 ᠤ ᠡᠳᠦᠷ ᠂ ᠲᠠᠩ ᠬᠤᠩ ᠬᠠᠢ ᠠᠵᠢᠯ ᠤᠨ ᠬᠤᠭᠤᠴᠠᠭᠠᠨ ᠳᠤ ᠲᠡᠷᠭᠡ ᠨᠢ ᠣᠩᠬᠤᠯᠠᠨ ᠨᠢᠷᠤᠭᠤᠨ ᠦᠶ᠎ᠡ ᠨᠢ ᠬᠤᠭᠤᠷᠠᠭᠰᠠᠨ ᠪᠠᠢᠨ᠎ᠠ᠃ ᠲᠠᠩ ᠬᠤᠩ ᠬᠠᠢ ᠡᠮᠨᠡᠯᠭᠡ ᠶᠢᠨ ᠰᠦᠢᠳᠬᠡᠯ ᠬᠢᠭᠡᠳ ᠲᠥᠯᠥᠪᠦᠷᠢ ᠠᠰᠠᠭᠤᠳᠠᠯ ᠤᠨ ᠲᠠᠯ᠎ᠠ ᠪᠠᠷ ᠰᠠᠨᠠᠯ ᠨᠢᠭᠡᠳᠦᠭᠰᠡᠨ ᠦᠭᠡᠢ ᠡᠴᠡ ᠪᠤᠯᠵᠤ ᠵᠧᠩ ᠵᠢ ᠡᠸᠨ ᠲᠠᠢ ᠵᠥᠷᠢᠯᠳᠦᠭᠡᠨ ᠭᠠᠷᠴᠠᠶ ᠃ 2015ᠤᠨ ᠤ 9ᠰᠠᠷ᠎ᠠ ᠶᠢᠨ14 ᠤ ᠡᠳᠦᠷ ᠦᠨ ᠦᠳᠡ ᠶᠢᠨ ᠬᠣᠶᠢᠨᠠ ᠬᠠᠮᠲᠤ ᠪᠡᠷ ᠳ᠋ᠦᠩᠱᠧᠩ ᠲᠣᠭᠣᠷᠢᠭ ᠤᠨ ᠬᠥᠮᠦᠨ ᠦ ᠬᠦᠴᠦᠨ ᠦ ᠡᠬᠢ ᠪᠠᠶᠠᠯᠢᠭ ᠪᠠ ᠨᠡᠶᠢᠭᠡᠮ ᠦᠨ ᠪᠠᠲᠤᠯᠠᠭᠠᠨ ᠤ ᠲᠣᠪᠴᠢᠶ᠎ᠠ ᠳᠤ ᠬᠦᠷᠴᠦ ᠡᠶᠡᠳᠡᠭᠦᠯᠦᠯᠲᠠ ᠬᠢᠪᠡ ᠃ ᠲᠤᠰ ᠡᠳᠦᠷ ᠦᠨ 17 ᠴᠠᠭ ᠤᠨ ᠦᠶ᠎ᠡ ᠪᠡᠷ᠂ ᠬᠣᠣᠷᠠᠯᠠᠭᠳᠠᠭᠴᠢ ᠵᠧᠩ ᡁᠢ ᠺᠠᠢ ᠨᠤᠮᠸᠷ ᠨᠢ蒙K30A62ᠪᠤᠯᠬᠤ ᠬᠡᠭᠡᠷᠯᠡᠨ ᠵᠤᠭᠠᠴᠠᠬᠤ ᠲᠡᠷᠭᠡ ᠪᠡᠷ ᠵᠧᠩ ᠵᠢ ᠡᠸᠨ ᠪᠤᠯᠤᠨ ᠲᠠᠩ ᠬᠤᠩ ᠬᠠᠢ ᠵᠢ ᠠᠴᠢᠶᠠᠯᠠᠨ ᠳ᠋ᠦᠩᠱᠧᠩ ᠲᠤᠭᠤᠷᠢᠭ ᠤᠨ ᠬᠦᠮᠦᠨ ᠦ ᠬᠦᠴᠦᠨ ᠦ ᠡᠬᠢ ᠪᠠᠶᠠᠯᠢᠭ ᠪᠤᠯᠤᠨ ᠨᠡᠢᠭᠡᠮ ᠦᠨ ᠪᠠᠲᠤᠯᠭᠠᠨ ᠦ ᠲᠣᠪᠴᠢᠶᠠᠨ ᠡᠴᠡ ᠰᠠᠯᠵᠤ ᠶᠠᠪᠤᠪᠠ ᠃ ᠵᠠᠮ ᠳᠤᠮᠳᠠ ᠵᠧᠩ ᠵᠢ ᠡᠸᠨ ᠪᠤᠯᠤᠨ ᠲᠠᠩ ᠬᠤᠩ ᠬᠠᠢ ᠬᠡᠯᠡᠯᠴᠡᠭᠡᠨ ᠪᠤᠯᠵᠤ ᠂ᠲᠡᠷᠭᠡ ᠳ᠋ᠦᠩᠱᠧᠩ ᠲᠣᠭᠤᠷᠢᠭ ᠤᠨ ᠢ ᠬᠤᠸᠠ ᠬᠤᠢᠲᠤ ᠵᠠᠮ ᠪᠤᠯᠤᠨ ᠪᠤᠷᠤᠲᠤᠬᠠᠢ ᠪᠠᠷᠠᠭᠤᠨ ᠵᠡᠭᠡᠯᠢ ᠶᠢᠨ ᠠᠭᠤᠯᠵᠢᠷ ᠬᠦᠷᠬᠦ ᠠᠶᠠᠰ ᠢᠶᠠᠷ ᠲᠠᠩ ᠬᠤᠩ ᠬᠠᠢ ᠪᠡᠶ᠎ᠡ ᠳᠡᠭᠡᠨ ᠳᠠᠢᠴᠢᠯᠠᠵᠤ ᠪᠠᠢᠭᠰᠠᠨ ᠵᠢᠮᠢᠰ ᠦᠨ ᠬᠢᠲᠤᠭ᠎ᠠ ᠪᠡᠷ ᠵᠸᠩ ᠵᠢ ᠡᠸᠨ ᠪᠤᠯᠤᠨ ᠵᠸᠩ ᡁᠢ ᠺᠠᠢ ᠶᠢ ᠨᠢᠭᠤᠷ ᠨᠢᠲᠦ ᠦᠭᠡᠢ ᠪᠥᠯᠢᠪᠡ ᠃ ᠬᠡᠷᠡᠭ ᠡᠭᠦᠰᠦᠭᠰᠡᠨ ᠦ ᠳᠠᠷᠠᠭ᠎ᠠ ᠲᠠᠩ ᠬᠤᠩ ᠬᠠᠢ ᠤᠲᠠᠰᠤ ᠪᠠᠷ ᠴᠠᠭᠳᠠᠭ᠎ᠠ ᠳᠤ ᠬᠡᠷᠡᠭ ᠮᠡᠳᠡᠭᠦᠯᠪᠡ ᠃ ᠠᠷᠠᠳ ᠤᠨ ᠴᠠᠭᠳᠠᠭ᠎ᠠ ᠲᠤᠬᠠᠢ ᠲᠠᠯᠠᠪᠤᠷ ᠲᠤ ᠨᠢ ᠬᠦᠷᠴᠦ ᠲᠡᠭᠦᠨ ᠢ ᠬᠡᠷᠡᠭ ᠲᠦ ᠬᠤᠯᠪᠤᠭᠳᠠᠭᠤᠯᠤᠨ ᠪᠠᠷᠢᠪᠴᠢᠯᠠᠪᠠ ᠃ ᠪᠠᠢᠴᠠᠭᠠᠯᠲᠠ ᠪᠠᠷ ᠳᠠᠮᠵᠢᠨ ᠬᠣᠣᠷᠠᠯᠠᠭᠳᠠᠭᠴᠢ ᠵᠸᠩ ᠵᠢ ᠡᠸᠨ ᠪᠤᠰᠤᠳ ᠤᠨ ᠳᠠᠩ ᠢᠷᠳᠦ ᠬᠤᠷᠴᠠ ᠮᠡᠰᠡ ᠪᠡᠷ ᠴᠢᠭᠡᠵᠢᠨ ᠪᠡᠶ᠎ᠡ ᠪᠡᠨ ᠪᠥᠯᠢᠭᠦᠯᠵᠤ ᠂ ᠵᠢᠷᠦᠬᠡ ᠪᠤᠯᠤᠨ ᠭᠤᠤᠯ ᠯᠤᠭᠱᠢᠭᠤᠨ ᠰᠤᠳᠠᠯ ᠨᠢ ᠬᠠᠭᠠᠷᠠᠨ ᠦᠬᠦᠵᠦ ᠂ ᠬᠣᠣᠷᠠᠯᠠᠭᠳᠠᠭᠴᠢ ᠵᠸᠩ ᡁᠢ ᠺᠠᠢ ᠲᠠᠩ ᠢᠷᠲᠤ ᠬᠤᠷᠴᠠ ᠮᠡᠰᠡ ᠪᠡᠷ ᠴᠢᠭᠡᠵᠢᠨ ᠪᠡᠶ᠎ᠡ ᠪᠡᠨ ᠪᠥᠯᠢᠭᠦᠯᠦᠨ ᠂ ᠠᠭᠤᠰᠬᠢ ᠂ ᠵᠢᠷᠦᠬᠡ ᠂ ᠯᠤᠭᠱᠢᠭᠤᠨ ᠰᠤᠳᠠᠯ ᠬᠠᠭᠠᠷᠠᠨ ᠶᠡᠬᠡ ᠴᠢᠰᠤ ᠭᠠᠷᠤᠭᠰᠠᠨ ᠡᠴᠡ ᠪᠤᠯᠵᠤ ᠦᠬᠦᠭᠰᠡᠨ ᠢ ᠬᠡᠷᠡᠴᠢᠯᠡᠪᠡ ᠃
ᠰᠢᠭᠦᠯᠲᠡ ᠪᠡᠷ ᠳᠠᠮᠵᠢᠨ ᠂ ᠤᠷᠳᠤᠰ ᠬᠤᠲᠠ ᠶᠢᠨ ᠳᠤᠮᠳᠠ ᠵᠡᠷᠭᠡ ᠶᠢᠨ ᠰᠢᠭᠦᠬᠦ ᠬᠤᠷᠢᠶ᠎ᠠ 《ᠪᠥᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ》 ᠶᠢᠨ ᠬᠤᠶᠠᠷ ᠵᠠᠭᠤ ᠭᠤᠴᠢᠨ ᠬᠤᠶᠠᠳᠤᠭᠠᠷ ᠵᠤᠷᠪᠤᠰ᠂ᠭᠤᠴᠢᠨ ᠵᠢᠷᠭᠤᠳᠤᠭᠠᠷ ᠵᠤᠷᠪᠤᠰ ᠤᠨ ᠨᠢᠭᠡᠳᠦᠭᠡᠷ ᠲᠦᠷᠦᠯ ᠂ᠲᠠᠪᠢᠨ ᠳᠤᠯᠤᠳᠤᠭᠠᠷ ᠵᠤᠷᠪᠤᠰ ᠤᠨ ᠨᠢᠭᠡᠳᠦᠭᠡᠷ ᠲᠦᠷᠦᠯ᠂ ᠵᠢᠷᠠᠨ ᠳᠤᠯᠤᠳᠤᠭᠠᠷ ᠵᠤᠷᠪᠤᠰ ᠤᠨ ᠨᠢᠭᠡᠳᠦᠭᠡᠷ ᠲᠦᠷᠦᠯ᠂ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠤᠷᠢᠶᠠᠨ ᠤ《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠡᠷᠡᠭ ᠦᠨ ᠵᠠᠷᠭᠠᠯᠳᠤᠭᠠᠨ》ᠳ᠋ᠤ ᠬᠡᠷᠡᠭᠯᠡᠬᠦ ᠲᠠᠢᠯᠪᠦᠷᠢᠯᠡᠯᠲᠡ ᠶᠢᠨ ᠨᠢᠭᠡ ᠵᠠᠭᠤ ᠲᠠᠪᠢᠨ ᠲᠠᠪᠤᠳᠤᠭᠠᠷ ᠵᠤᠷᠪᠤᠰ ᠤᠨ ᠨᠢᠭᠡᠳᠦᠭᠡᠷ ᠲᠦᠷᠦᠯ ᠂ᠬᠤᠶᠠᠳᠤᠭᠠᠷ ᠲᠦᠷᠦᠯ ᠦᠨ ᠳᠤᠭᠲᠠᠭᠠᠯ ᠢᠶᠠᠷ ᠂ ᠵᠠᠭᠠᠯᠳᠤᠭᠳᠠᠭᠴᠢ ᠲᠠᠩ ᠬᠤᠩ ᠬᠠᠢ ᠵᠢ ᠵᠤᠷᠢᠭᠤᠳᠠ ᠬᠦᠮᠦᠨ ᠠᠯᠠᠭᠰᠠᠨ ᠶᠠᠯ᠎ᠠ ᠪᠠᠷ ᠠᠯᠠᠬᠤ ᠶᠠᠯ᠎ᠠ ᠳᠤᠭᠲᠠᠭᠠᠵᠤ ᠂ᠤᠯᠤᠰ ᠲᠥᠷᠦ ᠶᠢᠨ ᠡᠷᠬᠡ ᠶᠢ ᠨᠢ ᠨᠠᠰᠤᠨ ᠲᠤᠷᠰᠢᠳᠠ ᠬᠠᠰᠤᠪᠠ ᠃ ᠵᠠᠭᠠᠯᠳᠤᠭᠳᠠᠭᠴᠢ ᠲᠠᠩ ᠬᠤᠩ ᠬᠠᠢ ᠵᠠᠭᠠᠯᠳᠤᠭᠴᠢ ᠶᠢᠨ ᠣᠷᠤᠰᠢᠭᠤᠯᠭ᠎ᠠ ᠶᠢᠨ ᠰᠦᠢᠳᠬᠡᠯ᠂ ᠬᠡᠷᠡᠭ ᠢ ᠲᠤᠬᠢᠨᠠᠭᠤᠯᠤᠭᠰᠠᠨ ᠬᠥᠮᠦᠰ ᠦᠨ ᠵᠠᠮ ᠤᠨ ᠵᠠᠷᠤᠳᠠᠯ ᠂ᠠᠵᠢᠯ ᠰᠠᠭᠠᠲᠤᠭᠰᠠᠨ ᠰᠦᠢᠳᠬᠡᠯ ᠵᠡᠷᠭᠡ ᠶᠢ ᠲᠦᠯᠦᠪᠥᠷᠢᠯᠡᠬᠦ ᠪᠡᠷ ᠰᠢᠢᠳᠪᠥᠷᠢᠯᠡᠵᠤ ᠂ ᠵᠠᠭᠠᠯᠳᠤᠭᠴᠢ ᠶᠢᠨ ᠪᠤᠰᠤᠳ ᠵᠠᠭᠠᠯᠳᠤᠯᠭ᠎ᠠ ᠶᠢᠨ ᠭᠤᠶᠤᠴᠢᠯᠠᠯ ᠵᠢ ᠡᠭᠡᠭᠦᠯᠦᠭᠰᠠᠨ ᠪᠠᠢᠨ᠎ᠠ᠃ ᠰᠢᠭᠦᠯᠲᠡ ᠳᠠᠭᠤᠰᠤᠭᠰᠠᠨ ᠤ ᠳᠠᠷᠠᠭ᠎ᠠ ᠂ᠵᠠᠭᠠᠯᠳᠤᠭᠳᠠᠭᠴᠢ ᠲᠤᠬᠠᠢ ᠶᠢᠨ ᠲᠠᠩᠬᠢᠮ ᠳᠤ ᠨᠢ ᠳᠡᠭᠰᠢ ᠵᠠᠭᠠᠯᠳᠤᠬᠤ ᠰᠠᠭᠠᠷᠳᠤᠯᠭᠠ ᠳᠤᠷᠠᠳᠪᠠ ᠃
ᠦᠨᠡᠯᠡᠬᠦ 0ᠦᠨᠡᠯᠡᠯᠲᠡ ᠲᠠᠢ