ᠯᠢᠦ ᠮᠢᠨ ᠰᠢᠭᠦᠬᠦ ᠲᠤᠰᠢᠶᠠᠯᠲᠠᠨ ᠦ ᠴᠠᠭ ᠪᠦᠷ ᠬᠠᠮᠢᠭ᠎᠎ᠠ ᠣᠴᠢᠭᠰᠠᠨ ᠪᠤᠢ
2019.03.22 ᠲᠣᠰ ᠥᠷᠲᠡᠭᠡᠨ ᠦ ᠨᠠᠢᠷᠠᠭᠤᠯᠤᠭᠴᠢ

预览

预览

 ᠯᠢᠦ ᠮᠢᠨ ᠰᠢᠭᠦᠬᠦ ᠲᠤᠰᠢᠶᠠᠯᠲᠠᠨ ᠦ ᠨᠢᠭᠡ ᠡᠳ᠋ᠦᠷ

 

8 ᠴᠠᠭ 30 ᠮᠢᠨ᠋ᠦ᠋ᠲ

 

ᠭᠤᠷᠪᠠᠨ ᠰᠠᠷ᠎ᠠ ᠶᠢᠨ ᠣᠷᠳ᠋ᠣᠰ ᠬᠣᠲᠠ ᠭᠡᠨ᠋ᠡᠳᠲᠡ ᠳᠤᠯᠠᠭᠠᠷᠠᠪᠠ ᠃ ᠰᠢᠭᠦᠭᠴᠢ ᠯᠢᠦ ᠮᠢᠨ ᠬᠠᠭᠠᠰ ᠴᠠᠭ ᠤᠷᠢᠳᠴᠢᠯᠠᠨ ᠠᠯᠪᠠᠨ ᠭᠡᠷ ᠲᠡᠭᠡᠨ ᠬᠥ᠋ᠷᠪᠡ ᠃ ᠠᠯᠪᠠᠨ ᠰᠢᠷᠡᠭᠡᠨ ᠦ ᠳᠡᠷᠭᠡᠳ᠋ᠡ ᠬᠦᠷᠦᠮᠡᠭᠴᠡ ᠠᠯᠪᠠᠨ ᠭᠡᠷ ᠤᠨ ᠤᠲᠠᠰᠤ ᠳᠤᠤᠭᠠᠷᠪᠠ ᠃ ᠯᠢᠦ ᠰᠢᠭᠦᠭᠴᠢ ︽ ᠸᠠᠶ᠎ ᠂ ᠲᠠ ᠰᠠᠢᠨ ᠤᠤ ︾ ᠭᠡᠵᠦ ᠬᠡᠯᠡᠪᠡ ᠃ ᠤᠲᠠᠰᠤᠨ ᠦ ᠲᠡᠷᠡ ᠦᠵᠦᠭᠦᠷ ᠡᠬᠢᠯᠡᠭᠡᠳ ᠶᠠᠷᠢᠪᠠ ᠃ ᠯᠢᠦ ᠰᠢᠭᠦᠭᠴᠢ ᠬᠡᠳ᠋ᠦᠨ ᠦᠭᠡ ᠰᠣᠨ᠋ᠣᠰᠤᠭᠠᠳ ᠡᠰᠡᠷᠭᠦ ᠡᠲᠡᠭᠡᠳ ᠢᠶᠡᠨ ᠲᠠᠰᠤᠯᠤᠭᠠᠳ ᠄ ︽ ᠲᠠ ᠤᠷᠢᠳ ᠢᠶᠡᠷ ᠲᠠᠨ ᠤ ᠨᠡᠷ᠎ᠡ ᠴᠢᠨ᠋ᠢ ᠬᠡᠨ ᠭᠡᠳ᠋ᠡᠭ᠌ ᠪᠣᠶ᠎ ︖ ᠶᠠᠮᠠᠷ ᠬᠡᠷᠡᠭ᠌ ᠨᠢ ᠮᠠᠨ ᠦ ᠬᠠᠮᠲᠤᠷᠠᠨ ᠵᠥ᠋ᠪᠯᠡᠬᠦ ᠲᠢᠩᠬᠢᠮ ᠳ᠋ᠤ ᠪᠠᠶᠬᠤ ᠪᠣᠶ᠎ ︖ ︾ ᠭᠡᠵᠡᠶ᠎ ᠃ ᠤᠤᠯ ᠨᠢ ᠲᠤᠬᠠᠶ᠎ ᠶᠢᠨ ᠬᠥ᠋ᠮᠦᠨ ᠠ᠋ᠴᠠ ᠬᠡᠷᠡᠭ᠌ ᠢ ᠲᠤᠯᠭᠠᠨ ᠠᠰᠠᠭᠤᠭᠰᠠᠨ ᠠᠬᠢᠴᠠ ᠪᠣᠯᠤᠨ᠎᠎ᠠ ᠃ ᠲᠤᠬᠠᠶ᠎ ᠶᠢᠨ ᠬᠥ᠋ᠮᠦᠨ ᠦ ᠯᠠᠪᠯᠠᠨ ᠠᠰᠠᠭᠤᠬᠤ ᠶᠢ ᠰᠣᠨ᠋ᠣᠰᠤᠭᠠᠳ ᠯᠢᠦ ᠰᠢᠭᠦᠭᠴᠢ ᠬᠦᠯᠢᠴᠡᠩᠭᠦᠢ ᠪᠠᠷ ᠲᠠᠶᠢᠯᠪᠤᠷᠢᠯᠠᠯᠲᠠ ᠬᠢᠵᠦ ᠂ ᠲᠤᠬᠠᠶ᠎ ᠶᠢᠨ ᠬᠥ᠋ᠮᠦᠨ ᠳ᠋ᠤ ᠡᠨ᠋ᠡ ᠬᠦ ᠳᠠᠬᠢᠨ ᠰᠢᠭᠦᠵᠦ ᠬᠢᠨ᠋ᠠᠨ ᠪᠠᠶᠢᠴᠠᠭᠠᠭᠰᠠᠨ ᠬᠡᠷᠡᠭ᠌ ᠢ ᠰᠠᠶᠢᠬᠠᠨ ᠬᠠᠮᠲᠤᠷᠠᠨ ᠵᠥ᠋ᠪᠯᠡᠬᠦ ᠲᠢᠩᠬᠢᠮ ᠳ᠋ᠤ ᠬᠤᠪᠢᠶᠠᠨ ᠬᠦᠷᠭᠡᠭ᠍ᠰᠡᠨ ᠪᠥ᠋ᠭᠡᠳ ᠳᠠᠭᠠᠭᠠᠨ ᠠᠪᠴᠤ ᠰᠢᠶᠳᠪᠦᠷᠢᠯᠡᠬᠦ ᠰᠢᠭᠦᠭᠴᠢ ᠪᠠᠰᠠ ᠡᠪᠬᠡᠮᠡᠯ ᠦᠵᠡᠭᠡᠳ᠋ᠦᠶ᠎ ᠪᠠᠶᠢᠬᠤ ᠶᠢ ᠬᠡᠯᠡᠵᠦ ᠥᠭᠪᠡ ︔ ᠬᠡᠷᠡᠭ᠌ ᠢ ᠲᠢᠩᠬᠢᠮ ᠨᠡᠭᠡᠭᠡᠵᠦ ᠰᠢᠭᠦᠬᠦ ᠡᠰᠡᠬᠦ ᠶᠢ ᠬᠡᠷᠡᠭ᠌ ᠤᠨ ᠪᠠᠶᠢᠳ᠋ᠠᠯ ᠢ ᠦᠵᠡᠵᠦ ᠪᠠᠢᠭᠠᠳ ᠲᠣᠭᠲᠠᠭᠠᠨ᠎᠎ᠠ ᠃ ᠲᠡᠷᠡᠴᠢᠯᠡᠨ ᠲᠤᠬᠠᠶ᠎ ᠶᠢᠨ ᠬᠥ᠋ᠮᠦᠨ ᠳ᠋ᠤ ᠂ ᠬᠡᠷᠪᠡ ᠲᠢᠩᠬᠢᠮ ᠨᠡᠭᠡᠭᠡᠬᠦ ᠴᠢᠬᠤᠯᠠᠲᠠᠶ᠎ ᠪᠤᠶᠤ ᠳᠠᠭᠠᠭᠠᠨ ᠠᠪᠴᠤ ᠰᠢᠶᠳᠪᠦᠷᠢᠯᠡᠬᠦ ᠰᠢᠭᠦᠬᠦ ᠲᠤᠰᠢᠶᠠᠯᠲᠠᠨ ᠨᠢ ᠲᠤᠬᠠᠶ᠎ ᠶᠢᠨ ᠬᠥ᠋ᠮᠦᠨ ᠲᠡᠢ ᠪᠠᠶᠢᠳ᠋ᠠᠯ ᠢ ᠬᠢᠨ᠋ᠠᠨ ᠬᠠᠷᠭᠤᠭᠤᠯᠬᠤ ᠴᠢᠬᠤᠯᠠᠲᠠᠶ᠎ ᠪᠠᠶᠪᠠᠯ ᠂ ᠳᠠᠭᠠᠭᠠᠨ ᠠᠪᠴᠤ ᠰᠢᠶᠳᠪᠦᠷᠢᠯᠡᠬᠦ ᠰᠢᠭᠦᠬᠦ ᠲᠤᠰᠢᠶᠠᠯᠲᠠᠨ ᠰᠠᠨ᠋ᠠᠭᠠᠴᠢᠯᠠᠭ᠎᠎ᠠ ᠠ᠋ᠴᠠ ᠪᠠᠨ ᠲᠡᠭᠦᠨ ᠲᠡᠢ ᠬᠠᠷᠢᠯᠴᠠᠬᠤ ᠪᠣᠯᠤᠨ᠎᠎ᠠ ᠭᠡᠵᠦ ᠬᠡᠯᠡᠵᠦ ᠥᠭ᠍ᠭᠦᠨ᠎᠎ᠡ ᠃ ᠯᠢᠦ ᠰᠢᠭᠦᠭᠴᠢ ᠰᠤᠷᠪᠤᠯᠵᠢᠯᠠᠭᠴᠢ ᠳ᠋ᠤ ᠄ ︽ ᠡᠢᠮᠦ ᠤᠲᠠᠰᠤ ᠶᠢ ᠡᠳ᠋ᠦᠷ ᠪᠦᠷᠢ ᠲᠤᠰᠳ᠋ᠠᠭ ᠃ ᠬᠠᠤᠯᠢ ᠪᠠᠷᠢᠬᠤ ᠶᠢ ᠢᠯᠠ ᠪᠣᠯᠭᠠᠬᠤ ᠬᠢᠷᠢ ᠬᠡᠮᠵᠢᠶ᠎᠎ᠡ ᠪᠠ ᠮᠡᠳ᠋ᠡᠭᠡ ᠵᠠᠩᠭᠢᠵᠢᠯᠲᠠ ᠶᠢᠨ ᠬᠢᠷᠢ ᠬᠡᠮᠵᠢᠶ᠎᠎ᠡ ᠶᠢᠨ ᠳᠡᠭᠡᠭ᠍ᠰᠢᠯᠡᠬᠦ ᠶᠢ ᠳᠠᠭᠠᠯᠳ᠋ᠤᠨ ᠂ ᠣᠳ᠋ᠣ ᠰᠢᠭᠦᠨ ᠲᠠᠰᠤᠯᠬᠤ ᠶᠠᠪᠤᠴᠠ ᠴᠤ ᠢᠯᠡ ᠪᠣᠯᠤᠭᠰᠠᠨ ᠪᠠᠢᠨ᠎᠎ᠠ ᠃ ᠲᠤᠬᠠᠶ᠎ ᠶᠢᠨ ᠬᠥ᠋ᠮᠥᠨ ᠨᠢ ᠬᠡᠷᠡᠭ᠌ ᠢ ᠠᠯᠢ ᠨᠢᠭᠡᠨ ᠶᠠᠪᠤᠴᠠ ᠳ᠋ᠤ ᠬᠦᠷᠦᠭ᠍ᠰᠡᠨ ᠢ ᠬᠡᠵᠢᠶ᠎᠎ᠡ ᠴᠦ ᠪᠠᠢᠴᠠᠭᠠᠨ ᠯᠠᠪᠯᠠᠵᠤ ᠪᠣᠯᠤᠨ᠎᠎ᠠ ᠃ ᠡᠢᠮᠦ ᠠ᠋ᠴᠠ ᠲᠤᠬᠠᠶ᠎ ᠶᠢᠨ ᠬᠥ᠋ᠮᠥᠨ ᠨᠢ ᠬᠡᠷᠡᠭ᠌ ᠢ ᠬᠡᠷᠡᠭ᠌ ᠪᠣᠯᠭᠠᠨ ᠳᠠᠩᠰᠠᠯᠠᠬᠤ ᠲᠢᠩᠬᠢᠮ ᠠ᠋ᠴᠠ ᠲᠠᠬᠢᠨ ᠰᠢᠭᠦᠬᠦ ᠳ᠋ᠤ ᠬᠢᠨ᠋ᠠᠯᠲᠠ ᠲᠠᠯᠪᠢᠬᠤ ᠬᠠᠮᠲᠤᠷᠠᠨ ᠵᠥ᠋ᠪᠯᠡᠬᠦ ᠲᠢᠩᠬᠢᠮ ᠳ᠋ᠤ ᠰᠢᠯᠵᠢᠭᠦᠯᠦᠨ ᠥᠭᠴᠦ ᠂ ᠮᠢᠨ᠋ᠦ ᠭᠠᠷ ᠲᠦ ᠬᠤᠪᠢᠶᠠᠨ ᠥᠭ᠍ᠭᠦᠭ᠍ᠰᠡᠨ ᠪᠥ᠋ᠭᠡᠳ ᠮᠢᠨ᠋ᠦ ᠠᠯᠪᠠᠨ ᠭᠡᠷ ᠤᠨ ᠤᠲᠠᠰᠤ ᠶᠢ ᠮᠡᠳ᠋ᠡᠭ᠍ᠰᠡᠨ ᠪᠣᠯᠬᠣᠷ ᠤᠲᠠᠰᠤ ᠢᠷᠡᠭᠦᠯᠵᠦ ᠯᠠᠪᠯᠠᠨ ᠠᠰᠠᠭᠤᠭᠰᠠᠨ ᠪᠠᠢᠨ᠎᠎ᠠ ᠃ ᠣᠳ᠋ᠣ ᠲᠤᠬᠠᠶ᠎ ᠶᠢᠨ ᠬᠥ᠋ᠮᠥᠨ ᠲᠠᠬᠢᠵᠤ ᠭᠠᠵᠠᠷ ᠪᠣᠯᠭᠠᠨ ᠳ᠋ᠤ ᠣᠴᠢᠵᠤ ᠰᠤᠷᠠᠭᠯᠠᠬᠤ ᠴᠢᠬᠤᠯᠠ ᠦᠭᠡᠢ ᠪᠣᠯᠵᠠᠶ᠎ ᠂ ᠬᠠᠷᠢᠴᠠᠭ᠎᠎ᠠ ᠪᠠᠨ ᠨᠠᠢᠳ᠋ᠠᠵᠤ ᠬᠥ᠋ᠮᠦᠨ ᠠ᠋ᠴᠠ ᠠᠰᠠᠭᠤᠪᠠᠯ ᠂ ᠵᠥ᠋ᠪᠬᠡᠨ ᠵᠠᠷᠭᠤ ᠶᠢᠨ ᠦᠢᠯᠡᠴᠢᠯᠡᠭᠡᠨ ᠦ ᠲᠥ᠋ᠪ ᠤᠨ ᠥᠪᠡᠷᠲᠡᠭᠡᠨ ᠪᠠᠢᠴᠠᠭᠠᠨ ᠯᠠᠪᠯᠠᠬᠤ ᠮᠠᠰᠢᠨ ᠳᠡᠭᠡᠷ᠎ᠡ ᠠ᠋ᠴᠠ ᠬᠣᠯᠪᠣᠭᠳ᠋ᠠᠯ ᠪᠦᠬᠦᠢ ᠮᠡᠳ᠋ᠡᠭᠡ ᠵᠠᠩᠭᠢ ᠶᠢ ᠡᠷᠢᠵᠦ ᠣᠯᠬᠤ ᠬᠡᠷᠡᠭ᠍ᠲᠡᠶ᠎ ᠃ ᠣᠳ᠋ᠣ ᠵᠠᠷᠭᠤᠯᠳ᠋ᠤᠭᠠᠨ ᠬᠢᠬᠦ ᠳ᠋ᠤ ᠬᠦᠴᠢᠷᠲᠡᠶ᠎ ᠪᠠᠶᠬᠤ ᠶᠠᠪᠤᠳ᠋ᠠᠯ ᠦᠨ᠋ᠡᠬᠡᠷ ᠲᠤᠢᠯ ᠤᠨ ᠶᠡᠬᠡ ᠨᠠᠮᠳ᠋ᠠᠵᠠᠶ᠎ ᠂ ᠬᠠᠤᠯᠢ ᠪᠠᠷᠢᠯᠲᠠ ᠪᠠᠷ ᠠᠷᠠᠳ ᠲᠦ ᠲᠥ᠋ᠬᠥᠮ ᠦᠵᠡᠭᠦᠯᠦᠭ᠍ᠰᠡᠨ ᠶᠠᠪᠤᠳ᠋ᠠᠯ ᠪᠣᠯ ᠦᠨ᠋ᠡᠬᠡᠷ ᠪᠣᠳ᠋ᠠᠲᠠᠶ᠎ ᠪᠠᠷ ᠨᠠᠶᠢᠳ᠋ᠠᠪᠤᠷᠢᠵᠢᠵᠤ ᠪᠠᠶᠭ᠎᠎ᠠ ᠶᠤᠮ ᠃ ᠭᠠᠭᠴᠠ ᠬᠦ ᠬᠡᠷᠡᠭ᠌ ᠠᠷᠪᠢᠨ ᠪᠣᠯᠬᠣᠷ ᠨᠢᠭᠡ ᠯᠠ ᠳᠣᠣᠷ᠎ᠠ ᠰᠢᠶᠳᠪᠦᠷᠢᠯᠡᠬᠦ ᠬᠡᠷᠡᠭ᠍ᠲᠡᠶ᠎ ᠃ ᠯᠢᠦ ᠰᠢᠭᠦᠭᠴᠢ ᠤᠲᠠᠰᠤ ᠠᠪᠴᠤ ᠂ ᠦᠳ᠋ᠡ ᠡᠮᠦᠨ᠎᠎ᠡ ᠲᠢᠩᠬᠢᠮ ᠨᠡᠭᠡᠭᠡᠭ᠍ᠰᠡᠨ ᠬᠡᠷᠡᠭ᠌ ᠤᠨ ᠡᠪᠬᠡᠮᠡᠯ ᠢ ᠠᠪᠴᠤ ᠭᠠᠷᠭᠠᠪᠠ ᠂ ᠲᠡᠷᠡ ᠲᠢᠩᠬᠢᠮ ᠨᠡᠭᠡᠭᠡᠬᠦ ᠠ᠋ᠴᠠ ᠡᠮᠦᠨ᠎᠎ᠡ ᠬᠡᠷᠡᠭ᠌ ᠤᠨ ᠮᠠᠷᠭᠤᠯᠳ᠋ᠤᠭᠠᠨ ᠦ ᠲᠥ᠋ᠪᠯᠡᠷᠡᠯ ᠴᠡᠭ᠌ ᠢ ᠳᠠᠬᠢᠨᠲᠠ ᠦᠵᠡᠵᠦ ᠂ ᠥᠪᠡᠷ ᠤᠨ ᠳ᠋ᠦ᠋ᠩᠨ᠋ᠡᠭ᠍ᠰᠡᠨ ᠠᠰᠠᠭᠤᠳ᠋ᠠᠯ ᠢᠶᠡᠨ ᠡᠮᠬᠢᠯᠡᠵᠦ ᠪᠠᠶᠢᠪᠠ ᠃

 

9 ᠴᠠᠭ

 

ᠯᠢᠦ ᠰᠢᠭᠦᠭᠴᠢ ᠬᠡᠷᠡᠭ᠌ ᠤᠨ ᠡᠪᠬᠡᠮᠡᠯ ᠠᠪᠴᠤ ᠰᠢᠭᠦᠬᠦ ᠲᠢᠩᠬᠢᠮ ᠳ᠋ᠤ ᠣᠴᠢᠬᠤ ᠪᠠᠷ ᠪᠡᠯᠡᠳᠬᠡᠵᠦ ᠪᠠᠢᠨ᠎᠎ᠠ ᠃ ᠰᠢᠭᠦᠯᠲᠡ ᠡᠬᠢᠯᠡᠬᠦ ᠴᠠᠭ ᠨᠢ 9 ᠴᠠᠭ 30 ᠮᠢᠨ᠋ᠦ᠋ᠲ ᠃ ᠭᠡᠪᠡᠴᠦ ᠲᠡᠷᠡ ᠰᠢᠭᠦᠬᠦ ᠲᠢᠩᠬᠢᠮ ᠳ᠋ᠤ ᠤᠷᠢᠳᠴᠢᠯᠠᠨ ᠣᠴᠢᠬᠤ ᠳᠠᠳᠬᠠᠯ ᠲᠡᠢ ᠪᠠᠶᠢᠵᠤ ᠂ ᠲᠢᠩᠬᠢᠮ ᠣᠨ ᠡᠮᠦᠨ᠎᠎ᠡ ᠶᠠᠮᠠᠷ ᠨᠢᠭᠡᠨ ᠰᠠᠨ᠋ᠠᠭᠠᠨ ᠳ᠋ᠤ ᠦᠭᠡᠢ ᠪᠠᠢᠳ᠋ᠠᠯ ᠭᠠᠷᠬᠤ ᠠ᠋ᠴᠠ ᠰᠡᠷᠭᠡᠶᠢᠯᠡᠳ᠋ᠡᠭ᠌ ᠃ ᠪᠢᠴᠢᠭᠡᠴᠢ ᠰᠢᠭᠦᠬᠦ ᠲᠢᠩᠬᠢᠮ ᠳ᠋ᠤ ᠰᠢᠭᠦᠯᠲᠡ ᠶᠢᠨ ᠡᠮᠦᠨ᠋ᠡᠬᠢ ᠪᠡᠯᠡᠳᠬᠡᠯ ᠠᠵᠢᠯ ᠢ ᠬᠢᠪᠡ ᠃ ᠨᠢᠭᠡ ᠯᠠ ᠲᠠᠯ᠎ᠠ ᠶᠢᠨ ᠲᠤᠬᠠᠶ᠎ ᠶᠢᠨ ᠬᠥ᠋ᠮᠥᠨ ᠢᠷᠡᠭᠡᠳ ᠴᠠᠭ ᠢ ᠨᠢ ᠦᠵᠡᠵᠦ ᠦᠵᠡᠭ᠍ᠰᠡᠨ ᠳ᠋ᠤ ᠯᠢᠦ ᠰᠢᠭᠦᠭᠴᠢ ᠨᠥ᠋ᠭᠥᠭᠡ ᠨᠢᠭᠡ ᠲᠤᠬᠠᠶ᠎ ᠶᠢᠨ ᠬᠥ᠋ᠮᠦᠨ ᠳ᠋ᠤ ᠤᠲᠠᠰᠤ ᠢᠷᠡᠭᠦᠯᠵᠦ ᠂ ᠨᠥ᠋ᠭᠥᠭᠡ ᠲᠠᠯ᠎ᠠ ᠶᠢᠨ ᠲᠤᠬᠠᠶ᠎ ᠶᠢᠨ ᠬᠥ᠋ᠮᠥᠨ ᠳᠣᠣᠷ᠎ᠠ ᠪᠠᠨ ᠰᠢᠭᠦᠬᠦ ᠲᠢᠩᠬᠢᠮ ᠳ᠋ᠤ ᠬᠦᠷᠦᠭ᠍ᠰᠡᠨ ᠢ ᠨᠤᠲᠠᠯᠠᠭᠠᠳ ᠂ ᠲᠡᠷᠡ ᠪᠠᠰᠠ ᠬᠡᠷᠡᠭ᠌ ᠤᠨ ᠡᠪᠬᠡᠮᠡᠯ ᠢ ᠲᠣᠯᠣᠭᠠᠶ᠎ ᠪᠥ᠋ᠬᠥᠶᠢᠨ ᠦᠵᠡᠪᠡ ᠃ ᠡᠨ᠋ᠡ ᠪᠣᠯ ᠭᠡᠷ ᠪᠠᠶᠢᠰᠢᠩ ᠬᠤᠳ᠋ᠠᠯᠳ᠋ᠤᠭᠠᠯᠠᠬᠤ ᠭᠡᠷ᠎ᠡ ᠶᠢᠨ ᠵᠢᠭᠤᠷᠠᠯᠳ᠋ᠤᠭᠠᠨ ᠦ ᠬᠡᠷᠡᠭ᠌ ᠮᠥ᠋ᠨ ᠭᠡᠵᠦ ᠯᠢᠦ ᠰᠢᠭᠦᠭᠴᠢ ᠰᠤᠷᠪᠤᠯᠵᠢᠯᠠᠭᠴᠢ ᠳ᠋ᠤ ᠬᠡᠯᠡᠵᠡᠶ᠎ ᠃ ᠬᠣᠶᠠᠷ ᠲᠠᠯ᠎ᠠ ᠶᠢᠨ ᠲᠤᠬᠠᠶ᠎ ᠶᠢᠨ ᠬᠥ᠋ᠮᠦᠨ ᠦ ᠭᠡᠷᠡᠴᠢ ᠪᠠᠷᠢᠮᠲᠠ ᠨᠢ ᠴᠥ᠋ᠮ ᠲᠡᠢᠮᠦ ᠭᠦᠢᠴᠡᠳ ᠪᠢᠰᠢ ᠪᠠᠶᠢᠵᠤ ᠂ ᠢᠷᠭᠡᠨ ᠦ ᠵᠠᠷᠭᠤ ᠶᠢᠨ ᠬᠠᠤᠯᠢ ᠶᠢ ᠬᠡᠨ ᠵᠣᠷᠢᠪᠠᠯ ᠬᠡᠨ ᠭᠡᠷᠡᠴᠢ ᠳᠤᠷᠠᠳᠬᠤ ᠵᠠᠷᠴᠢᠮ ᠪᠠ ᠳᠡᠭᠡᠰᠦ ᠬᠡᠮᠵᠢᠶᠡᠨ ᠦ ᠪᠣᠯᠣᠯᠴᠠᠭᠠᠲᠤ ᠴᠢᠨ᠋ᠠᠷ ᠢ ᠪᠠᠲᠤᠯᠠᠬᠤ ᠵᠠᠷᠴᠢᠮ ᠶᠣᠰᠣᠭᠠᠷ ᠂ ᠨᠢᠭᠡ ᠂ ᠬᠣᠶᠠᠳ᠋ᠤᠭᠠᠷ ᠰᠢᠭᠦᠯᠲᠡ ᠨᠢ ᠵᠠᠭᠠᠯᠳ᠋ᠤᠭᠴᠢ ᠶᠢᠨ ᠵᠠᠷᠭᠤ ᠶᠢᠨ ᠭᠤᠶᠤᠴᠢᠯᠠᠯ ᠢ ᠨᠢᠴᠤᠭᠠᠭᠰᠠᠨ ᠪᠠᠢᠨ᠎᠎ᠠ ᠃ ᠣᠳ᠋ᠣ ᠪᠣᠯ ᠵᠠᠭᠠᠯᠳ᠋ᠤᠭᠴᠢ ᠲᠠᠬᠢᠨ ᠰᠢᠭᠦᠯᠭᠡᠬᠦ ᠪᠠᠷ ᠭᠤᠶᠤᠴᠢᠯᠠᠵᠤ ᠪᠠᠢᠨ᠎᠎ᠠ ᠃

 

9 ᠴᠠᠭ 30 ᠮᠢᠨ᠋ᠦ᠋ᠲ

 

ᠲᠢᠩᠬᠢᠮ ᠣᠨ ᠰᠢᠭᠦᠯᠲᠡ ᠲᠣᠭᠲᠠᠭᠰᠠᠨ ᠴᠠᠭ ᠲᠠᠭᠠᠨ ᠡᠬᠢᠯᠡᠪᠡ ᠃ ᠲᠠᠬᠢᠨ ᠰᠢᠭᠦᠯᠭᠡᠬᠦ ᠪᠠᠷ ᠭᠤᠶᠤᠴᠢᠯᠠᠭᠴᠢ ︵ ᠨᠢᠭᠡᠳ᠋ᠦᠭᠡᠷ ᠰᠢᠭᠦᠯᠲᠡ ᠶᠢᠨ ᠵᠠᠭᠠᠯᠳ᠋ᠤᠭᠴᠢ ︶ ᠰᠢᠨ᠎᠎ᠡ ᠭᠡᠷᠡᠴᠢ ᠪᠠᠷᠢᠮᠲᠠ ᠳᠡᠪᠰᠢᠭᠦᠯᠵᠦ ᠂ ᠭᠤᠶᠤᠴᠢᠯᠠᠭᠳ᠋ᠠᠭᠴᠢ ᠪᠠᠰᠠ ᠬᠡᠳ᠋ᠦᠨ ᠭᠡᠷᠡᠴᠢᠯᠡᠭᠴᠢ ᠶᠢ ᠰᠢᠭᠦᠯᠲᠡ ᠳ᠋ᠤ ᠣᠷᠣᠯᠴᠠᠭᠤᠯᠤᠨ ᠭᠡᠷᠡᠴᠢᠯᠡᠭᠦᠯᠬᠦ ᠪᠠᠷ ᠭᠤᠶᠤᠴᠢᠯᠠᠵᠠᠶ᠎ ᠃ ᠬᠡᠷᠡᠭ᠌ ᠤᠨ ᠰᠢᠭᠤᠳ ᠂ ᠪᠢᠴᠢᠭ᠌ ᠤᠨ ᠭᠡᠷᠡᠴᠢ ᠪᠠᠷᠢᠮᠲᠠ ᠨᠡᠯᠢᠶᠡᠳ ᠴᠥ᠋ᠭᠡᠨ ᠪᠣᠯᠬᠣᠷ ᠰᠢᠭᠦᠬᠦ ᠲᠢᠩᠬᠢᠮ ᠠ᠋ᠴᠠ ᠮᠠᠰᠢ ᠣᠯᠠᠨ ᠠᠰᠠᠭᠤᠳ᠋ᠠᠯ ᠢ ᠯᠠᠪᠯᠠᠨ ᠠᠰᠠᠭᠤᠵᠤ ᠂ ᠰᠢᠭᠦᠬᠦ ᠲᠢᠩᠬᠢᠮ ᠣᠨ ᠪᠠᠢᠴᠠᠭᠠᠬᠤ ᠴᠠᠭ ᠨᠢ ᠨᠡᠯᠢᠶᠡᠳ ᠤᠷᠳ᠋ᠤ ᠪᠠᠶᠳ᠋ᠠᠭ ᠃ ᠲᠢᠩᠬᠢᠮ ᠣᠨ ᠰᠢᠭᠦᠯᠲᠡ ᠡᠮᠬᠢ ᠵᠠᠮᠪᠠᠷᠠᠭ᠎᠎ᠠ ᠲᠡᠢ ᠶᠠᠪᠤᠭᠳ᠋ᠠᠵᠠᠶ᠎ ᠃ ᠴᠠᠭ ᠤᠳ᠋ᠠᠯ ᠦᠭᠡᠢ 12 ᠴᠠᠭ ᠪᠣᠯᠤᠯ᠎ᠠ ᠂ ᠨᠢᠭᠡᠨᠲᠡ ᠠᠵᠢᠯ ᠠ᠋ᠴᠠ ᠪᠠᠨ ᠪᠠᠭᠤᠬᠤ ᠴᠠᠭ ᠪᠣᠯᠵᠠᠶ᠎ ᠃ ᠭᠡᠪᠡᠴᠦ ᠰᠢᠭᠦᠬᠦ ᠲᠢᠩᠬᠢᠮ ᠣᠨ ᠮᠠᠷᠭᠤᠯᠳ᠋ᠤᠭᠠᠨ ᠰᠠᠶᠢ ᠰᠠᠶᠢ ᠡᠬᠢᠯᠡᠵᠦ ᠪᠠᠢᠨ᠎᠎ᠠ ᠃ ᠬᠠᠮᠲᠤᠷᠠᠨ ᠵᠥ᠋ᠪᠯᠡᠬᠦ ᠲᠢᠩᠬᠢᠮ ᠴᠠᠭ ᠨᠡᠮᠡᠵᠦ ᠠᠵᠢᠯᠯᠠᠵᠤ ᠰᠢᠭᠦᠯᠲᠡ ᠡᠬᠢᠯᠡᠭᠦᠯᠬᠦ ᠪᠠᠷ ᠲᠣᠭᠲᠠᠪᠠ ᠃ ᠯᠢᠦ ᠰᠢᠭᠦᠭᠴᠢ ᠄ ︽ ᠡᠢᠮᠦ ᠶᠠᠪᠤᠳ᠋ᠠᠯ ᠦᠷᠭᠦᠯᠵᠢ ᠭᠠᠷᠳ᠋ᠠᠭ ᠃ ᠲᠠᠬᠢᠨ ᠰᠢᠭᠦᠬᠦ ᠬᠡᠷᠡᠭ᠌ ᠤᠨ ᠲᠣᠭ᠎᠎ᠠ ᠬᠡᠮᠵᠢᠶ᠎᠎ᠡ ᠨᠢ ᠬᠡᠳ᠋ᠦᠶᠢᠪᠡᠷ ᠤᠯᠠᠨ ᠪᠢᠰᠢ ᠪᠣᠯᠪᠠᠴᠤ ᠬᠡᠷᠡᠭ᠌ ᠤᠨ ᠣᠯᠠᠩᠬᠢ ᠨᠢ ᠴᠥ᠋ᠮ ᠨᠡᠯᠢᠶᠡᠳ ᠪᠤᠳ᠋ᠤᠯᠢᠶᠠᠨᠲᠠᠶ᠎ ᠪᠠᠶᠢᠵᠤ ᠂ ᠬᠠᠤᠯᠢ ᠴᠠᠭᠠᠵᠠ ᠶᠢᠨ ᠬᠠᠷᠢᠴᠠᠭ᠎᠎ᠠ ᠨᠢ ᠪᠤᠳ᠋ᠤᠯᠢᠶᠠᠨᠲᠠᠶ᠎ ᠪᠠᠶᠬᠤ ᠪᠠᠷ ᠪᠠᠷᠠᠬᠤ ᠦᠭᠡᠢ ᠂ ᠬᠠᠮᠤᠭ ᠤᠨ ᠭᠣᠣᠯ ᠨᠢ ᠲᠤᠬᠠᠶ᠎ ᠶᠢᠨ ᠬᠥ᠋ᠮᠥᠨ ᠤᠯᠠᠨ ᠵᠢᠯ ᠤᠨ ᠵᠠᠷᠭᠤ ᠬᠢᠬᠦ ᠪᠠᠷ ᠳᠠᠮᠵᠢᠭᠠᠳ ᠥᠰᠢᠶ᠎᠎ᠡ ᠬᠣᠷᠣᠰᠤᠯ ᠨᠢ ᠨᠡᠯᠢᠶᠡᠳ ᠶᠡᠬᠡ ᠂ ᠬᠡᠷᠡᠭ᠌ ᠢ ᠡᠶᠡᠳ᠋ᠡᠭᠦᠯᠬᠦ ᠳ᠋ᠤ ᠬᠦᠴᠢᠷᠲᠡᠶ᠎ ᠪᠠᠶᠳ᠋ᠠᠭ ᠃ ᠲᠤᠬᠠᠶ᠎ ᠶᠢᠨ ᠬᠥ᠋ᠮᠥᠨ ᠨᠢ ᠰᠢᠭᠦᠬᠦ ᠬᠣᠷᠢᠶᠠᠨ ᠳ᠋ᠤ ᠴᠤ ᠳᠤᠷ᠎ᠠ ᠦᠭᠡᠶᠢᠴᠡᠵᠦ ᠪᠠᠢᠨ᠎᠎ᠠ ᠃ ᠡᠢᠮᠦ ᠠ᠋ᠴᠠ ᠡᠢᠮᠦᠷᠬᠦ ᠬᠡᠷᠡᠭ᠌ ᠢ ᠰᠢᠭᠦᠬᠦ ᠣᠶᠢᠶ᠎᠎ᠠ ᠳ᠋ᠤ ᠲᠤᠬᠠᠶ᠎ ᠶᠢᠨ ᠬᠥ᠋ᠮᠦᠨ ᠢ ᠲᠣᠬᠣᠨ᠋ᠢᠭᠤᠯᠬᠤ ᠰᠡᠳᠬᠢᠯᠭᠡ ᠴᠦ ᠮᠠᠰᠢ ᠴᠢᠬᠤᠯᠠ ᠪᠠᠶᠳ᠋ᠠᠭ ᠃ ᠡᠢᠮᠦ ᠠ᠋ᠴᠠ ᠲᠢᠩᠬᠢᠮ ᠣᠨ ᠰᠢᠭᠦᠯᠲᠡ ᠶᠢᠨ ᠶᠠᠪᠤᠴᠠ ᠳ᠋ᠤ ᠂ ᠪᠢᠳ᠋ᠡ ᠠᠯᠢ ᠴᠢᠳ᠋ᠠᠬᠤ ᠪᠠᠷ ᠲᠤᠬᠠᠶ᠎ ᠶᠢᠨ ᠬᠥ᠋ᠮᠥᠨ ᠵᠢᠴᠢ ᠲᠡᠭᠦᠨ ᠦ ᠵᠠᠷᠭᠤ ᠶᠢᠨ ᠣᠷᠣᠯᠠᠭᠴᠢ ᠶᠢᠨ ᠲᠣᠭᠠᠴᠢᠯᠲᠠ ᠶᠢ ᠲᠠᠰᠤᠯᠬᠤ ᠦᠭᠡᠢ ᠪᠠᠶᠬᠤ ᠬᠡᠷᠡᠭ᠍ᠲᠡᠶ᠎ ᠂ ᠤᠴᠢᠷ ᠨᠢ ᠬᠡᠷᠡᠭ᠌ ᠤᠨ ᠲᠠᠬᠢᠨ ᠰᠢᠭᠦᠯᠲᠡ ᠡᠬᠢᠯᠡᠬᠦ ᠳ᠋ᠤ ᠬᠢᠯᠪᠠᠷ ᠪᠢᠰᠢ ᠂ ᠲᠠᠬᠢᠨ ᠰᠢᠭᠦᠯᠲᠡ ᠨᠢ ᠴᠦ ᠲᠤᠬᠠᠶ᠎ ᠶᠢᠨ ᠬᠥ᠋ᠮᠦᠨ ᠦ ᠬᠠᠮᠤᠭ ᠡᠴᠦᠰ ᠤᠨ ᠠᠪᠤᠷᠠᠨ ᠲᠤᠰᠠᠯᠠᠬᠤ ᠠᠷᠭ᠎᠎ᠠ ᠵᠠᠮ ᠪᠣᠯᠬᠤ ᠤᠴᠢᠷ ᠠ᠋ᠴᠠ ᠲᠡᠳ᠋ᠡᠨ ᠦ ᠦᠭᠡ ᠬᠡᠯᠡᠬᠦ ᠡᠷᠬᠡ ᠶᠢ ᠪᠠᠲᠤᠯᠠᠬᠤ ᠬᠡᠷᠡᠭ᠍ᠲᠡᠶ᠎ ︾ ᠭᠡᠵᠡᠶ᠎ ᠃

 

12 ᠴᠠᠭ 40 ᠮᠢᠨ᠋ᠦ᠋ᠲ

 

ᠲᠢᠩᠬᠢᠮ ᠣᠨ ᠰᠢᠭᠦᠯᠲᠡ ᠳᠠᠭᠤᠰᠪᠠ ᠃ ᠲᠤᠬᠠᠶ᠎ ᠶᠢᠨ ᠬᠥ᠋ᠮᠥᠨ ᠨᠢ ᠪᠠᠰᠠ ᠲᠡᠮᠳ᠋ᠡᠭᠯᠡᠯ ᠢ ᠬᠠᠷᠭᠤᠭᠤᠯᠵᠤ ᠪᠠᠢᠨ᠎᠎ᠠ ᠃ ᠪᠢᠴᠢᠭᠡᠴᠢ ᠄ ︽ ᠯᠢᠦ ᠰᠢᠭᠦᠭᠴᠢ ᠡ ᠂ ᠲᠠ ᠤᠷᠢᠳ᠋ᠠᠪᠠᠷ ᠬᠠᠷᠢᠭᠠᠳ ᠬᠣᠭᠣᠯᠠ ᠢᠳ᠋ᠡᠴᠢᠬᠡ ᠃ ᠪᠢ ᠲᠤᠬᠠᠢ ᠶᠢᠨ ᠬᠥ᠋ᠮᠦᠨ ᠦ ᠲᠡᠮᠳ᠋ᠡᠭᠯᠡᠯ ᠢ ᠬᠠᠷᠭᠤᠭᠤᠯᠵᠤ ᠂ ᠭᠠᠷ ᠤᠨ ᠦᠰᠦᠭ᠌ ᠵᠢᠷᠤᠬᠤ ᠶᠢ ᠬᠦᠯᠢᠶᠡᠵᠦ ᠪᠠᠢᠨ᠎᠎ᠠ ︾ ᠭᠡᠵᠦ ᠬᠡᠯᠡᠪᠡ ᠃ ᠯᠢᠦ ᠰᠢᠭᠦᠭᠴᠢ ᠄ ︽ ᠪᠢ ᠲᠠᠨ ᠢ ᠬᠦᠯᠢᠶᠡᠵᠦ ᠪᠠᠶᠢᠶ᠎᠎ᠠ ᠂ ᠡᠨ᠋ᠡ ᠵᠢᠭᠠᠬᠠᠨ ᠪᠣᠯᠴᠢᠬᠠᠯ᠎ᠠ ᠂ ᠪᠠᠶᠢᠭᠤᠯᠭ᠎᠎ᠠ ᠶᠢᠨ ᠬᠣᠭᠣᠯᠠᠨ ᠭᠡᠷ ᠲᠦ ᠬᠣᠭᠣᠯᠠ ᠴᠤ ᠦᠭᠡᠢ ᠪᠣᠯᠤᠯ᠎ᠠ ᠂ ᠪᠢᠳ᠋ᠡ ᠭᠠᠳ᠋ᠠᠨ᠎᠎ᠠ ᠭᠠᠷᠴᠤ ᠭᠤᠯᠢᠷ ᠢᠳ᠋ᠡᠶ᠎᠎ᠡ ︾ ᠭᠡᠪᠡ ᠃ ᠯᠢᠦ ᠰᠢᠭᠦᠬᠦ ᠲᠤᠰᠢᠶᠠᠯᠲᠠᠨ ᠰᠤᠷᠪᠤᠯᠵᠢᠯᠠᠭᠴᠢ ᠳ᠋ᠤ ᠄ ︽ ᠰᠢᠭᠦᠬᠦ ᠬᠣᠷᠢᠶᠠᠨ ᠳ᠋ᠤ ᠂ ᠪᠢᠴᠢᠭᠡᠴᠢ ᠪᠣᠯ ᠬᠠᠤᠯᠢ ᠲᠤᠰᠢᠶᠠᠯᠲᠠᠨ ᠦ ᠬᠦᠴᠦᠲᠡᠶ᠎ ᠬᠠᠪᠰᠤᠷᠤᠭᠴᠢ ᠮᠥ᠋ᠨ ᠂ ᠬᠦᠷᠭᠡᠨ ᠥᠭᠴᠦ ᠂ ᠬᠡᠷᠡᠭ᠌ ᠤᠨ ᠡᠪᠬᠡᠮᠡᠯ ᠦᠳ᠋ᠡᠵᠦ ᠂ ᠲᠡᠮᠳ᠋ᠡᠭᠯᠡᠯ ᠬᠢᠵᠦ ᠂ ᠬᠦᠴᠦᠨ ᠲᠡᠭᠦᠯᠳ᠋ᠡᠷ ᠪᠢᠴᠢᠭᠡᠴᠢ ᠪᠠᠶᠬᠤ ᠦᠭᠡᠢ ᠪᠣᠯ ᠬᠠᠤᠯᠢ ᠲᠤᠰᠢᠶᠠᠯᠲᠠᠨ ᠳᠠᠷᠤᠶ᠎ ᠨᠢᠭᠡ ᠬᠥ᠋ᠯ ᠢᠶᠡᠷ ᠠᠯᠬᠤᠵᠤ ᠪᠠᠢᠨ᠎᠎ᠠ ᠃ ᠮᠢᠨ᠋ᠦ ᠪᠢᠴᠢᠭᠡᠴᠢ ᠮᠠᠰᠢ ᠰᠢᠯᠢᠳ᠋ᠡᠭ᠌ ᠂ ᠮᠢᠨ᠋ᠦ ᠠᠵᠢᠯ ᠳ᠋ᠤ ᠮᠠᠰᠢ ᠰᠠᠢᠨ ᠬᠠᠮᠵᠢᠯᠴᠠᠵᠤ ᠴᠢᠳ᠋ᠠᠨ᠎᠎ᠠ ᠃ ᠡᠢᠮᠦ ᠠ᠋ᠴᠠ ᠪᠢᠳ᠋ᠡ ᠪᠠᠭᠰᠢ ᠪᠣᠯᠬᠤ ᠮᠥ᠋ᠷᠲᠡᠭᠡᠨ ᠨᠠᠶᠢᠵᠠ ᠪᠣᠯᠬᠤ ᠂ ᠪᠠᠰᠠ ᠡᠭᠡᠴᠢ ᠥᠬᠢᠨ ᠳᠡᠭᠦᠦ ᠲᠡᠢ ᠠᠳ᠋ᠠᠯᠢ ᠪᠠᠶᠬᠤ ᠬᠡᠷᠡᠭ᠍ᠲᠡᠶ᠎ ︾ ᠭᠡᠵᠡᠶ᠎ ᠃

 

13 ᠴᠠᠭ 40 ᠮᠢᠨ᠋ᠦ᠋ᠲ

 

ᠯᠢᠦ ᠰᠢᠭᠦᠭᠴᠢ ᠦᠳ᠋ᠡ ᠬᠣᠭᠣᠯᠠ ᠪᠠᠨ ᠢᠳ᠋ᠡᠵᠦ ᠪᠠᠷᠠᠭᠠᠳ ᠠᠯᠪᠠᠨ ᠭᠡᠷ ᠲᠡᠭᠡᠨ ᠬᠠᠷᠢᠪᠠ ᠃ ᠣᠳ᠋ᠣ ᠬᠣᠷᠢᠨ ᠮᠢᠨ᠋ᠦ᠋ᠲ ᠤᠨ ᠳᠠᠷᠠᠭ᠎᠎ᠠ ᠠᠵᠢᠯ ᠳ᠋ᠤ ᠭᠠᠷᠤᠯ᠎ᠠ ᠃ ᠲᠡᠷᠡ ᠤᠤᠯ ᠨᠢ ᠰᠢᠷᠡᠭᠡᠨ ᠳᠡᠭᠡᠷ᠎ᠡ ᠡᠯᠢᠭᠡᠲᠡᠨ ᠲᠦ᠋ᠷ ᠠᠮᠠᠷᠠᠶ᠎᠎ᠠ ᠭᠡᠵᠦ ᠪᠣᠳ᠋ᠣᠵᠤ ᠪᠠᠶᠵᠠᠶ᠎ ᠃ ᠪᠢᠴᠢᠭᠡᠴᠢ ᠡᠭᠦᠳ᠋ᠡ ᠲᠣᠭᠰᠢᠵᠤ ᠣᠷᠣᠵᠤ ᠢᠷᠡᠪᠡ ᠃ ᠪᠢᠴᠢᠭᠡᠴᠢ ᠬᠡᠯᠡᠭ᠍ᠰᠡᠨ ᠨᠢ ᠄ ︽ ᠡᠨ᠋ᠡ ᠪᠣᠯ ᠨᠢᠭᠡᠨᠲᠡ ᠲᠠᠭᠠᠷᠠᠭᠤᠯᠤᠭᠰᠠᠨ ᠬᠡᠷᠡᠭ᠌ ᠤᠨ ᠡᠪᠬᠡᠮᠡᠯ ᠮᠥ᠋ᠨ ᠂ ᠯᠢᠦ ᠰᠢᠭᠦᠭᠴᠢ ᠲᠠ ᠴᠠᠭ ᠪᠠᠶᠪᠠᠯ ᠦᠵᠡᠵᠦ ᠣᠶᠢᠵᠢᠨ ᠂ ᠠᠰᠠᠭᠤᠳ᠋ᠠᠯ ᠪᠠᠶᠬᠤ ᠡᠰᠡᠬᠦ ᠂ ᠠᠰᠠᠭᠤᠳ᠋ᠠᠯ ᠦᠭᠡᠢ ᠪᠣᠯ ᠪᠢ ᠠᠪᠴᠤ ᠬᠠᠶᠠᠭᠠᠳ ᠰᠢᠷᠪᠢᠵᠦ ᠳᠠᠩᠰᠠ ᠡᠪᠬᠡᠮᠡᠯ ᠳ᠋ᠤ ᠣᠷᠣᠭᠤᠯᠪᠠ ︾ ᠭᠡᠵᠡᠶ᠎ ᠃ ᠯᠢᠦ ᠰᠢᠭᠦᠬᠦ ᠲᠤᠰᠢᠶᠠᠯᠲᠠᠨ ᠰᠤᠷᠪᠤᠯᠵᠢᠯᠠᠭᠴᠢ ᠳ᠋ᠤ ᠄ ︽ ᠣᠳ᠋ᠣ ᠰᠢᠭᠦᠬᠦ ᠬᠣᠷᠢᠶᠠᠨ ᠦ ᠳᠠᠩᠰᠠ ᠡᠪᠬᠡᠮᠡᠯ ᠢ ᠴᠥ᠋ᠮ ᠡᠯᠦᠺᠲᠷᠣᠨ ᠪᠣᠯᠭᠠᠵᠤ ᠂ ᠰᠢᠭᠦᠬᠦ ᠲᠤᠰᠢᠶᠠᠯᠲᠠᠨ ᠂ ᠲᠤᠬᠠᠶ᠎ ᠶᠢᠨ ᠬᠥ᠋ᠮᠦᠨ ᠦ ᠪᠠᠢᠴᠠᠭᠠᠨ ᠦᠵᠡᠬᠦ ᠳ᠋ᠤ ᠲᠥ᠋ᠬᠥᠮ ᠪᠣᠯᠭᠠᠪᠠ ᠃ ᠮᠠᠨ ᠦ ᠰᠢᠭᠦᠬᠦ ᠬᠣᠷᠢᠶ᠎᠎ᠠ ᠲᠤᠬᠠᠶᠢᠯᠠᠭᠰᠠᠨ ᠠᠵᠢᠯ ᠢᠶᠡᠨ ᠭᠠᠳ᠋ᠠᠭᠰᠢ ᠳᠠᠭᠠᠭᠠᠴᠢᠯᠠᠭᠤᠯᠤᠭᠠᠳ ᠪᠢᠴᠢᠭᠡᠴᠢ ᠶᠢᠨ ᠠᠵᠢᠯ ᠤᠨ ᠬᠡᠮᠵᠢᠶ᠎᠎ᠡ ᠶᠢ ᠵᠣᠬᠢᠬᠤ ᠬᠡᠮᠵᠢᠶ᠎᠎ᠡ ᠪᠠᠷ ᠪᠠᠭᠠᠰᠬᠠᠭᠰᠠᠨ ᠪᠠᠢᠨ᠎᠎ᠠ ︾ ᠭᠡᠵᠡᠶ᠎ ᠃ ᠲᠡᠷᠡ ᠬᠡᠷᠡᠭ᠌ ᠤᠨ ᠡᠪᠬᠡᠮᠡᠯ ᠠᠪᠴᠤ ᠨᠠᠷᠢᠨ ᠨᠢᠮᠪᠠᠶ᠎ ᠪᠠᠢᠴᠠᠭᠠᠯᠭᠠᠪᠠ ᠃

 

14 ᠴᠠᠭ

 

ᠯᠢᠦ ᠰᠢᠭᠦᠬᠦ ᠲᠤᠰᠢᠶᠠᠯᠲᠠᠨ ᠪᠢᠴᠢᠭ᠌ ᠬᠠᠷ᠎ᠠ ᠶᠢᠨ ᠤᠶᠤᠯᠢᠭ ᠨᠠᠢᠷᠠᠭᠤᠯᠤᠨ ᠪᠢᠴᠢᠬᠦ ᠰᠢᠰᠲ᠋ᠦᠮ ᠢ ᠨᠡᠭᠡᠭᠡᠵᠦ ᠂ ᠲᠠᠰᠤᠯᠤᠨ ᠲᠣᠭᠲᠠᠭᠠᠯᠲᠠ ᠶᠢᠨ ᠪᠢᠴᠢᠭ᠌ ᠬᠠᠷ᠎ᠠ ᠶᠢ ᠡᠬᠢᠯᠡᠨ ᠪᠢᠴᠢᠪᠡ ᠃ ᠲᠡᠷᠡ ᠰᠤᠷᠪᠤᠯᠵᠢᠯᠠᠭᠴᠢ ᠳ᠋ᠤ ᠄ ︽ ᠪᠢᠴᠢᠭ᠌ ᠬᠠᠷ᠎ᠠ ᠶᠢᠨ ᠤᠶᠤᠯᠢᠭ ᠨᠠᠢᠷᠠᠭᠤᠯᠤᠨ ᠪᠢᠴᠢᠬᠦ ᠰᠢᠰᠲ᠋ᠦᠮ ᠤᠨ ᠬᠡᠷᠡᠭᠯᠡᠯᠲᠡ ᠪᠣᠯ ᠪᠠᠰᠠ ᠴᠤ ᠰᠢᠭᠦᠬᠦ ᠬᠣᠷᠢᠶᠠᠨ ᠦ ᠮᠡᠳ᠋ᠡᠭᠡ ᠵᠠᠩᠭᠢᠵᠢᠯᠲᠠ ᠶᠢᠨ ᠪᠠᠶᠢᠭᠤᠯᠤᠯᠲᠠ ᠶᠢᠨ ᠨᠢᠭᠡᠨ ᠠᠷᠭ᠎᠎ᠠ ᠬᠡᠮᠵᠢᠶ᠎᠎ᠡ ᠮᠥ᠋ᠨ ᠂ ᠡᠨ᠋ᠡ ᠬᠦ ᠰᠢᠰᠲ᠋ᠦᠮ ᠢᠶᠡᠷ ᠳᠠᠮᠵᠢᠭᠤᠯᠤᠨ ᠂ ᠨᠢᠭᠡᠳ᠋ᠦᠭᠡᠷ ᠂ ᠬᠣᠶᠠᠳ᠋ᠤᠭᠠᠷ ᠰᠢᠭᠦᠯᠲᠡ ᠶᠢᠨ ᠲᠠᠰᠤᠯᠤᠨ ᠲᠣᠭᠲᠠᠭᠠᠯᠲᠠ ᠶᠢᠨ ᠪᠢᠴᠢᠭ᠌ ᠬᠠᠷ᠎ᠠ ᠶᠢ ᠠᠦ᠋ᠲᠣ᠋ ᠭᠠᠷᠭᠠᠨ ᠠᠪᠴᠤ ᠂ ᠲᠤᠬᠠᠶ᠎ ᠶᠢᠨ ᠬᠥ᠋ᠮᠦᠨ ᠦ ᠲᠠᠬᠢᠨ ᠰᠢᠭᠦᠯᠭᠡᠬᠦ ᠭᠤᠶᠤᠴᠢᠯᠠᠯ ᠤᠨ ᠪᠢᠴᠢᠭ᠌ ᠂ ᠬᠠᠷᠢᠭᠤ ᠮᠠᠷᠭᠤᠬᠤ ᠪᠢᠴᠢᠭ᠌ ᠢ ᠰᠢᠷᠪᠢᠵᠦ ᠪᠣᠯᠬᠤ ᠪᠥ᠋ᠭᠡᠳ ᠰᠢᠷᠪᠢᠭ᠍ᠰᠡᠨ ᠵᠢᠷᠤᠭ ᠢ ᠴᠥ᠋ᠮ ᠦᠰᠦᠭ᠌ ᠪᠢᠴᠢᠭ᠌ ᠤᠨ ᠬᠡᠯᠪᠡᠷᠢ ᠪᠣᠯᠭᠠᠨ ᠬᠤᠪᠢᠷᠠᠭᠤᠯᠵᠤ ᠪᠣᠯᠤᠨ᠎᠎ᠠ ᠂ ᠡᠨ᠋ᠡ ᠨᠢ ᠬᠠᠤᠯᠢ ᠲᠤᠰᠢᠶᠠᠯᠲᠠᠨ ᠦ ᠲᠠᠬᠢᠨ ᠳᠠᠪᠲᠠᠨ ᠬᠥ᠋ᠳ᠋ᠡᠯᠮᠦᠷᠢᠯᠡᠬᠦ ᠶᠢ ᠲᠤᠢᠯ ᠤᠨ ᠶᠡᠬᠡ ᠪᠠᠷ ᠪᠠᠭᠠᠰᠬᠠᠵᠤ ᠂ ᠬᠠᠤᠯᠢ ᠲᠤᠰᠢᠶᠠᠯᠲᠠᠨ ᠦ ᠠᠵᠢᠯ ᠤᠨ ᠬᠡᠮᠵᠢᠶ᠎᠎ᠡ ᠶᠢ ᠪᠠᠭᠠᠰᠬᠠᠵᠤ ᠂ ᠬᠠᠤᠯᠢ ᠲᠤᠰᠢᠶᠠᠯᠲᠠᠨ ᠢ ᠨᠠᠩ ᠤᠯᠠᠨ ᠴᠠᠭ ᠪᠠ ᠣᠶᠣᠨ ᠴᠢᠳ᠋ᠠᠯ ᠢ ᠬᠡᠷᠡᠭ᠌ ᠤᠨ ᠲᠤᠰ ᠪᠡᠶ᠎᠎ᠡ ᠶᠢᠨ ᠰᠢᠭᠦᠨ ᠲᠠᠰᠤᠯᠤᠯᠲᠠ ᠪᠠ ᠲᠠᠰᠤᠯᠤᠨ ᠲᠣᠭᠲᠠᠭᠠᠯᠲᠠ ᠳᠡᠭᠡᠷ᠎ᠡ ᠬᠡᠷᠡᠭᠯᠡᠭᠦᠯᠦᠭ᠍ᠰᠡᠨ ᠪᠠᠢᠨ᠎᠎ᠠ ︾ ᠭᠡᠵᠦ ᠬᠡᠯᠡᠪᠡ ᠃

 

15 ᠴᠠᠭ 15 ᠮᠢᠨ᠋ᠦ᠋ᠲ

 

ᠠᠯᠪᠠᠨ ᠭᠡᠷ ᠤᠨ ᠤᠲᠠᠰᠤ ᠪᠠᠰᠠ ᠳᠤᠤᠭᠠᠷᠪᠠ ᠃ ᠦᠵᠡᠵᠦ ᠪᠠᠢᠭᠠᠳ ᠤᠲᠠᠰᠤ ᠢᠷᠡᠭᠦᠯᠦᠭ᠍ᠰᠡᠨ ᠪᠣᠯ ᠵᠠᠬᠢᠳ᠋ᠠᠯ ᠰᠤᠷᠪᠤᠯᠵᠢᠯᠠᠭ᠎᠎ᠠ ᠶᠢᠨ ᠵᠢᠵᠢᠭᠦᠷ ᠤᠨ ᠴᠣᠩᠬᠣᠨ ᠤᠲᠠᠰᠤ ᠮᠥ᠋ᠨ ᠃ ᠤᠲᠠᠰᠤ ᠲᠤᠰᠬᠤ ᠳ᠋ᠤ ᠴᠣᠩᠬᠣᠨ ᠵᠢᠵᠢᠭᠦᠷᠯᠡᠭᠴᠢ ᠯᠢᠦ ᠰᠢᠭᠦᠬᠦ ᠲᠤᠰᠢᠶᠠᠯᠲᠠᠨ ᠳ᠋ᠤ ᠨᠢᠭᠡᠨ ᠲᠤᠬᠠᠶ᠎ ᠶᠢᠨ ᠬᠥ᠋ᠮᠥᠨ ᠵᠠᠷᠭᠤ ᠶᠢᠨ ᠦᠢᠯᠡᠴᠢᠯᠡᠭᠡᠨ ᠦ ᠲᠢᠩᠬᠢᠮ ᠳ᠋ᠤ ᠶᠠᠪᠤᠬᠤ ᠦᠭᠡᠢ ᠪᠣᠯ ᠯᠢᠦ ᠰᠢᠭᠦᠬᠦ ᠲᠤᠰᠢᠶᠠᠯᠲᠠᠨ ᠲᠡᠢ ᠠᠭᠤᠯᠵᠠᠬᠤ ᠬᠡᠷᠡᠭ᠍ᠲᠡᠶ᠎ ᠭᠡᠵᠦ ᠬᠡᠯᠡᠵᠦ ᠥᠭᠪᠡ ᠃ ᠪᠢᠴᠢᠭ᠌ ᠬᠠᠷ᠎ᠠ ᠶᠢ ᠬᠠᠳ᠋ᠠᠭᠠᠯᠠᠭᠰᠠᠨ ᠦ ᠳᠠᠷᠠᠭ᠎᠎ᠠ ᠂ ᠯᠢᠦ ᠰᠢᠭᠦᠭᠴᠢ ᠵᠣᠬᠢᠴᠠᠩᠭᠤᠶ᠎ ᠬᠡᠷᠡᠭ᠌ ᠤᠨ ᠡᠪᠬᠡᠮᠡᠯ ᠪᠣᠯᠤᠨ ᠪᠢᠷ ᠠᠪᠴᠤ ᠂ ᠬᠠᠵᠠᠭᠤ ᠶᠢᠨ ᠠᠯᠪᠠᠨ ᠭᠡᠷ ᠲᠦ ᠬᠦᠷᠴᠦ ᠪᠢᠴᠢᠭᠡᠴᠢ ᠳᠠᠭᠤᠳ᠋ᠠᠵᠤ ᠠᠰᠠᠷ ᠠ᠋ᠴᠠ ᠪᠠᠭᠤᠵᠠᠶ᠎ ᠃ ᠤᠤᠯ ᠨᠢ ᠲᠤᠬᠠᠶ᠎ ᠶᠢᠨ ᠬᠥ᠋ᠮᠥᠨ ᠲᠠᠰᠤᠯᠤᠯᠲᠠ ᠶᠢᠨ ᠪᠢᠴᠢᠭ᠌ ᠢ ᠣᠯᠵᠤ ᠠᠪᠤᠭᠠᠳ ᠲᠠᠰᠤᠯᠤᠯᠲᠠ ᠶᠢ ᠵᠥ᠋ᠪᠰᠢᠶᠡᠷᠡᠬᠦ ᠦᠭᠡᠢ ᠂ ᠳᠠᠭᠠᠭᠠᠨ ᠠᠪᠴᠤ ᠰᠢᠶᠳᠪᠦᠷᠢᠯᠡᠬᠦ ᠰᠢᠭᠦᠭᠴᠢ ᠲᠡᠢ ᠠᠭᠤᠯᠵᠠᠬᠤ ᠪᠠᠷ ᠱᠠᠭᠠᠷᠳ᠋ᠠᠵᠠᠶ᠎ ᠃ ᠯᠢᠦ ᠰᠢᠭᠦᠬᠦ ᠲᠤᠰᠢᠶᠠᠯᠲᠠᠨ ᠲᠤᠬᠠᠶ᠎ ᠶᠢᠨ ᠬᠥ᠋ᠮᠦᠨ ᠢ ᠡᠶᠡᠳ᠋ᠡᠭᠦᠯᠬᠦ ᠳᠠᠰᠤᠭ ᠲᠦ ᠠᠪᠠᠴᠢᠵᠤ ᠂ ᠲᠤᠬᠠᠶ᠎ ᠶᠢᠨ ᠬᠥ᠋ᠮᠦᠨ ᠦ ᠠᠰᠠᠭᠤᠯᠲᠠ ᠶᠢ ᠬᠦᠯᠢᠴᠡᠩᠭᠦᠢ ᠪᠠᠷ ᠬᠠᠷᠢᠭᠤᠯᠵᠤ ᠪᠠᠢᠨ᠎᠎ᠠ ᠂ ᠡᠨ᠋ᠡ ᠪᠣᠯ ᠳᠠᠷᠤᠶ᠎ ᠰᠢᠭᠦᠨ ᠲᠠᠰᠤᠯᠤᠭᠰᠠᠨ ᠦ ᠳᠠᠷᠠᠭ᠎᠎ᠠ ᠰᠡᠵᠢᠭᠯᠡᠯ ᠢ ᠬᠠᠷᠢᠭᠤᠯᠵᠤ ᠂ ᠲᠤᠬᠠᠶ᠎ ᠶᠢᠨ ᠬᠥ᠋ᠮᠦᠨ ᠳ᠋ᠤ ᠰᠢᠭᠦᠨ ᠲᠠᠰᠤᠯᠤᠯᠲᠠ ᠭᠠᠷᠭᠠᠬᠤ ᠤᠴᠢᠷ ᠰᠢᠯᠲᠠᠭᠠᠨ ᠵᠢᠴᠢ ᠰᠢᠭᠦᠨ ᠲᠠᠰᠤᠯᠤᠯᠲᠠ ᠶᠢ ᠦᠯᠦ ᠬᠦᠯᠢᠶᠡᠬᠦ ᠲᠡᠳᠬᠦᠮᠵᠢ ᠶᠢᠨ ᠠᠷᠭ᠎᠎ᠠ ᠵᠠᠮ ᠮᠥ᠋ᠨ ᠃ ᠦᠨ᠋ᠡᠨ ᠰᠡᠳᠬᠢᠯ ᠠ᠋ᠴᠠ ᠪᠠᠨ ᠨᠢᠭᠡ ᠴᠠᠭ ᠰᠢᠬᠠᠮ ᠬᠡᠯᠡᠭ᠍ᠰᠡᠨ ᠳ᠋ᠤ ᠲᠤᠬᠠᠶ᠎ ᠶᠢᠨ ᠬᠥ᠋ᠮᠥᠨ ᠮᠥ᠋ᠨ ᠯᠠ ᠲᠠᠰᠤᠯᠤᠯᠲᠠ ᠶᠢ ᠵᠥ᠋ᠪᠰᠢᠶᠡᠷᠡᠬᠦ ᠦᠭᠡᠢ ᠪᠠᠢᠨ᠎᠎ᠠ ᠭᠡᠵᠦ ᠪᠣᠳ᠋ᠣᠵᠤ ᠪᠠᠶᠢᠪᠠ ᠃ ᠯᠢᠦ ᠰᠢᠭᠦᠭᠴᠢ ᠄ ︽ ᠴᠢ ᠬᠡᠷᠪᠡ ᠮᠥ᠋ᠨ ᠯᠠ ᠡᠨ᠋ᠡ ᠬᠦ ᠲᠠᠰᠤᠯᠤᠯᠲᠠ ᠶᠢ ᠬᠦᠯᠢᠶᠡᠨ ᠠᠪᠴᠤ ᠲᠠᠢᠯᠬᠤ ᠦᠭᠡᠢ ᠪᠣᠯ ᠪᠠᠢᠴᠠᠭᠠᠬᠤ ᠬᠣᠷᠢᠶᠠᠨ ᠳ᠋ᠤ ᠣᠴᠢᠵᠤ ᠡᠰᠡᠷᠭᠦᠴᠡᠨ ᠵᠠᠭᠠᠯᠳ᠋ᠤᠵᠤ ᠪᠣᠯᠤᠨ᠎᠎ᠠ ︾ ᠭᠡᠵᠦ ᠬᠡᠯᠡᠪᠡ ᠃ ᠲᠤᠬᠠᠶ᠎ ᠶᠢᠨ ᠬᠥ᠋ᠮᠥᠨ ᠲᠠᠰᠤᠯᠤᠯᠲᠠ ᠶᠢᠨ ᠪᠢᠴᠢᠭ᠌ ᠢ ᠠᠪᠤᠭᠠᠳ ᠶᠠᠪᠤᠯ᠎ᠠ ᠃ ᠯᠢᠦ ᠰᠢᠭᠦᠭᠴᠢ ᠄ ︽ ᠡᠢᠮᠦ ᠪᠠᠢᠳ᠋ᠠᠯ ᠦᠷᠭᠦᠯᠵᠢ ᠲᠣᠬᠢᠶᠠᠯᠳ᠋ᠤᠳ᠋ᠠᠭ ᠃ ᠵᠠᠷᠭᠤ ᠬᠢᠬᠦ ᠳ᠋ᠤ ᠵᠠᠷᠭᠤ ᠢᠯᠠᠭᠰᠠᠨ ᠲᠠᠯ᠎ᠠ ᠪᠠᠶᠪᠠᠯ ᠵᠠᠷᠭᠤ ᠢᠯᠠᠭᠳ᠋ᠠᠭᠰᠠᠨ ᠲᠠᠯ᠎ᠠ ᠪᠠᠶᠬᠤ ᠬᠡᠷᠡᠭ᠍ᠲᠡᠶ᠎ ᠂ ᠵᠠᠷᠭᠤ ᠢᠯᠠᠭᠳ᠋ᠠᠭᠰᠠᠨ ᠲᠠᠯ᠎ᠠ ᠪᠠᠶᠪᠠᠯ ᠵᠠᠷᠭᠤ ᠢᠯᠠᠭᠳ᠋ᠠᠭᠰᠠᠨ ᠲᠠᠯ᠎ᠠ ᠨᠢ ᠶᠠᠷᠢᠶᠠᠨ ᠦᠭᠡᠢ ᠳᠤᠷ᠎ᠠ ᠦᠭᠡᠶᠢᠴᠡᠬᠦ ᠶᠤᠮ ᠃ ᠮᠠᠨ ᠦ ᠬᠠᠷᠠᠯᠲᠠ ᠪᠣᠯ ᠲᠠᠢᠯᠤᠨ ᠳᠡᠶᠢᠯᠦᠭ᠍ᠳ᠋ᠡᠬᠦ ᠶᠢ ᠪᠦᠷ ᠪᠢᠰᠢᠷᠡᠨ᠎᠎ᠡ ᠂ ᠭᠡᠪᠡᠴᠦ ᠵᠠᠷᠢᠮ ᠳ᠋ᠠᠭᠠᠨ ᠦᠨ᠋ᠡᠬᠡᠷ ᠲᠤᠩ ᠬᠦᠴᠢᠷ ᠪᠠᠶᠳ᠋ᠠᠭ ︾ ᠭᠡᠵᠦ ᠬᠡᠯᠡᠪᠡ ᠃

 

16 ᠴᠠᠭ 10 ᠮᠢᠨ᠋ᠦ᠋ᠲ

 

ᠯᠢᠦ ᠰᠢᠭᠦᠭᠴᠢ ᠺᠣᠮᠫᠢᠦ᠋ᠲ᠋ᠦᠷ ᠤᠨ ᠡᠮᠦᠨ᠎᠎ᠡ ᠲᠠᠰᠤᠯᠤᠨ ᠲᠣᠭᠲᠠᠭᠠᠯᠲᠠ ᠶᠢᠨ ᠪᠢᠴᠢᠭ᠌ ᠬᠠᠷ᠎ᠠ ᠶᠢ ᠦᠷᠭᠦᠯᠵᠢᠯᠡᠨ ᠪᠢᠴᠢᠵᠦ ᠪᠠᠢᠨ᠎᠎ᠠ ᠃ ᠰᠢᠭᠦᠭᠴᠢ ᠶᠢᠨ ᠲᠤᠰᠠᠯᠠᠭᠴᠢ ᠣᠷᠣᠵᠤ ᠢᠷᠡᠭᠡᠳ ᠄ ︽ ᠯᠢᠦ ᠰᠢᠭᠦᠭᠴᠢ ᠂ ᠬᠤᠤ ᠵᠢᠶᠠ ᠭᠦ ᠪᠦ ᠬᠣᠷᠢᠶ᠎᠎ᠠ ᠶᠢᠨ ᠰᠢᠷᠢᠰ ᠬᠡᠷᠡᠭ᠌ ᠢ ᠪᠢ ᠨᠢᠭᠡᠨᠲᠡ ᠲᠤᠬᠠᠶ᠎ ᠶᠢᠨ ᠬᠥ᠋ᠮᠦᠨ ᠳ᠋ᠤ ᠪᠦᠬᠦᠨ ᠢ ᠮᠡᠳ᠋ᠡᠭ᠍ᠳ᠋ᠡᠪᠡ ᠂ ᠲᠢᠩᠬᠢᠮ ᠨᠡᠭᠡᠭᠡᠬᠦ ᠴᠠᠭ ᠢ ᠳᠠᠷᠠᠭ᠎᠎ᠠ ᠭᠠᠷᠠᠭ ᠤᠨ ᠬᠣᠶᠠᠷ ᠣᠨ ᠦᠳ᠋ᠡ ᠬᠣᠶᠢᠨ᠎᠎ᠠ ᠪᠣᠯᠲᠠᠯ᠎ᠠ ᠲᠣᠭᠲᠠᠭᠠᠪᠠ ︾ ᠭᠡᠪᠡ ᠃ ᠯᠢᠦ ᠰᠢᠭᠦᠭᠴᠢ ᠄ ︽ ᠪᠣᠯᠤᠨ᠎᠎ᠠ ᠃ ᠳᠠᠭᠤᠳ᠋ᠠᠬᠤ ᠪᠢᠴᠢᠭ᠌ ᠢ ᠴᠥ᠋ᠮ ᠬᠦᠷᠭᠡᠭ᠍ᠰᠡᠨ ᠦᠤ ︖ ︾ ᠰᠢᠭᠦᠬᠦ ᠲᠤᠰᠢᠶᠠᠯᠲᠠᠨ ᠦ ᠲᠤᠰᠠᠯᠠᠭᠴᠢ ᠄ ︽ ᠤᠲᠠᠰᠤ ᠨᠡᠪᠲᠡᠷᠡᠵᠦ ᠂ ᠲᠤᠬᠠᠶ᠎ ᠶᠢᠨ ᠬᠥ᠋ᠮᠥᠨ ᠨᠢ ᠬᠣᠯᠠ ᠪᠣᠯᠬᠣᠷ ᠳᠠᠭᠤᠳ᠋ᠠᠬᠤ ᠪᠢᠴᠢᠭ᠌ ᠢᠶᠡᠨ ᠠᠪᠴᠤ ᠢᠷᠡᠵᠦ ᠲᠠᠢᠯᠬᠤ ᠥᠬᠡᠶ᠎ ᠪᠣᠯᠵᠠᠶ᠎ ᠂ ᠲᠢᠩᠬᠢᠮ ᠨᠡᠭᠡᠭᠡᠬᠦ ᠣᠶᠢᠶ᠎᠎ᠠ ᠳ᠋ᠤ ᠵᠠᠪᠠᠯ ᠬᠦᠷᠴᠦ ᠢᠷᠡᠨ᠎᠎ᠡ ︾ ᠭᠡᠵᠡᠶ᠎ ᠃ ᠪᠢ ᠲᠡᠳ᠋ᠡᠨ ᠳ᠋ᠤ ᠴᠥ᠋ᠮ ᠣᠬᠣᠷ ᠮᠡᠳ᠋ᠡᠭᠡ ᠢᠯᠡᠭᠡᠭ᠍ᠰᠡᠨ ᠪᠥ᠋ᠭᠡᠳ ᠲᠡᠳ᠋ᠡ ᠪᠦᠷ ᠬᠠᠷᠢᠭᠤ ᠥᠭ᠍ᠭᠦᠭ᠍ᠰᠡᠨ ᠶᠤᠮ ︕ ᠯᠢᠦ ᠰᠢᠭᠦᠬᠦ ᠲᠤᠰᠢᠶᠠᠯᠲᠠᠨ ᠰᠤᠷᠪᠤᠯᠵᠢᠯᠠᠭᠴᠢ ᠳ᠋ᠤ ᠄ ︽ ᠬᠦᠷᠭᠡᠬᠦ ᠳ᠋ᠤ ᠬᠦᠴᠢᠷ ᠪᠠᠶᠬᠤ ᠨᠢ ᠦᠨ᠋ᠡᠨ ᠳ᠋ᠡᠭᠡᠨ ᠰᠢᠭᠦᠬᠦ ᠲᠤᠰᠢᠶᠠᠯᠲᠠᠨ ᠢ ᠵᠣᠪᠠᠭᠠᠬᠤ ᠨᠢᠭᠡᠨ ᠶᠡᠬᠡ ᠬᠦᠴᠢᠷ ᠠᠰᠠᠭᠤᠳ᠋ᠠᠯ ᠪᠣᠯᠤᠨ᠎᠎ᠠ ᠬᠠᠤᠯᠢ ᠴᠠᠭᠠᠵᠠ ᠶᠢ ᠦᠨᠳ᠋ᠦᠰᠦᠯᠡᠪᠡᠯ ᠂ ᠣᠬᠣᠷ ᠴᠢᠮᠡᠭᠡ ᠂ ᠡᠯᠦᠺᠲᠷᠣᠨ ᠰᠢᠤᠳ᠋ᠠᠨ ᠵᠦ᠋ᠢᠯ ᠂ ᠸᠢᠴᠠᠲ ᠵᠡᠷᠭᠡ ᠡᠯᠦᠺᠲ᠋ᠷᠣᠨ ᠢᠶᠡᠷ ᠬᠦᠷᠭᠡᠬᠦ ᠠᠷᠭ᠎᠎ᠠ ᠮᠠᠶᠢᠭ ᠨᠢ ᠴᠦ ᠪᠣᠯᠤᠨ᠎᠎ᠠ ᠂ ᠢᠩᠭᠢᠵᠦ ᠣᠬᠣᠷ ᠮᠡᠳ᠋ᠡᠭᠡ ᠶᠢ ᠬᠠᠷᠢᠭᠤᠯᠪᠠᠯ ᠳᠠᠷᠤᠶ᠎ ᠬᠦᠷᠭᠡᠵᠦ ᠥᠭ᠍ᠭᠦᠭ᠍ᠰᠡᠨ ᠶᠠᠪᠤᠳ᠋ᠠᠯ ᠪᠣᠯᠤᠨ᠎᠎ᠠ ᠃ ᠬᠡᠷᠪᠡ ᠴᠠᠬᠢᠮ ᠮᠡᠳ᠋ᠡᠭᠡ ᠶᠢ ᠬᠠᠷᠢᠭᠤᠯᠬᠤ ᠦᠭᠡᠢ ᠪᠣᠯ ᠪᠢᠳ᠋ᠡ ᠳ᠋ᠢᠶᠠᠩᠬᠤᠸᠠ ᠪᠠᠷ ᠰᠢᠩᠭᠡᠭᠡᠬᠦ ᠪᠤᠶᠤ ᠰᠢᠤᠳ᠋ᠠᠨ ᠢᠶᠡᠷ ᠢᠯᠡᠭᠡᠬᠦ ᠂ ᠡᠰᠡᠬᠦᠯ᠎ᠡ ᠪᠡᠶ᠎᠎ᠡ ᠪᠠᠷ ᠢᠶᠡᠨ ᠬᠦᠷᠭᠡᠬᠦ ᠬᠡᠷᠡᠭ᠍ᠲᠡᠶ᠎ ᠃ ᠵᠢᠷᠤᠮ ᠤᠨ ᠲᠥ᠋ᠪ ᠭᠣᠣᠯᠴᠢ ᠪᠠᠶᠬᠤ ᠪᠠ ᠪᠣᠳ᠋ᠠᠲᠤ ᠴᠣᠭᠴᠠ ᠶᠢᠨ ᠲᠥ᠋ᠪ ᠭᠣᠣᠯᠴᠢ ᠪᠠᠶᠬᠤ ᠨᠢ ᠠᠳ᠋ᠠᠯᠢᠬᠠᠨ ᠴᠢᠬᠤᠯᠠ ᠶᠤᠮ ᠃ ᠪᠢᠳ᠋ᠡ ᠵᠢᠷᠤᠮ ᠤᠨ ᠲᠠᠯ᠎ᠠ ᠪᠠᠷ ᠠᠰᠠᠭᠤᠳ᠋ᠠᠯ ᠭᠠᠷᠭᠠᠵᠤ ᠪᠣᠯᠬᠤ ᠦᠭᠡᠢ ︾ ᠭᠡᠵᠡᠶ᠎ ᠃

 

16 ᠴᠠᠭ 50 ᠮᠢᠨ᠋ᠦ᠋ᠲ

 

ᠰᠢᠭᠦᠨ ᠲᠠᠰᠤᠯᠬᠤ ᠳᠠᠷᠤᠭ᠎᠎ᠠ ᠠ᠋ᠴᠠ ᠵᠥ᠋ᠪᠯᠡᠨ ᠰᠢᠭᠦᠬᠦ ᠬᠡᠷᠡᠭ᠌ ᠲᠦ ᠮᠡᠳ᠋ᠡᠭ᠍ᠳ᠋ᠡᠨ᠎᠎ᠡ ᠃ ᠯᠢᠦ ᠰᠢᠭᠦᠭᠴᠢ ᠶᠢᠨ ᠲᠠᠰᠤᠯᠤᠨ ᠲᠣᠭᠲᠠᠭᠠᠯᠲᠠ ᠶᠢᠨ ᠪᠢᠴᠢᠭ᠌ ᠬᠠᠷ᠎ᠠ ᠶᠢ ᠴᠤ ᠪᠠᠷᠤᠭ ᠪᠢᠴᠢᠪᠡ ᠃ ᠬᠠᠮᠲᠤᠷᠠᠨ ᠵᠥ᠋ᠪᠯᠡᠬᠦ ᠳᠡᠪᠲᠡᠷ ᠢᠶᠡᠨ ᠠᠪᠴᠤ ᠂ ᠬᠠᠮᠲᠤᠷᠠᠨ ᠵᠥ᠋ᠪᠯᠡᠬᠦ ᠲᠢᠩᠬᠢᠮ ᠣᠨ ᠪᠦᠷᠢᠯᠳ᠋ᠦᠬᠦᠨ ᠂ ᠪᠢᠴᠢᠭᠡᠴᠢ ᠴᠥ᠋ᠮ ᠬᠠᠮᠲᠤᠷᠠᠨ ᠵᠥ᠋ᠪᠯᠡᠬᠦ ᠳᠠᠰᠤᠭ ᠲᠦ ᠢᠷᠡᠪᠡ ᠃ ᠳᠠᠭᠠᠭᠠᠨ ᠠᠪᠴᠤ ᠰᠢᠶᠳᠪᠦᠷᠢᠯᠡᠭ᠍ᠰᠡᠨ ᠰᠢᠭᠦᠬᠦ ᠲᠤᠰᠢᠶᠠᠯᠲᠠᠨ ᠬᠡᠷᠡᠭ᠌ ᠤᠨ ᠪᠠᠶᠢᠳ᠋ᠠᠯ ᠢ ᠬᠠᠷᠢᠭᠤ ᠮᠡᠳ᠋ᠡᠭᠦᠯᠵᠦ ᠂ ᠰᠢᠭᠦᠬᠦ ᠲᠤᠰᠢᠶᠠᠯᠲᠠᠨ ᠂ ᠰᠢᠭᠦᠨ ᠲᠠᠰᠤᠯᠬᠤ ᠳᠠᠷᠤᠭ᠎᠎ᠠ ᠢᠳ᠋ᠡᠪᠬᠢᠲᠡᠶ᠎ ᠪᠠᠷ ᠶᠠᠷᠢᠯᠴᠠᠪᠠ ᠃

 

17 ᠴᠠᠭ 45 ᠮᠢᠨ᠋ᠦ᠋ᠲ

 

ᠬᠣᠶᠠᠷ ᠬᠡᠷᠡᠭ᠌ ᠢ ᠵᠥ᠋ᠪᠯᠡᠨ ᠶᠠᠷᠢᠯᠴᠠᠭᠠᠳ ᠨᠢᠭᠡᠨᠲᠡ ᠠᠵᠢᠯ ᠠ᠋ᠴᠠ ᠪᠠᠭᠤᠬᠤ ᠴᠠᠭ ᠢ ᠥᠩᠭᠡᠷᠡᠪᠡ ᠃ ᠠᠯᠪᠠᠨ ᠭᠡᠷ ᠲᠡᠭᠡᠨ ᠪᠤᠴᠠᠵᠤ ᠢᠷᠡᠬᠦ ᠳ᠋ᠤ ᠂ ᠯᠢᠦ ᠰᠢᠭᠦᠭᠴᠢ ᠰᠢᠷᠡᠭᠡᠨ ᠳᠡᠭᠡᠷ᠎ᠡ ᠰᠢᠨ᠎᠎ᠡ ᠪᠠᠷ ᠬᠤᠪᠢᠶᠠᠵᠤ ᠣᠯᠤᠭᠰᠠᠨ ᠡᠷᠡᠭᠦᠦ ᠰᠢᠳᠬᠡᠯ ᠢ ᠬᠥ᠋ᠩᠭᠡᠯᠡᠬᠦ ᠬᠡᠷᠡᠭ᠌ ᠢ ᠣᠯᠵᠤ ᠦᠵᠡᠪᠡ ᠃ ᠲᠡᠷᠡ ᠪᠠᠰᠠ ᠬᠡᠷᠡᠭ᠌ ᠤᠨ ᠡᠪᠬᠡᠮᠡᠯ ᠢ ᠰᠡᠬᠦᠪᠡ ᠃ ᠲᠡᠷᠡ ᠢᠨ᠋ᠢᠶᠡᠮᠰᠦᠭᠯᠡᠨ ᠄ ︽ ᠥᠨ᠋ᠥᠳ᠋ᠥᠷ ᠡᠷᠲᠡ ᠪᠠᠢᠭᠰᠠᠭᠠᠷ ᠂ ᠲᠠᠬᠢᠭᠠᠳ ᠪᠠᠰᠠ ᠬᠣᠶᠠᠷ ᠡᠷᠡᠭᠦᠦ ᠰᠢᠳᠬᠡᠯ ᠢ ᠬᠥ᠋ᠩᠭᠡᠯᠡᠬᠦ ᠲᠥ᠋ᠰᠦᠯ ᠬᠢᠴᠢᠬᠡᠶ᠎᠎ᠡ ᠃ ᠬᠠᠷᠢᠭᠰᠠᠨ ᠦ ᠳᠠᠷᠠᠭ᠎᠎ᠠ ᠴᠤ ᠵᠦ᠋ᠭᠡᠷ ᠃ ᠲᠡᠷᠡ ᠵᠠᠯᠭᠠᠭᠠᠳ ᠄ ︽ ᠡᠷᠡᠭᠦᠦ ᠰᠢᠳᠬᠡᠯ ᠢ ᠨᠢ ᠬᠥ᠋ᠩᠭᠡᠷᠡᠭᠦᠯᠵᠦ ᠳᠠᠩᠰᠠᠨ ᠰᠤᠯᠠᠯᠠᠬᠤ ᠬᠡᠷᠡᠭ᠌ ᠢ ᠴᠥ᠋ᠮ ᠵᠥ᠋ᠪᠰᠢᠶᠡᠷᠡᠭ᠍ᠰᠡᠨ ᠶᠤᠮ ᠂ ᠨᠢᠭᠡ ᠪᠦᠯᠦᠭ᠌ ᠨᠢ ᠵᠠᠷᠢᠮ ᠳ᠋ᠠᠭᠠᠨ ᠵᠠᠭᠤ ᠭᠠᠷᠤᠶ᠎ ᠵᠦ᠋ᠢᠯ ᠪᠠᠶᠢᠵᠤ ᠂ ᠰᠢᠭᠦᠬᠦ ᠬᠤᠭᠤᠴᠠᠭ᠎᠎ᠠ ᠨᠢ ᠨᠢᠭᠡ ᠰᠠᠷ᠎ᠠ ᠪᠣᠯᠤᠨ᠎᠎ᠠ ᠃ ᠡᠢᠮᠦ ᠠ᠋ᠴᠠ ᠡᠷᠡᠭᠦᠦ ᠰᠢᠳᠬᠡᠯ ᠢ ᠨᠢ ᠬᠥ᠋ᠩᠭᠡᠷᠡᠭᠦᠯᠵᠦ ᠳᠠᠩᠰᠠᠨ ᠰᠤᠯᠠᠯᠠᠬᠤ ᠬᠡᠷᠡᠭ᠌ ᠲᠣᠭᠲᠠᠭᠰᠠᠨ ᠦ ᠲᠠᠷᠠᠭ᠎᠎ᠠ ᠪᠢᠳ᠋ᠡ ᠴᠠᠭ ᠨᠡᠮᠡᠵᠦ ᠠᠵᠢᠯᠯᠠᠬᠤ ᠬᠡᠷᠡᠭ᠍ᠲᠡᠶ᠎ ︾ ᠭᠡᠵᠦ ᠲᠣᠭᠲᠠᠭᠠᠵᠠᠶ᠎ ᠃

 

19 ᠴᠠᠭ 30 ᠮᠢᠨ᠋ᠦ᠋ᠲ

 

ᠯᠢᠦ ᠰᠢᠭᠦᠭᠴᠢ ᠬᠡᠷᠡᠭ᠌ ᠤᠨ ᠡᠪᠬᠡᠮᠡᠯ ᠢ ᠲᠢᠭᠯᠡᠵᠦ ᠂ ᠠᠯᠪᠠᠨ ᠭᠡᠷ ᠠ᠋ᠴᠠ ᠰᠠᠯᠪᠠ ᠃ ᠰᠤᠷᠪᠤᠯᠵᠢᠯᠠᠭᠴᠢ ᠄ ︽ ᠲᠠᠨ ᠤ ᠬᠠᠤᠯᠢ ᠲᠤᠰᠢᠶᠠᠯᠲᠠᠨ ᠡᠢᠮᠦ ᠵᠦ᠋ᠳ᠋ᠡᠷᠡᠯ ᠲᠡᠢ ᠪᠠᠢᠨ᠎᠎ᠠ ᠂ ᠮᠢᠨ᠋ᠦ ᠦᠵᠡᠬᠦ ᠪᠠᠷ ᠲᠠ ᠨᠢᠭᠡ ᠡᠳ᠋ᠦᠷ ᠴᠦ ᠠᠮᠠᠷᠠᠬᠤ ᠴᠠᠭ ᠦᠭᠡᠢ ᠪᠣᠯ ᠪᠠᠰᠠ ᠯᠠ ᠴᠠᠭ ᠨᠡᠮᠡᠵᠦ ᠠᠵᠢᠯᠯᠠᠬᠤ ᠬᠡᠷᠡᠭ᠍ᠲᠡᠶ᠎ ︾ ᠭᠡᠵᠦ ᠬᠡᠯᠡᠪᠡ ᠃ ᠯᠢᠦ ᠰᠢᠭᠦᠭᠴᠢ ᠢᠨ᠋ᠢᠶᠡᠮᠰᠦᠭᠯᠡᠭ᠍ᠰᠡᠭᠡᠷ ᠄ ︽ ᠪᠢᠳ᠋ᠡ ᠬᠠᠮᠤᠭ ᠵᠦ᠋ᠳ᠋ᠡᠷᠡᠯ ᠲᠡᠢ ᠪᠢᠰᠢ ᠂ ᠴᠢ ᠲᠣᠯᠣᠭᠠᠢ ᠥᠨᠳ᠋ᠡᠶᠢᠵᠦ ᠣᠶᠢᠵᠢᠨ ᠂ ᠪᠠᠰᠠ ᠳ᠋ᠦᠩ ᠠᠰᠠᠭᠠᠬᠤ ᠴᠣᠩᠬᠣ ᠪᠠᠢᠨ᠎᠎ᠠ ᠤᠤ ︖ ᠪᠢᠳ᠋ᠠ ᠺᠠᠳ᠋ᠷ ᠴᠠᠭᠳ᠋ᠠᠭ᠎᠎ᠠ ᠂ ᠪᠠᠰᠠ ᠦᠨᠳ᠋ᠦᠰᠦᠨ ᠱᠠᠲᠤᠨ ᠦ ᠰᠢᠭᠦᠬᠦ ᠬᠣᠷᠢᠶᠠᠨ ᠦ ᠨᠥ᠋ᠬᠥᠳ ᠂ ᠨᠠᠩ ᠵᠦ᠋ᠳ᠋ᠡᠷᠡᠯᠲᠡᠢ

 

ᠡᠨ᠋ᠡ ᠪᠣᠯ ᠡᠩ ᠤᠨ ᠨᠢᠭᠡᠨ ᠰᠢᠭᠦᠭᠴᠢ ᠶᠢᠨ ᠶᠡᠷᠦᠳ᠋ᠡ ᠶᠢᠨ ᠨᠢᠭᠡᠨ ᠡᠳ᠋ᠦᠷ ᠮᠥ᠋ᠨ ᠃ ᠬᠠᠤᠯᠢ ᠲᠦ᠋ᠰᠢᠮᠡᠯ ᠠ᠋ᠴᠠ ᠥᠨᠳ᠋ᠥᠷ ᠳᠡᠭᠡᠷ᠎ᠡ ᠰᠠᠭᠤᠵᠤ ᠂ ᠰᠦ᠋ᠷ ᠵᠢᠪᠬᠤᠯᠠᠩ ᠢᠶᠡᠷ ᠪᠢᠯᠬᠠᠵᠤ ᠂ ᠦᠬᠦᠵᠦ ᠰᠡᠬᠡᠬᠦ ᠪᠠ ᠪᠤᠯᠢᠶᠠᠵᠤ ᠠᠪᠬᠤ ᠶᠡᠬᠡ ᠡᠷᠬᠡ ᠶᠢ ᠡᠵᠡᠮᠰᠢᠵᠦ ᠪᠠᠢᠨ᠎᠎ᠠ ᠭᠡᠵᠦ ᠮᠠᠰᠢ ᠤᠯᠠᠨ ᠬᠥ᠋ᠮᠥᠨ ᠪᠣᠳ᠋ᠣᠵᠤ ᠮᠡᠳ᠋ᠡᠨ᠎᠎ᠡ ᠂ ᠦᠨ᠋ᠡᠨ ᠳ᠋ᠡᠭᠡᠨ ᠲᠡᠳ᠋ᠡ ᠪᠣᠯ ᠪᠠᠰᠠ ᠴᠤ ᠡᠪ ᠡᠩ ᠤᠨ ᠬᠥ᠋ᠮᠥᠨ ᠶᠤᠮ ᠂ ᠤᠴᠢᠷ ᠨᠢ ᠡᠨ᠋ᠡ ᠬᠦ ᠠᠵᠢᠯ ᠤᠨ ᠠᠷᠢᠭᠤᠨ ᠳᠠᠷᠬᠠᠨ ᠪᠥ᠋ᠭᠡᠳ ᠬᠠᠷᠢᠭᠤᠴᠠᠯᠭ᠎᠎ᠠ ᠨᠢ ᠬᠦᠨᠳ᠋ᠦ ᠶᠡᠬᠡ ᠂ ᠲᠡᠳ᠋ᠡ ᠮᠠᠰᠢ ᠤᠯᠠᠨ ᠡᠭᠦᠷᠭᠡ ᠶᠢ ᠡᠭᠦᠷᠭᠡᠯᠡᠵᠦ ᠂ ᠮᠠᠰᠢ ᠤᠯᠠᠨ ᠬᠦᠴᠦ ᠭᠠᠷᠭᠠᠭᠰᠠᠨ ᠶᠤᠮ ᠃ ᠴᠠᠭ ᠂ ᠣᠶᠣᠨ ᠴᠢᠳ᠋ᠠᠯ ᠂ ᠵᠠᠯᠠᠭᠤ ᠨᠠᠰᠤ ᠴᠢᠨ᠋ᠠᠭᠰᠢᠯᠠᠪᠠᠯ ᠨᠠᠰᠤᠨ ᠲᠤᠷᠰᠢᠳ᠋ᠠ ᠴᠥ᠋ᠮ ᠡᠳ᠋ᠦᠷ ᠲᠣᠲᠤᠮ ᠤᠨ ᠤᠲᠠᠰᠤ ᠲᠤᠰᠬᠤ ᠂ ᠰᠡᠵᠢᠭ᠌ ᠢ ᠨᠢ ᠬᠠᠷᠢᠭᠤᠯᠵᠤ ᠢᠳᠬᠠᠨ ᠲᠠᠶᠢᠯᠪᠤᠷᠢᠯᠠᠬᠤ ᠂ ᠲᠢᠩᠬᠢᠮ ᠨᠡᠭᠡᠭᠡᠵᠦ ᠬᠦᠷᠭᠡᠬᠦ ᠂ ᠬᠡᠷᠡᠭ᠌ ᠢ ᠬᠠᠮᠲᠤᠷᠠᠨ ᠵᠥ᠋ᠪᠯᠡᠬᠦ ᠂ ᠪᠢᠴᠢᠭ᠌ ᠬᠠᠷ᠎ᠠ ᠪᠢᠴᠢᠬᠦ ᠳᠤᠮᠳ᠋ᠠ ᠥᠩᠭᠡᠷᠡᠭᠦᠯᠦᠭ᠍ᠰᠡᠨ ᠶᠤᠮ ᠃ ᠶᠠᠭ ᠡᠳ᠋ᠡᠭᠡᠷ ᠡᠩ ᠤᠨ ᠪᠣᠯᠪᠠᠴᠤ ᠶᠡᠷᠦ ᠪᠤᠰᠤ ᠶᠢᠨ ᠠᠵᠢᠯ ᠬᠢᠵᠦ ᠪᠠᠶᠭ᠎᠎ᠠ ᠬᠠᠤᠯᠢ ᠴᠠᠭᠠᠵᠠ ᠶᠢᠨ ᠠᠵᠢᠯᠲᠠᠳ ᠪᠦᠬᠦ ᠬᠦᠴᠦᠨ ᠢᠶᠠᠷ ᠢᠶᠡᠨ ᠳᠤᠮᠳ᠋ᠠᠳ᠋ᠤ ᠤᠯᠤᠰ ᠠ᠋ᠴᠠ ᠬᠠᠤᠯᠢᠵᠢᠯ ᠤᠨ ᠪᠠᠭ᠎᠎ᠠ ᠳᠠᠪᠰᠢᠯᠲᠠ ᠶᠢ ᠠᠬᠢᠭᠤᠯᠵᠤ ᠪᠠᠢᠨ᠎᠎ᠠ ᠃

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )