ᠸᠠᠩ ᠽᠦᠨ ᠵᠣ ᠨᠥᠬᠥᠷ ᠬᠠᠩᠭᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠳᠤ ᠭᠤᠴᠢ ᠭᠠᠷᠤᠶ ᠵᠢᠯ ᠠᠵᠢᠯᠯᠠᠵᠤ ᠂ ᠰᠢᠭᠦᠬᠦ ᠬᠣᠷᠢᠶᠠᠨ ᠤ ᠠᠰᠠᠷᠠᠭᠴᠢ ᠂ ᠲᠣᠭᠣᠭᠠᠴᠢ ᠂ ᠳᠣᠲᠣᠷ ᠠᠯᠪᠠᠨ ᠠᠵᠢᠯᠲᠠᠨ ᠂ ᠪᠢᠴᠢᠭᠡᠴᠢ ᠪᠣᠯᠵᠤ ᠂ ᠠᠯᠬᠤᠮ ᠠᠯᠬᠤᠮ ᠢᠶᠠᠷ ᠨᠢᠭᠡᠨ ᠰᠢᠭᠦᠬᠦ ᠲᠤᠰᠢᠶᠠᠯᠲᠠᠨ ᠪᠣᠯᠤᠨ ᠪᠣᠶᠢᠵᠢᠵᠠᠶ ᠃ ᠰᠢᠭᠦᠨ ᠲᠠᠰᠤᠯᠬᠤ ᠦᠢᠯᠡᠰ ᠲᠦ ᠲᠡᠭᠦᠨ ᠦ ᠬᠠᠶᠢᠷ᠎ᠠ ᠶᠢ ᠨᠢᠭᠡᠨᠲᠡ 《 ᠰᠢᠨᠤᠬᠤ 》 ᠠᠯᠬᠤᠮ ᠳᠤ ᠬᠦᠷᠴᠡᠶ ᠭᠡᠵᠦ ᠬᠡᠯᠡᠵᠦ ᠪᠣᠯᠤᠨ᠎ᠠ ᠃ ᠣᠢᠷ᠎ᠠ ᠳᠤ ᠂ 《 ᠪᠦᠬᠦ ᠤᠯᠤᠰ ᠠᠴᠠ ᠰᠢᠯᠢᠳᠡᠭ ᠰᠢᠭᠦᠭᠴᠢ 》 ᠪᠣᠯᠤᠭᠰᠠᠨ ᠲᠡᠷᠡ ᠰᠢᠭᠦᠨ ᠲᠠᠰᠤᠯᠬᠤ ᠲᠠᠪᠴᠠᠩ ᠠᠴᠠ ᠰᠠᠯᠬᠤ ᠭᠡᠵᠦ ᠪᠠᠢᠨ᠎ᠠ ᠃
2019 ᠣᠨ 1 ᠰᠠᠷ᠎ᠠ ᠶᠢᠨ 10 ᠤ ᠡᠳᠦᠷ ᠂ ᠦᠳᠡ ᠬᠣᠶᠢᠨᠠᠬᠢ 3 ᠴᠠᠭ ᠣᠨ ᠦᠶ᠎ᠡ ᠪᠡᠷ ᠂ ᠤᠯᠤᠰ ᠲᠥᠷᠥ ᠶᠢᠨ ᠬᠡᠯᠲᠡᠰ ᠦᠨ ᠺᠠᠳ᠋ᠷ ᠴᠠᠭᠳᠠᠭ᠎ᠠ ᠪᠠᠢᠭᠰᠠᠨ ᠪᠢ ᠬᠣᠰᠢᠭᠤᠨ ᠤ ᠵᠣᠬᠢᠶᠠᠨ ᠪᠠᠢᠭᠤᠯᠬᠤ ᠬᠡᠯᠲᠡᠰ ᠦᠨ ᠺᠠᠳ᠋ᠷ ᠲᠤ ᠬᠢᠨᠠᠯᠲᠠ ᠲᠠᠯᠪᠢᠬᠤ ᠰᠠᠯᠠᠭᠠᠨ ᠤ ᠮᠡᠳᠡᠭᠳᠡᠯ ᠢ ᠲᠤᠰᠴᠠᠢ ᠂ ᠮᠡᠳᠡᠭᠳᠡᠯ ᠦᠨ ᠠᠭᠤᠯᠠᠨ᠎ᠠ ᠨᠢ ᠄ ᠸᠠᠩ ᠽᠦᠨ ᠵᠣ ᠨᠥᠬᠥᠷ ᠲᠤᠰ ᠰᠠᠷ᠎ᠠ ᠳᠤ ᠠᠵᠢᠯ ᠤᠨ ᠪᠠᠶᠢᠷᠢᠨ ᠠᠴᠠ ᠪᠠᠨ ᠰᠠᠯᠵᠤ ᠂ ᠵᠣᠬᠢᠶᠠᠨ ᠪᠠᠢᠭᠤᠯᠬᠤ ᠬᠡᠯᠲᠡᠰ ᠲᠦ ᠬᠦᠷᠴᠦ ᠠᠵᠢᠯ ᠠᠴᠠ ᠪᠠᠨ ᠠᠮᠠᠷᠠᠬᠤ ᠬᠠᠮᠢᠶ᠎ᠠ ᠪᠦᠬᠦᠢ ᠭᠠᠷ ᠭᠦᠶᠴᠡᠳᠬᠡᠯ ᠬᠢᠯᠭᠡᠬᠦ ᠪᠡᠷ ᠱᠠᠭᠠᠷᠳᠠᠪᠠ ᠃ ᠡᠨᠡ ᠬᠦ ᠮᠡᠳᠡᠭᠳᠡᠯ ᠢ ᠣᠯᠤᠮᠠᠭᠴᠠ ᠂ ᠨᠡᠷ᠎ᠡ ᠲᠥᠷᠥ ᠦᠭᠡᠢ ᠨᠦᠰᠡᠷ ᠬᠦᠨᠳᠦ ᠪᠣᠯᠵᠤ ᠂ ᠰᠠᠯᠵᠤ ᠶᠠᠳᠠᠬᠤ ᠦᠭᠡᠢ ᠵᠣᠪᠠᠯᠠᠩ ᠳᠤ ᠰᠣᠯᠪᠢᠴᠠᠵᠤ ᠢᠷᠡᠪᠡ ᠂ ᠨᠠᠩ ᠴᠤ ᠬᠠᠤᠯᠢ ᠴᠠᠭᠠᠵᠠ ᠶᠢᠨ ᠠᠵᠢᠯ ᠤᠨ ᠪᠠᠢᠷᠢ ᠳᠤ ᠭᠤᠴᠢᠨ ᠨᠠᠢ᠌ᠮᠠᠨ ᠵᠢᠯ ᠪᠠᠲᠤ ᠰᠠᠬᠢᠭᠰᠠᠨ ᠡᠨᠡ ᠬᠦ ᠠᠬᠠᠮᠠᠳ ᠨᠥᠬᠥᠳ ᠲᠦ ᠡᠨᠡ ᠬᠦ ᠮᠡᠳᠡᠭᠳᠡᠯ ᠢ ᠬᠡᠷᠬᠢᠨ ᠳᠠᠮᠵᠢᠭᠤᠯᠬᠤ ᠶᠢ ᠪᠦᠦ ᠮᠡᠳᠡ ᠃ ᠤᠴᠢᠷ ᠨᠢ ᠲᠡᠷᠡ ᠡᠨᠡ ᠬᠦ ᠠᠵᠢᠯ ᠦᠢᠯᠡᠰ ᠲᠡᠬᠡᠨ ᠡᠢ᠌ᠮᠦ ᠶᠡᠬᠡ ᠬᠠᠢ᠌ᠷᠠᠲᠠᠢ ᠭᠡᠳᠡᠭ ᠢ ᠪᠢ ᠮᠡᠳᠡᠵᠦ ᠪᠠᠢᠨ᠎ᠠ ᠃
ᠤᠳᠠᠲᠠᠯ᠎ᠠ ᠪᠣᠳᠣᠯᠬᠢᠯᠠᠭᠠᠳ ᠂ ᠪᠢ ᠡᠴᠦᠰ ᠲᠡᠬᠡᠨ ᠵᠣᠷᠢᠭ ᠢᠶᠠᠨ ᠬᠥᠪᠴᠢᠯᠡᠨ ᠤᠲᠠᠰᠤ ᠠᠪᠴᠤ ᠦᠵᠡᠬᠦ ᠳᠦ ᠠᠪ ᠠᠮᠠᠷᠬᠠᠨ ᠨᠢᠭᠡ ᠵᠦᠢᠯ ᠦᠨ ᠦᠭᠡ ᠶᠠᠷᠢᠶ᠎ᠠ ᠪᠠᠷ ᠬᠠᠭᠤᠴᠢᠨ ᠲᠢᠩᠬᠢᠮ ᠣᠨ ᠳᠠᠷᠤᠭ᠎ᠠ ᠳᠤ ᠄ 《 ᠸᠠᠩ ᠲᠢᠩᠬᠢᠮ ᠣᠨ ᠳᠠᠷᠤᠭ᠎ᠠ ᠠ ᠂ ᠶᠠᠭᠠᠷᠠᠤ ᠤᠤ ? ︾ ᠂ ᠮᠡᠳᠡᠭᠡ ᠶᠠᠪᠤᠭᠤᠯᠤᠭᠰᠠᠨ ᠤ ᠳᠠᠷᠠᠭ᠎ᠠ ᠬᠠᠭᠤᠴᠢᠨ ᠲᠢᠩᠬᠢᠮ ᠣᠨ ᠳᠠᠷᠤᠭ᠎ᠠ ᠶᠢᠨ ᠬᠠᠷᠢᠭᠤ ᠶᠢ ᠴᠠᠭ ᠲᠤᠬᠠᠶ ᠳᠤᠨᠢ ᠣᠯᠤᠭᠰᠠᠨ ᠥᠬᠡᠶ ᠃ ᠲᠡᠭᠡᠭᠡᠳ ᠪᠢ ᠬᠠᠮᠲᠤ ᠠᠵᠢᠯᠯᠠᠭᠴᠢ ᠲᠠᠶ ᠪᠠᠨ ᠬᠠᠭᠤᠴᠢᠨ ᠲᠢᠩᠬᠢᠮ ᠣᠨ ᠳᠠᠷᠤᠭ᠎ᠠ ᠶᠢᠨ ᠤᠳᠠᠯ ᠦᠭᠡᠢ ᠨᠠᠰᠤᠨ ᠤ ᠠᠮᠠᠷᠠᠯᠲᠠ ᠠᠪᠬᠤ ᠭᠡᠵᠦ ᠪᠠᠶᠭ᠎ᠠ ᠤᠴᠢᠷ ᠢ ᠶᠠᠷᠢᠪᠠ ᠂ ᠬᠠᠮᠲᠤ ᠠᠵᠢᠯᠯᠠᠭᠴᠢ ᠠᠴᠠ ᠨᠠᠳᠠ ᠳᠤ ᠄ ᠬᠠᠭᠤᠴᠢᠨ ᠲᠢᠩᠬᠢᠮ ᠣᠨ ᠳᠠᠷᠤᠭ᠎ᠠ ᠪᠠᠰᠠ 20 ᠭᠠᠷᠤᠶ ᠰᠢᠨ᠎ᠡ ᠬᠡᠷᠡᠭ ᠬᠣᠷᠢᠶᠠᠨ ᠠᠪᠴᠠᠶ ᠂ ᠪᠠᠷᠤᠭᠴᠠᠭᠠᠯᠠᠬᠤ ᠳᠤ ᠶᠠᠭᠠᠷᠠᠵᠤ ᠪᠠᠢᠨ᠎ᠠ ᠃ ᠡᠨᠡ ᠨᠢ ᠮᠢᠨᠦ ᠰᠡᠳᠬᠢᠯ ᠢ ᠨᠠᠩ ᠴᠤ 《 ᠬᠦᠴᠢᠲᠡᠶ 》 ᠪᠠᠢᠳᠠᠯ ᠳᠤ ᠣᠷᠣᠭᠤᠯᠵᠠᠶ ᠃ ᠠᠬᠠᠮᠠᠳ ᠲᠢᠩᠬᠢᠮ ᠣᠨ ᠳᠠᠷᠤᠭ᠎ᠠ ᠶᠢᠨ ᠨᠠᠰᠤᠨ ᠤ ᠠᠮᠠᠷᠠᠯᠲᠠ ᠠᠪᠬᠤ ᠳᠤ ᠬᠡᠷᠡᠭᠰᠡᠬᠦ ᠬᠣᠯᠪᠣᠭᠳᠠᠯ ᠪᠦᠬᠦᠢ ᠭᠠᠷ ᠭᠦᠢᠴᠡᠳᠬᠡᠯ ᠢ ᠦᠭᠡ ᠳᠠᠭᠤᠨ ᠦᠭᠡᠢ ᠪᠡᠷ ᠰᠠᠶᠢᠲᠤᠷ ᠡᠮᠬᠢᠯᠡᠨ ᠲᠢᠭᠯᠡᠵᠦ ᠂ ᠠᠬᠠᠮᠠᠳ ᠲᠢᠩᠬᠢᠮ ᠣᠨ ᠳᠠᠷᠤᠭ᠎ᠠ ᠶᠢᠨ ᠬᠠᠷᠢᠭᠤ ᠵᠠᠬᠢᠳᠠᠯ ᠪᠢᠴᠢᠪᠡ ᠃
40 ᠮᠢᠨᠦ᠋ᠲ ᠦᠨ ᠳᠠᠷᠠᠭ᠎ᠠ ᠂ ᠪᠢ ᠬᠠᠭᠤᠴᠢᠨ ᠲᠢᠩᠬᠢᠮ ᠣᠨ ᠳᠠᠷᠤᠭ᠎ᠠ ᠶᠢᠨ ᠠᠯᠪᠠᠨ ᠭᠡᠷ ᠲᠦ ᠬᠦᠷᠴᠦ ᠢᠷᠡᠭᠡᠳ ᠠᠯᠪᠠᠨ ᠰᠢᠷᠡᠭᠡᠨ ᠳᠡᠭᠡᠷ᠎ᠡ ᠣᠪᠣᠭᠠᠯᠠᠭᠰᠠᠨ ᠬᠡᠷᠡᠭ ᠦᠨ ᠡᠪᠬᠡᠮᠡᠯ ᠪᠣᠯᠤᠨ ᠨᠢᠭᠡᠨ ᠦᠨᠡᠨ ᠪᠣᠳᠠᠲᠠᠶ ᠢᠯᠠ ᠲᠣᠳᠣ ᠤᠯᠠᠭᠠᠨ ᠥᠩᠭᠡᠲᠡᠶ m i n i ᠵᠢᠵᠢᠭ ᠬᠥᠯᠳᠡᠭᠦᠷ ᠬᠦᠷᠴᠦ ᠢᠷᠡᠪᠡ ᠂ ᠲᠡᠨᠳᠡ ᠬᠠᠭᠤᠴᠢᠨ ᠲᠢᠩᠬᠢᠮ ᠣᠨ ᠳᠠᠷᠤᠭ᠎ᠠ ᠶᠢᠨ ᠢ ᠳ᠋ᠤᠤ ᠰᠦ ᠰᠠᠪᠠᠯᠠᠵᠤ ᠪᠠᠢᠨ᠎ᠠ ᠃ ᠲᠡᠭᠦᠨ ᠦ ᠬᠦᠨᠳᠦ ᠨᠣᠴᠢᠲᠠᠶ ᠰᠢᠬᠢᠷ ᠰᠢᠵᠢᠩ ᠡᠪᠡᠳᠴᠢᠨ ᠦ ᠨᠡᠶᠢᠯᠡᠭ ᠬᠡᠮ ᠲᠠᠢ ᠪᠠᠶᠢᠬᠤ ᠶᠢ ᠠᠩᠬ᠎ᠠ ᠤᠳᠠᠭ᠎ᠠ ᠮᠡᠳᠡᠭᠰᠡᠨ ᠶᠠᠪᠤᠳᠠᠯ ᠪᠣᠯ ᠠᠬᠠᠮᠠᠳ ᠲᠢᠩᠬᠢᠮ ᠣᠨ ᠳᠠᠷᠤᠭ᠎ᠠ ᠥᠪᠥᠷ ᠮᠣᠩᠭᠣᠯ ᠤᠨ 《 ᠠᠷᠪᠠᠨ ᠰᠢᠯᠢᠳᠡᠭ ᠬᠠᠤᠯᠢ ᠪᠠᠷ ᠵᠠᠰᠠᠬᠤ ᠬᠥᠮᠥᠨ 》 ᠢ ᠰᠢᠯᠭᠠᠷᠠᠭᠤᠯᠤᠨ ᠰᠣᠩᠭᠣᠬᠤ ᠣᠶᠢᠶ᠎ᠠ ᠳᠤ ᠂ ᠲᠧᠯᠸᠢᠰ ᠬᠣᠷᠢᠶᠠᠨ ᠤ ᠰᠤᠷᠪᠤᠯᠵᠢᠯᠠᠭᠴᠢ ᠶᠢᠨ ᠤᠯᠠᠨ ᠠᠷᠪᠢᠨ ᠠᠰᠠᠭᠤᠯᠲᠠ ᠪᠠ ᠱᠠᠭᠠᠷᠳᠠᠯᠭ᠎ᠠ ᠳᠣᠣᠷ᠎ᠠ ᠂ ᠪᠢ ᠲᠡᠭᠦᠨ ᠦ 《 ᠬᠥᠮᠦᠨ ᠢ ᠰᠣᠴᠢᠭᠠᠮ᠎ᠠ 》 ᠬᠥᠯ ᠢ ᠠᠩᠬ᠎ᠠ ᠤᠳᠠᠭ᠎ᠠ ᠣᠯᠵᠤ ᠦᠵᠡᠭᠰᠡᠨ ᠶᠠᠪᠤᠳᠠᠯ ᠪᠣᠯᠤᠨ᠎ᠠ ᠂ ᠲᠡᠷᠡ ᠬᠣᠶᠠᠷ ᠬᠥᠯ ᠨᠢ ᠨᠠᠪᠲᠠᠷᠠᠭᠰᠠᠨ ᠨᠢ ᠪᠠᠷᠤᠭ ᠯᠠ ᠰᠠᠢᠬᠠᠨ ᠠᠷᠠᠰᠤ ᠦᠭᠡᠢ ᠂ ᠬᠥᠬᠡ ᠬᠦᠷᠡᠩ ᠥᠩᠭᠡ ᠲᠠᠢ ᠰᠢᠷᠬ᠎ᠠ ᠰᠣᠷᠪᠢ ᠭᠠᠵᠠᠷ ᠰᠠᠢ ᠦᠭᠡᠢ ᠬᠠᠷᠠᠭᠳᠠᠨ᠎ᠠ ᠃ ᠲᠡᠷᠡ ᠡᠳᠦᠷ ᠰᠤᠷᠪᠤᠯᠵᠢᠯᠠᠭᠴᠢ ᠲᠡᠭᠦᠨ ᠡᠴᠡ ᠄ ︽ ᠲᠠᠨ ᠤ ᠪᠡᠶ᠎ᠡ ᠴᠦ ᠲᠡᠢᠮᠦ ᠰᠠᠢᠨ ᠪᠢᠰᠢ ᠂ ᠠᠵᠢᠯ ᠠᠴᠠ ᠪᠠᠨ ᠪᠠᠭᠤᠵᠤ ᠠᠮᠠᠷᠠᠬᠤ ᠶᠢ ᠪᠣᠳᠣᠵᠤ ᠥᠩᠭᠡᠷᠡᠭᠰᠡᠨ ᠦᠸ ︖ ᠣᠳᠣ ᠬᠢᠬᠦ ᠦᠭᠡᠢ ! ︾ ᠭᠡᠵᠦ ᠬᠠᠭᠤᠴᠢᠨ ᠲᠢᠩᠬᠢᠮ ᠣᠨ ᠳᠠᠷᠤᠭ᠎ᠠ ᠢᠨᠢᠶᠡᠮᠰᠦᠭᠯᠡᠭᠰᠡᠭᠡᠷ ᠄ ︽ ᠪᠢ ᠥᠪᠡᠷ ᠦᠨ ᠡᠨᠡ ᠬᠦ ᠠᠵᠢᠯ ᠦᠢᠯᠡᠰ ᠲᠡᠬᠡᠨ ᠶᠡᠬᠡ ᠪᠠᠬᠠᠲᠠᠶ ᠂ ᠣᠳᠣ ᠪᠣᠯᠲᠠᠯ᠎ᠠ ᠬᠢᠵᠦ ᠴᠢᠳᠠᠳᠠᠭ ᠯᠠ ᠶᠤᠮ ᠪᠣᠯ ᠪᠢ ᠦᠷᠭᠦᠯᠵᠢᠯᠡᠨ ᠬᠢᠶ᠎ᠡ ᠭᠡᠵᠦ ᠪᠣᠳᠣᠵᠤ ᠪᠠᠢᠨ᠎ᠠ ᠃ 2015 ᠣᠨ ᠳᠤ ᠂ ᠥᠨᠳᠥᠷ ᠬᠦᠴᠦᠯᠡᠴᠡ ᠲᠡᠶ ᠠᠵᠢᠯ ᠤᠨ ᠡᠭᠦᠷᠭᠡ ᠪᠣᠯᠤᠨ ᠠᠵᠢᠯ ᠤᠨ ᠳᠠᠷᠤᠯᠲᠠ ᠳᠣᠣᠷ᠎ᠠ ᠂ ᠡᠨᠡ ᠬᠦ ︽ ᠲᠡᠮᠦᠷ ᠬᠥᠮᠥᠨ ︾ ᠡᠪᠡᠳᠴᠢᠯᠡᠵᠦ ᠂ ᠰᠢᠬᠢᠷ ᠰᠢᠵᠢᠩ ᠡᠪᠡᠳᠴᠢᠨ ᠲᠢᠲᠢᠮ ᠵᠢᠷᠦᠬᠡᠨ ᠦ ᠡᠪᠡᠳᠴᠢᠨ ᠣᠯᠵᠤ ᠂ ᠠᠬᠠᠮᠠᠳ ᠲᠢᠩᠬᠢᠮ ᠣᠨ ᠳᠠᠷᠤᠭ᠎ᠠ ᠡᠮᠨᠡᠯᠭᠡ ᠳᠦ ᠣᠷᠣᠪᠠ ᠃ ᠲᠡᠷᠡ ᠣᠶᠢᠶ᠎ᠠ ᠳᠤ ᠂ ᠲᠡᠷᠡ ᠬᠡᠰᠡᠭ ᠬᠤᠭᠤᠴᠠᠭ᠎ᠠ ᠰᠠᠢᠨ ᠠᠮᠠᠷᠠᠵᠤ ᠴᠢᠳᠠᠨ᠎ᠠ ᠭᠡᠵᠦ ᠪᠢ ᠪᠣᠳᠣᠵᠤ ᠪᠠᠢᠭᠰᠠᠨ ᠂ ᠬᠠᠮᠲᠤ ᠠᠵᠢᠯᠲᠠᠳ ᠨᠢ ᠴᠦ ᠲᠡᠭᠦᠨ ᠢ ᠢᠯᠡᠭᠦᠦ ᠬᠡᠳᠦᠨ ᠡᠳᠦᠷ ᠠᠮᠠᠷᠠ ᠭᠡᠵᠦ ᠢᠳᠬᠠᠭᠰᠠᠨ ᠂ ᠤᠴᠢᠷ ᠨᠢ ᠲᠡᠭᠦᠨ ᠦ ᠪᠡᠶ᠎ᠡ ᠮᠠᠬᠠᠪᠣᠳ ᠨᠢ ᠪᠠᠷᠤᠭ ᠪᠦᠷ ᠬᠡᠲᠦᠷᠡᠲᠡᠯ᠎ᠡ ᠵᠣᠭᠣᠰ ᠭᠠᠷᠭᠠᠵᠤ ᠠᠪᠤᠭᠰᠠᠨ ᠪᠠᠢᠳᠠᠯ ᠳᠤ ᠣᠷᠣᠰᠢᠵᠤ ᠪᠠᠢᠭᠰᠠᠨ ᠰᠢᠭ᠋ ᠪᠠᠶᠢᠯ᠎ᠠ ᠃ ᠰᠠᠨᠠᠭᠠᠨ ᠠᠴᠠ ᠭᠠᠳᠠᠭᠤᠷ ᠂ ᠬᠠᠷᠢᠨ ᠵᠦᠢ ᠶᠣᠰᠣᠨ ᠤ ᠳᠤᠮᠳᠠ ᠂ ᠲᠡᠷᠡ ᠡᠮᠨᠡᠯᠭᠡ ᠡᠴᠡ ᠭᠠᠷᠤᠭᠰᠠᠨ ᠤ ᠳᠠᠷᠠᠭ᠎ᠠ ᠰᠢᠭᠦᠬᠦ ᠬᠣᠷᠢᠶᠠᠨ ᠳᠠᠭᠠᠨ ᠪᠤᠴᠠᠪᠠ ᠂ ᠲᠡᠷᠡ ᠢᠨᠢᠶᠡᠮᠰᠦᠭᠯᠡᠭᠰᠡᠭᠡᠷ ᠄ ︽ ᠪᠠᠰᠠ ᠬᠡᠳᠦᠨ ᠬᠡᠷᠡᠭ ᠪᠠᠢᠨ᠎ᠠ ᠂ ᠰᠠᠨᠠᠭ᠎ᠠ ᠠᠮᠤᠷ ᠦᠭᠡᠢ
ᠠᠬᠠᠮᠠᠳ ᠲᠢᠩᠬᠢᠮ ᠣᠨ ᠳᠠᠷᠤᠭ᠎ᠠ ᠶᠢᠨ ᠠᠯᠪᠠᠨ ᠭᠡᠷ ᠲᠦ ᠣᠷᠣᠵᠤ ᠢᠷᠡᠭᠰᠡᠨ ᠦ ᠳᠠᠷᠠᠭ᠎ᠠ ᠂ ᠪᠢ ᠠᠵᠢᠯ ᠠᠴᠠ ᠪᠠᠨ ᠪᠠᠭᠤᠵᠤ ᠠᠮᠠᠷᠠᠬᠤ ᠭᠠᠷ ᠭᠦᠢᠴᠡᠳᠬᠡᠯ ᠢᠶᠡᠨ ᠲᠡᠭᠦᠨ ᠳᠦ ᠲᠤᠰᠢᠶᠠᠭᠰᠠᠨ ᠳᠤ ᠂ ᠵᠣᠪᠠᠵᠤ ᠰᠢᠨᠠᠯᠤᠨ ᠤᠴᠠᠭᠠᠷᠯᠠᠵᠤ ᠂ ᠶᠠᠭᠤ ᠴᠤ ᠬᠡᠯᠡᠬᠦ ᠪᠡᠨ ᠪᠣᠯᠢᠯ᠎ᠠ ᠃ ᠬᠠᠭᠤᠴᠢᠨ ᠲᠢᠩᠬᠢᠮ ᠣᠨ ᠳᠠᠷᠤᠭ᠎ᠠ ᠤᠷᠢᠳ ᠢᠶᠠᠷ ᠰᠠᠨᠠᠭ᠎ᠠ ᠠᠯᠳᠠᠵᠤ ᠂ ᠳᠠᠷᠠᠭ᠎ᠠ ᠨᠢ ᠄ 《 ᠨᠠᠰᠤ ᠬᠦᠷᠪᠡᠯ ᠳᠠᠷᠤᠶ ᠪᠤᠴᠠᠭᠠᠬᠤ ᠬᠡᠷᠡᠭᠲᠡᠶ ᠪᠣᠯᠵᠠᠶ ᠃ ᠡᠨᠡ ᠬᠦ ᠴᠠᠭ ᠮᠥᠴᠡ ᠳᠦ ᠂ ᠪᠢ ᠬᠠᠷᠢᠨ ᠲᠡᠭᠦᠨ ᠦ ᠨᠢᠳᠦ ᠶᠢ ᠬᠠᠷᠠᠬᠤ ᠵᠣᠷᠢᠭ ᠦᠭᠡᠢ ᠂ ᠨᠢᠳᠦ ᠭᠢᠯᠠᠰᠤᠮ᠎ᠠ ᠨᠢ ᠠᠯᠪᠠᠨ ᠰᠢᠷᠡᠭᠡᠨ ᠦ ᠡᠮᠦᠨᠡᠬᠢ ᠲᠡᠷᠡ ᠣᠪᠣᠭ᠎ᠠ ᠡᠪᠬᠡᠮᠡᠯ ᠳᠡᠭᠡᠷ᠎ᠡ ᠤᠨᠠᠵᠤ ᠂ ᠶᠠᠭᠤ ᠬᠡᠯᠡᠬᠦ ᠪᠡᠨ ᠮᠡᠳᠡᠬᠦ ᠦᠭᠡᠢ ᠪᠣᠯᠪᠠᠴᠤ ᠲᠡᠭᠦᠨ ᠦ ᠠᠯᠪᠠᠨ ᠭᠡᠷ ᠡᠴᠡ ᠨᠢ ᠪᠠᠰᠠ ᠰᠠᠯᠬᠤ ᠰᠠᠨᠠᠭ᠎ᠠ ᠦᠭᠡᠢ ᠪᠠᠶᠢᠯ᠎ᠠ ᠃ ᠬᠠᠭᠤᠴᠢᠨ ᠲᠢᠩᠬᠢᠮ ᠣᠨ ᠳᠠᠷᠤᠭ᠎ᠠ ᠮᠢᠨᠦ ᠬᠠᠷᠠᠴᠠ ᠶᠢ ᠳᠠᠭᠠᠨ ᠂ ᠲᠡᠷᠡ ᠣᠪᠣᠭ᠎ᠠ ᠬᠡᠷᠡᠭ ᠦᠨ ᠡᠪᠬᠡᠮᠡᠯ ᠢ ᠰᠢᠷᠲᠡᠨ ᠄ 《 ᠬᠣᠷᠢᠶᠠᠨ ᠳᠠᠷᠤᠭ᠎ᠠ ᠪᠠᠢᠨ᠎ᠠ ᠤᠤ ᠦᠭᠡᠢ ᠦᠸ ? ᠪᠢ ᠲᠡᠭᠦᠨ ᠦ ᠠᠯᠪᠠᠨ ᠭᠡᠷ ᠲᠦ ᠣᠴᠢᠵᠤ ᠲᠡᠭᠦᠨ ᠲᠡᠶ ᠮᠡᠨᠳᠦᠴᠢᠯᠡᠬᠦ ᠬᠡᠷᠡᠭᠲᠡᠢ ᠂ ᠠᠵᠢᠯ ᠠᠴᠠ ᠠᠮᠠᠷᠠᠬᠤ ᠭᠠᠷ ᠭᠦᠢᠴᠡᠳᠬᠡᠯ ᠬᠢᠭᠰᠡᠨ ᠪᠣᠯ ᠬᠡᠷᠡᠭ ᠰᠢᠢᠳᠪᠦᠷᠢᠯᠡᠬᠦ ᠡᠷᠬᠡ ᠦᠭᠡᠢ ᠂ ᠪᠢ ᠤᠳᠤᠷᠢᠳᠤᠯᠭ᠎ᠠ ᠲᠠᠶ ᠪᠠᠨ ᠮᠢᠨᠦ ᠠᠵᠢᠯ ᠠᠴᠠ ᠠᠮᠠᠷᠠᠬᠤ ᠤᠴᠢᠷ ᠢ ᠶᠠᠷᠢᠬᠤ ᠬᠡᠷᠡᠭᠲᠡᠢ ᠂ ᠡᠳᠡᠭᠡᠷ ᠬᠡᠷᠡᠭ ᠢ ᠲᠤᠰᠢᠶᠠᠬᠤ ᠪᠠ ᠬᠦᠯᠢᠶᠡᠨ ᠠᠪᠬᠤ ᠬᠡᠷᠡᠭᠲᠡᠢ ᠂ ᠬᠡᠷᠡᠭ ᠳᠡᠭᠡᠷᠡᠬᠢ ᠤᠴᠢᠷ ᠢ ᠰᠠᠭᠠᠲᠠᠭᠠᠵᠤ ᠪᠣᠯᠬᠤ ᠦᠭᠡᠢ ᠃
ᠲᠡᠢᠮᠦ ᠡ ᠂ ᠲᠡᠷᠡ ᠪᠣᠯ ᠳᠠᠷᠤᠶ ᠡᠢᠮᠦ ᠨᠢᠭᠡᠨ ᠠᠬᠠᠮᠠᠳ ᠰᠢᠭᠦᠭᠴᠢ ᠂ ᠡᠢᠮᠦ ᠨᠢᠭᠡᠨ ᠠᠬᠠᠮᠠᠳ ᠨᠠᠮ ᠤᠨ ᠭᠡᠰᠢᠭᠦᠨ ᠮᠥᠨ ᠃ ᠲᠥᠷᠥᠬᠦᠦ ᠬᠡᠳᠦᠨ ᠡᠳᠦᠷ ᠂ ᠬᠦᠷᠢᠶᠡᠨ ᠳᠦ ᠬᠠᠭᠤᠴᠢᠨ ᠲᠢᠩᠬᠢᠮ ᠣᠨ ᠳᠠᠷᠤᠭ᠎ᠠ ᠶᠢ ᠲᠣᠬᠢᠷᠠᠭᠤᠯᠵᠤ ᠣᠯᠠᠨ ᠳᠤ ᠨᠠᠮ ᠤᠨ ᠬᠢᠴᠢᠶᠡᠯ ᠣᠷᠣᠭᠤᠯᠪᠠ ᠃ ᠬᠢᠴᠢᠶᠡᠯ ᠳᠡᠭᠡᠷ᠎ᠡ ᠂ ᠠᠬᠠᠮᠠᠳ ᠲᠢᠩᠬᠢᠮ ᠣᠨ ᠳᠠᠷᠤᠭ᠎ᠠ ᠤᠯᠠᠮᠵᠢᠯᠠᠬᠤ ᠬᠠᠪᠰᠤᠷᠬᠤ ᠳᠠᠭᠠᠭᠤᠯᠬᠤ ᠵᠣᠷᠢᠭ ᠰᠠᠨᠠᠭ᠎ᠠ ᠶᠢ ᠪᠠᠳᠠᠷᠠᠭᠤᠯᠤᠨ ᠣᠯᠠᠨ ᠳᠤ ᠬᠡᠷᠡᠭ ᠰᠢᠶᠳᠪᠦᠷᠢᠯᠡᠭᠰᠡᠨ ᠲᠥᠷᠥᠭᠳᠡᠯ ᠢᠶᠡᠨ ᠶᠠᠷᠢᠵᠤ ᠥᠭᠴᠡᠶ ᠂ ᠡᠭᠦᠨ ᠦ ᠳᠣᠲᠣᠷᠠᠬᠢ ᠨᠢᠭᠡ ᠬᠡᠷᠡᠭ ᠦᠨ ᠵᠢᠱᠢᠶ᠎ᠡ ᠨᠢ ᠨᠠᠳᠠᠳᠤ ᠲᠣᠪ ᠲᠣᠳᠣᠷᠬᠠᠶ ᠴᠡᠭᠡᠵᠢᠯᠡᠭᠰᠡᠭᠡᠷ ᠪᠠᠢᠨ᠎ᠠ ᠄ 70 ᠰᠢᠬᠠᠭᠰᠠᠨ ᠨᠠᠰᠤᠲᠠᠨ ᠡᠷ᠎ᠡ ᠡᠮ᠎ᠡ ᠬᠣᠶᠠᠭᠤᠯᠠ ᠵᠠᠷᠢᠮ ᠡᠨᠳᠡᠭᠦᠷᠡᠯ ᠡᠴᠡ ᠪᠣᠯᠵᠤ ᠰᠢᠭᠦᠬᠦ ᠬᠣᠷᠢᠶᠠᠨ ᠳᠤ ᠵᠠᠭᠠᠯᠳᠤᠨ ᠣᠷᠣᠭ ᠰᠠᠯᠬᠤ ᠭᠡᠵᠦ ᠪᠠᠢᠨ᠎ᠠ ᠂ ᠲᠡᠷᠡ ᠬᠡᠷᠡᠭ ᠦᠨ ᠪᠠᠶᠢᠳᠠᠯ ᠢ ᠣᠶᠢᠯᠠᠭᠠᠭᠰᠠᠨ ᠤ ᠳᠠᠷᠠᠭ᠎ᠠ ᠂ ᠬᠡᠳᠦᠨ ᠤᠳᠠᠭ᠎ᠠ ᠭᠤᠷᠪᠠ ᠤᠳᠠᠭ᠎ᠠ ᠭᠡᠷ ᠲᠤᠨᠢ ᠣᠴᠢᠵᠤ ᠡᠶᠡᠳᠡᠭᠦᠯᠭᠡ ᠬᠢᠵᠦ ᠂ ᠨᠢᠭᠡ ᠯᠠ ᠳᠡᠭᠡᠷ᠎ᠡ ᠬᠡᠳᠦᠨ ᠴᠠᠭ ᠣᠨ ᠡᠶᠡᠳᠡᠭᠦᠯᠭᠡ ᠬᠢᠭᠰᠡᠨ ᠪᠠᠢᠨ᠎ᠠ ᠃ ᠡᠶᠡᠳᠡᠭᠦᠯᠭᠡ ᠪᠦᠲᠦᠬᠦ ᠶᠢᠨ ᠲᠥᠯᠥᠭᠡ ᠲᠡᠷᠡ ᠨᠠᠰᠤᠲᠠᠨ ᠤ ᠬᠡᠦᠬᠡᠳ ᠢ ᠳᠠᠢᠴᠢᠯᠠᠨ ᠣᠷᠣᠯᠴᠠᠭᠤᠯᠪᠠ ᠃ ᠣᠳᠣ ᠲᠡᠳᠡ ᠥᠲᠡᠯᠵᠡᠶ ᠂ ᠴᠢ ᠪᠣᠯ ᠲᠡᠳᠡᠨ ᠤ ᠲᠦᠰᠢᠭ ᠲᠤᠯᠭᠠᠭᠤᠷᠢ ᠮᠥᠨ ᠃ ᠲᠡᠷᠡ ᠬᠡᠯᠡᠬᠦ ᠳᠡᠭᠡᠨ ᠂ ᠡᠨᠡ ᠣᠷᠣᠭ ᠰᠠᠯᠬᠤ ᠭᠡᠵᠦ ᠪᠠᠢᠨ᠎ᠠ ᠂ ᠡᠨᠡ ᠭᠡᠷ ᠴᠢᠨᠢ ᠨᠤᠷᠠᠯ᠎ᠠ ᠭᠡᠵᠡᠶ ᠃ ᠳᠥᠷᠪᠡ ᠤᠳᠠᠭ᠎ᠠ ᠭᠡᠷ ᠲᠤᠨᠢ ᠬᠦᠷᠴᠦ ᠡᠶᠡᠳᠡᠭᠦᠯᠦᠭᠰᠡᠨ ᠦ ᠳᠠᠷᠠᠭ᠎ᠠ ᠂ ᠡᠪᠦᠭᠡᠨ ᠬᠥᠭᠰᠢᠨ ᠡᠷ᠎ᠡ ᠡᠮ᠎ᠡ ᠬᠣᠶᠠᠭᠤᠯᠠ ᠡᠴᠦᠰ ᠲᠡᠬᠡᠨ ᠰᠡᠳᠬᠢᠯ ᠦᠨ ᠵᠠᠩᠭᠢᠷᠠᠭ᠎ᠠ ᠪᠠᠨ ᠨᠡᠭᠡᠭᠡᠵᠦ ᠂ ᠡᠶᠡᠪᠡᠷᠭᠦᠦ ᠵᠥᠭᠡᠯᠡᠨ ᠪᠣᠯᠪᠠ ᠃ ᠲᠡᠷᠡ ᠬᠡᠯᠡᠭᠰᠡᠨ ᠨᠢ ᠂ ᠬᠡᠷᠡᠭ ᠪᠣᠯᠭᠠᠨ ᠳᠡᠭᠡᠷ᠎ᠡ ᠣᠶᠣᠨ ᠤᠬᠠᠭᠠᠨ ᠢᠶᠠᠨ ᠰᠢᠪᠬᠠᠬᠤ ᠬᠡᠷᠡᠭᠲᠡᠶ ᠃ ᠮᠢᠨᠦ ᠪᠤᠳᠤᠬᠤ ᠪᠠᠷ ᠲᠡᠷᠡ ᠰᠢᠭᠦᠨ ᠲᠠᠰᠤᠯᠬᠤ ᠦᠢᠯᠡᠰ ᠲᠦ ᠨᠠᠰᠤᠨ ᠲᠤᠷᠰᠢᠳᠠ ᠶᠢᠨ ᠬᠦᠴᠦ ᠬᠥᠯᠥᠰᠥ ᠪᠡᠨ ᠤᠷᠤᠰᠬᠠᠭᠰᠠᠨ ᠶᠤᠮ ᠪᠠᠢᠨ᠎ᠠ ᠃
ᠡᠨᠡ ᠡᠳᠦᠷ ᠪᠢ ᠶᠠᠭ ᠯᠠ ᠠᠬᠠᠮᠠᠳ ᠲᠢᠩᠬᠢᠮ ᠣᠨ ᠳᠠᠷᠤᠭ᠎ᠠ ᠶᠢᠨ ᠨᠠᠰᠤᠨ ᠤ ᠠᠮᠠᠷᠠᠯᠲᠠ ᠠᠪᠬᠤ ᠭᠡᠵᠦ ᠪᠠᠶᠭ᠎ᠠ ᠶᠠᠪᠤᠳᠠᠯ ᠳᠤ ᠰᠢᠨᠤᠵᠤ ᠪᠠᠶᠭ᠎ᠠ ᠰᠢᠭ᠋ ᠰᠠᠨᠠᠭᠳᠠᠵᠤ ᠪᠠᠢᠨ᠎ᠠ ᠂ ᠲᠡᠷᠡ ᠡᠭᠡᠯ ᠶᠡᠷᠦᠮᠳᠡᠭ ᠪᠥᠭᠡᠳ ᠶᠡᠷᠦᠮᠳᠡᠭ ᠂ ᠭᠤᠴᠢᠨ ᠨᠠᠢ᠌ᠮᠠᠨ ᠵᠢᠯ ᠦᠨ ᠨᠢᠭᠡ ᠯᠠ ᠡᠳᠦᠷ ᠮᠡᠲᠦ ᠬᠠᠨᠳᠢᠪᠯᠠᠬᠤ ᠵᠣᠷᠢᠭ ᠰᠠᠨᠠᠭ᠎ᠠ ᠨᠢ ᠨᠠᠮᠠᠢ ᠦᠨᠡᠨ ᠬᠦ ᠬᠦᠨᠳᠦᠳᠬᠡᠨ ᠪᠢᠰᠢᠷᠡᠭᠦᠯᠵᠦ ᠳᠣᠭᠳᠣᠯᠤᠭᠤᠯᠵᠠᠶ ᠃ ᠣᠷᠣᠢ ᠶᠢᠨ ᠳᠣᠯᠣᠭᠠᠨ ᠴᠠᠭ ᠲᠤ ᠂ ᠨᠢᠭᠡ ᠬᠠᠮᠲᠤ ᠠᠵᠢᠯᠲᠠᠨ ᠬᠡᠳᠦᠨ ᠠᠬᠠᠮᠠᠳ ᠲᠢᠩᠬᠢᠮ ᠣᠨ ᠳᠠᠷᠤᠭ᠎ᠠ ᠶᠢᠨ ᠭᠡᠷᠡᠯ ᠵᠢᠷᠤᠭ ᠶᠠᠪᠤᠭᠤᠯᠤᠭᠰᠠᠨ ᠪᠥᠭᠡᠳ ᠸᠢᠴᠠᠲ ᠤᠨ ᠰᠦᠷᠦᠭ ᠲᠦ ᠄ ︽ ᠵᠣᠬᠢᠶᠠᠨ ᠪᠠᠢᠭᠤᠯᠬᠤ ᠬᠡᠯᠲᠡᠰ ᠡᠴᠡ ᠨᠢᠭᠡᠨᠲᠡ ᠸᠠᠩ ᠲᠢᠩᠬᠢᠮ ᠣᠨ ᠳᠠᠷᠤᠭ᠎ᠠ ᠶᠢᠨ ᠠᠵᠢᠯ ᠠᠴᠠ ᠪᠠᠨ ᠪᠠᠭᠤᠵᠤ ᠠᠮᠠᠷᠠᠬᠤ ᠶᠢ ᠮᠡᠳᠡᠭᠳᠡᠪᠡ ᠂ ᠭᠡᠪᠡᠴᠦ ᠣᠷᠣᠢ ᠨᠢ ᠪᠠᠰᠠ ᠴᠠᠭ ᠨᠡᠮᠡᠵᠦ ᠬᠡᠷᠡᠭ ᠬᠦᠷᠭᠡᠨ ᠥᠭᠴᠦ ᠪᠠᠢᠨ᠎ᠠ ︕ ᠬᠠᠮᠲᠤ ᠠᠵᠢᠯᠲᠠᠳ ᠨᠢ ᠪᠦᠷ ᠡᠷᠡᠬᠡᠶ ᠬᠤᠷᠤᠭᠤ ᠪᠠᠨ ᠭᠣᠵᠣᠶᠢᠯᠭᠠᠨ ᠠᠬᠠᠮᠠᠳ ᠲᠢᠩᠬᠢᠮ ᠣᠨ ᠳᠠᠷᠤᠭ᠎ᠠ ᠠᠴᠠ ᠰᠤᠷᠤᠯᠴᠠᠵᠤ ᠪᠠᠶᠢᠬᠤ ᠪᠠᠨ ᠢᠯᠡᠳᠬᠡᠪᠡ ᠁
ᠦᠨᠳᠦᠰᠦᠨ ᠱᠠᠲᠤᠨ ᠳᠤ ᠦᠨᠳᠦᠰᠦ ᠬᠠᠳᠬᠤᠨ ᠂ ᠬᠠᠷᠠᠮᠰᠠᠬᠤ ᠦᠭᠡᠢ ᠬᠠᠷᠠᠮᠰᠠᠬᠤ ᠦᠭᠡᠢ ᠃ ᠲᠡᠷᠡ ᠪᠣᠯ ᠰᠢᠭᠦᠨ ᠲᠠᠰᠤᠯᠬᠤ ᠠᠵᠢᠯ ᠤᠨ ᠪᠠᠶᠢᠷᠢ ᠪᠠᠨ ᠪᠠᠲᠤ ᠰᠠᠬᠢᠬᠤ ︽ ᠠᠷᠠᠯ ᠤᠨ ᠱᠠᠷ ︾ ᠮᠥᠨ ᠃ ᠠᠵᠢᠯ ᠤᠨ ᠪᠠᠶᠢᠷᠢ ᠠᠴᠠ ᠪᠠᠨ ᠰᠠᠯᠤᠯ᠎ᠠ ᠴᠤ ᠭᠡᠰᠡᠨ ᠮᠥᠨ ᠯᠠ ᠬᠠᠤᠯᠢ ᠴᠠᠭᠠᠵᠠ ᠶᠢᠨ ᠦᠢᠯᠡᠰ ᠦᠨ ᠡᠮᠦᠨ᠎ᠡ ᠹᠷᠣᠨᠲ᠋ ᠳᠤ ᠡᠷᠡᠯᠬᠡᠭᠯᠡᠨ ᠲᠡᠮᠡᠴᠡᠵᠦ ᠲᠥᠪ ᠭᠣᠣᠯᠴᠢ ᠪᠠ ᠰᠢᠳᠤᠷᠭᠤ ᠶᠣᠰᠣ ᠶᠢ ᠬᠠᠮᠠᠭᠠᠯᠠᠨ᠎ᠠ ᠃ ᠪᠢᠳᠡ ᠲᠡᠭᠦᠨ ᠳᠦ ᠬᠦᠨᠳᠦᠳᠬᠡᠯ ᠢᠶᠡᠨ ᠳᠡᠪᠰᠢᠭᠦᠯᠦᠶ᠎ᠡ !
ᠦᠨᠡᠯᠡᠬᠦ 0ᠦᠨᠡᠯᠡᠯᠲᠡ ᠲᠠᠢ